ᠠᠷᠪᠠᠨ ᠰᠠᠷ᠎ᠠ ᠵᠢᠨ ᠬᠤᠷᠢᠨ ᠵᠢᠷᠭᠤᠭᠠᠨ ᠪ ᠡᠳᠦᠷ ᠂ ᠠᠮᠠᠷᠠᠯᠳᠠ ᠵᠢᠨ ᠡᠳᠦᠷ ᠶᠤᠮᠰᠠᠨᠵᠠᠢ᠃ ᠲᠦᠩᠯᠢᠶᠤᠤ ᠬᠤᠳᠠ ᠵᠢᠨ ᠮᠤᠩᠭᠤᠯ ᠳᠤᠮᠳᠠᠳᠤ ᠰᠤᠷᠭᠠᠭᠤᠯᠢ ᠵᠢᠨ ᠰᠤᠷᠤᠭᠴᠢᠳ ᠭᠡᠷ ᠲᠡᠭᠡᠨ ᠬᠠᠷᠢᠵᠤ ᠂ ᠰᠤᠷᠭᠠᠭᠤᠯᠢ ᠵᠢᠨ ᠬᠦᠷᠢᠶ᠎ᠡ ᠬᠤᠭᠤᠰᠤᠷᠠᠵᠤ ᠪᠠᠢᠪᠠ ᠃ ᠶᠠᠭ ᠲᠡᠷᠡ ᠡᠳᠦᠷ ᠦᠨ ᠦᠳᠡ ᠵᠢᠨ ᠬᠤᠢᠨ᠎ᠡ᠂ ᠠᠵᠢᠯᠴᠢᠳ ᠲᠦᠩᠯᠢᠶᠤᠤ ᠬᠤᠳᠠ ᠵᠢᠨ ᠮᠣᠩᠭᠤᠯ ᠳᠤᠮᠳᠠᠳᠤ ᠰᠤᠷᠭᠠᠭᠤᠯᠢ ᠳᠤ ᠴᠤᠭᠯᠠᠷᠠᠨ ᠴᠢᠮᠡᠭᠡ ᠦᠭᠡᠢ ᠠᠵᠢᠯᠯᠠᠵᠤ ᠪᠠᠢᠵᠠᠢ ᠃ ᠦᠵᠡᠰᠡ ᠂ ᠰᠤᠷᠭᠠᠭᠤᠯᠢ ᠵᠢᠨ ᠠᠰᠠᠷ ᠲᠤ ᠪᠤᠰᠬᠠᠭᠰᠠᠨ ᠳᠠᠯᠠᠨ ᠨᠢᠭᠡᠨ ᠵᠢᠯ ᠦᠨ ᠲᠡᠦᠬᠡ ᠲᠠᠢ ᠮᠤᠨᠭᠭᠤᠯ ᠰᠤᠷᠭᠠᠭᠤᠯᠢ ᠵᠢᠨ ᠨᠡᠷ᠎ᠡ ᠵᠢ ᠤᠨᠠᠭᠠᠬᠤ ᠪᠡᠷ ᠠᠵᠢᠯᠯᠠᠵᠤ ᠪᠠᠢᠭᠰᠠᠨ ᠪᠠᠢᠵᠠᠢ ᠃ ᠡᠭᠦᠨ ᠢ ᠨᠢ ᠵᠠᠮ ᠵᠢᠡᠷ ᠦᠨᠭᠭᠡᠷᠡᠬᠦ ᠬᠦᠮᠦᠰ ᠬᠠᠷᠠᠭᠠᠳ ᠭᠠᠷ ᠤᠳᠠᠰᠤ ᠪᠡᠷ ᠵᠢᠡᠨ ᠰᠡᠭᠦᠳᠡᠷᠯᠡᠵᠦ ᠠᠪᠤᠭᠰᠠᠨ ᠨᠢ ᠂ ᠮᠤᠩᠭᠤᠯ ᠰᠤᠷᠭᠠᠭᠤᠯᠢ ᠵᠢᠨ ᠡᠴᠦᠰ ᠦᠨ ᠨᠢᠭᠡᠨ ᠬᠤᠷᠤᠮ ᠭᠡᠮᠡᠷᠬᠡᠨ ᠪᠤᠯᠵᠤ ᠪᠠᠢᠯ᠎ᠠ᠃ ᠴᠠᠭ ᠬᠢᠷᠢᠳᠡᠢ ᠯᠡ ᠪᠤᠯᠪᠠ ᠦᠦ ᠳᠠ ᠲᠦᠩᠯᠢᠶᠤᠤ ᠬᠤᠶᠠᠳᠤᠭᠠᠷ ᠲᠤᠮᠳᠠᠳᠤ ᠰᠤᠷᠭᠠᠭᠤᠯᠢ ᠭᠡᠳᠡᠭ ᠰᠢᠨ᠎ᠡ ᠢᠯᠡᠷᠬᠡᠢᠯᠡᠯ ᠪᠤᠰᠬᠠᠭᠳᠠᠨ᠂ ᠮᠤᠩᠭᠤᠯ ᠭᠡᠳᠡᠭ ᠦᠰᠦᠭ ᠢ ᠨᠢ ᠬᠤᠶᠠᠳᠤᠭᠠᠷ ᠭᠡᠳᠡᠭ ᠵᠢᠡᠷ ᠰᠤᠯᠢᠴᠢᠬᠠᠭᠰᠠᠨ ᠪᠠᠢᠵᠠᠢ᠃
ᠭᠠᠷᠠᠭ ᠦᠨ ᠨᠢᠭᠡᠨ ᠪ ᠦᠷᠯᠦᠭᠡ ᠂ ᠰᠤᠷᠤᠭᠴᠢᠳ ᠵᠤᠷᠰᠢᠯ ᠶᠤᠰᠤᠭᠠᠷ ᠰᠤᠷᠭᠠᠭᠤᠯᠢ ᠳᠦ ᠪᠡᠨ ᠢᠷᠡᠭᠰᠡᠨ ᠪᠤᠯᠪᠠᠴᠦ ᠰᠢᠨ᠎ᠡ ᠰᠤᠷᠭᠠᠭᠤᠯᠢ ᠵᠢᠨ ᠨᠡᠷ᠎ᠡ ᠵᠢ ᠬᠠᠷᠠᠭᠠᠳ ᠰᠤᠴᠢᠵᠤ ᠭᠠᠢᠬᠠᠰᠢᠷᠠᠬᠤ ᠂ ᠵᠤᠪᠠᠵᠤ ᠭᠠᠰᠢᠭᠤᠳᠠᠨ ᠪᠠᠢᠭᠰᠠᠨ ᠢ ᠬᠡᠯᠡᠬᠦ ᠶᠠᠭᠤᠨ᠃ ᠲᠡᠷᠡ ᠴᠠᠭ ᠡᠴᠡ ᠡᠬᠢᠯᠡᠨ ᠪᠦᠬᠦ ᠠᠯᠪᠠᠨ ᠪᠦᠷᠢᠳᠭᠡᠯ ᠂ ᠰᠤᠷᠤᠭᠴᠢᠳ ᠦᠨ ᠳᠠᠨᠭᠰᠠ ᠡᠪᠬᠢᠮᠡᠯ ᠭᠡᠬᠦᠴᠢᠯᠡᠨ ᠪᠦᠬᠦ ᠵᠦᠢᠯ ᠳᠤ ᠯᠡ ᠰᠢᠨ᠎ᠡ ᠨᠡᠷ᠎ᠡ ᠵᠢ ᠲᠠᠮᠠᠭᠠᠯᠠᠬᠤ ᠪᠤᠯᠤᠨ᠎ᠠ᠃ ᠬᠡᠳᠦᠢ ᠲᠡᠢᠮᠦ ᠪᠠᠢᠭᠰᠠᠨ ᠪᠤᠯᠪᠠᠴᠦ ᠠᠯᠪᠠᠨ ᠪ ᠲᠠᠯ᠎ᠠ ᠵᠢᠨ ᠬᠢᠨ ᠡᠴᠡ ᠲᠠᠢᠯᠪᠤᠷᠢᠯᠠᠭᠰᠠᠨ ᠵᠦᠢᠯ ᠠᠯᠠᠭ᠎ᠠ ᠂ ᠲᠤᠬᠠᠢ ᠵᠢᠨ ᠡᠳᠦᠷ ᠦᠨ ᠲᠦᠩᠯᠢᠶᠤᠤ ᠡᠳᠦᠷ ᠦᠨ ᠰᠤᠨᠢᠨ ᠢ ᠰᠡᠬᠦᠵᠦ ᠦᠵᠡᠪᠡᠯ ᠵᠦᠩᠭᠦᠸᠸ ᠵᠢᠨ ᠲᠦᠪ ᠬᠤᠷᠢᠶᠠᠨ ᠪ ᠬᠢᠨ ᠨᠠᠮ ᠦᠨ ᠪᠤᠰᠤ ᠲᠦᠯᠦᠭᠡᠯᠡᠭᠴᠢᠳ ᠲᠠᠢ ᠬᠤᠷᠠᠯᠳᠤᠪᠠ ᠂ ᠰᠢ ᠵᠢᠨ ᠫᠢᠩ ᠴᠢᠬᠤᠯᠠ ᠶᠠᠷᠢᠶ᠎ᠠ ᠲᠠᠯᠪᠢᠵᠠᠢ ᠭᠡᠬᠦ ᠦᠰᠦᠭ ᠯᠡ ᠬᠠᠷᠠᠭᠳᠠᠨ᠎ᠠ᠃
ᠬᠡᠪᠯᠡᠯ ᠮᠡᠳᠡᠭᠡᠯᠡᠯᠦᠨ ᠳᠤᠲᠠᠮᠠᠭ ᠡᠴᠡ ᠴᠤᠬᠤᠮ ᠬᠡᠴᠢᠨᠡᠨ ᠮᠤᠩᠭᠤᠯ ᠰᠤᠷᠭᠠᠭᠤᠯᠢ ᠵᠢᠨ ᠨᠡᠷ᠎ᠡ ᠵᠢ ᠦᠭᠡᠷᠡᠴᠢᠯᠡᠭᠰᠡᠨ ᠪᠤᠢ ᠭᠡᠳᠡᠭ ᠠᠰᠠᠭᠤᠯᠳᠠ ᠯᠡ ᠤᠯᠠᠮ ᠡᠴᠡ ᠳᠤᠪᠤᠢᠵᠤ ᠪᠠᠢᠵᠠᠢ ᠃ ᠲᠤᠰ ᠰᠤᠨᠢᠨ ᠪ ᠰᠤᠷᠪᠤᠯᠵᠢᠯᠠᠭᠴᠢ ᠡᠴᠡ ᠠᠯᠪᠠᠨ ᠲᠠᠯ᠎ᠠ ᠵᠢᠨ ᠮᠡᠳᠡᠭᠡᠯᠡᠯ ᠢ ᠬᠡᠴᠢᠨᠡᠨ ᠤᠷᠪᠠᠭᠤᠯᠵᠤ ᠦᠵᠡᠭᠰᠡᠨ ᠪᠤᠯᠪᠠᠴᠦ ᠬᠡᠷᠡᠭᠳᠡᠢ ᠮᠡᠳᠡᠭᠡᠯᠡᠯ ᠤᠯᠵᠤ ᠴᠢᠳᠠᠭ᠎ᠠ ᠦᠭᠡᠢ ᠃ ᠬᠠᠷᠢᠨ ᠰᠡᠭᠦᠯ ᠳᠤ ᠨᠢ ᠂ ᠸᠢᠴᠠᠲ ᠡᠴᠡ ᠰᠦᠪᠡᠭᠴᠢ ᠤᠯᠤᠭᠰᠠᠨ ᠨᠢ ᠶᠡᠬᠡ ᠠᠵᠠᠳᠠᠢ ᠪᠤᠯᠵᠠᠢ᠃
ᠶᠡᠷᠦᠨᠢ ᠦᠪᠡᠷᠲᠡᠭᠡᠨ ᠵᠠᠰᠠᠬᠤ ᠤᠷᠤᠨ ᠬᠡᠪᠴᠢᠶᠡᠨ ᠳᠦ ᠡᠢᠮᠦᠷᠬᠦ ᠵᠦᠢᠯ ᠦᠨᠦ ᠶᠠᠭ ᠶᠠᠪᠤᠭᠳᠠᠵᠤ ᠪᠠᠢᠨ᠎ᠠ᠃ ᠠᠢᠮᠠᠭ ᠂ ᠬᠤᠳᠠ ᠂ ᠰᠤᠮᠤ ᠂ ᠪᠠᠯᠭᠠᠰᠤ ᠂ ᠭᠠᠴᠠᠭ᠎ᠠ ᠭᠡᠬᠦᠴᠢᠯᠡᠨ ᠪᠦᠬᠦ ᠭᠠᠵᠠᠷ ᠦᠨ ᠮᠤᠩᠭᠤᠯ ᠰᠤᠷᠭᠠᠭᠤᠯᠢ ᠵᠢᠨ ᠨᠡᠷ᠎ᠡ ᠵᠢ ᠦᠭᠡᠷᠡᠴᠢᠯᠡᠵᠦ ᠪᠠᠢᠨ᠎ᠠ᠃ ᠵᠦᠨᠭᠭᠦᠸᠸ ᠵᠢᠨ ᠲᠢᠺ ᠲᠤᠺ ᠲᠡᠭᠡᠷ᠎ᠡ ᠮᠤᠩᠭᠤᠯᠴᠤᠳ ᠡᠬᠡ ᠰᠤᠷᠭᠠᠭᠤᠯᠢ ᠲᠠᠢ ᠪᠡᠨ ᠬᠠᠮᠳᠤ ᠭᠡᠬᠦ ᠦᠰᠦᠭ ᠵᠢᠡᠷ ᠪᠢᠴᠢᠯᠭᠡ ᠭᠠᠷᠭᠠᠨ ᠳᠠᠪᠠᠯᠭᠠᠯᠠᠵᠤ ᠪᠠᠢᠨ᠎ᠠ᠃
ᠪᠢ ᠵᠠᠭᠤ ᠭᠠᠷᠤᠢ ᠠᠯᠪᠠᠨ ᠪ ᠸᠢᠴᠠᠲ ᠳᠤᠭᠠᠷ ᠦᠨ ᠰᠡᠭᠦᠳᠡᠷ ᠵᠢᠷᠤᠭ ᠢ ᠤᠯᠤᠭᠰᠠᠨ ᠪᠦᠭᠡᠳ 54 ᠬᠠᠭᠤᠳᠠᠰᠦ ᠪᠦᠬᠦᠢ ᠵᠠᠰᠠᠭ ᠦᠨ ᠤᠷᠳᠤᠨ ᠪ ᠰᠢᠨ᠎ᠡ ᠵᠠᠭᠤᠴᠢᠯᠠᠭᠤᠷ ᠦᠨ ᠮᠡᠳᠡᠭᠡᠯᠡᠯ ᠦᠨ ᠰᠢᠰᠲᠸᠮ ᠭᠡᠬᠦ ᠪᠢᠴᠢᠭ ᠢ ᠤᠯᠵᠠᠢ ᠃ ᠡᠳᠡᠭᠡᠷ ᠪᠢᠴᠢᠭ ᠪᠠᠷᠢᠮᠳᠠ ᠵᠢ ᠦᠵᠡᠪᠡᠯ᠂ ᠰᠤᠷᠭᠠᠭᠤᠯᠢ ᠵᠢᠨ ᠨᠡᠷ᠎ᠡ ᠵᠢ ᠦᠭᠡᠷᠡᠴᠢᠯᠡᠭᠰᠡᠨ ᠨᠢ ᠠᠯᠪᠠᠨ ᠲᠠᠯ᠎ᠠ ᠵᠢᠨ ᠰᠢᠰᠲᠸᠮ ᠲᠠᠢ ᠠᠵᠢᠯᠯᠠᠭ᠎ᠠ ᠭᠡᠳᠡᠭ ᠨᠢ ᠲᠤᠳᠤᠷᠬᠠᠢ ᠬᠠᠷᠠᠭᠳᠠᠵᠤ ᠪᠠᠢᠨ᠎ᠠ᠃
ᠵᠦᠩᠭᠦᠸᠸ ᠳᠤ ᠂ ᠸᠢᠴᠠᠲ ᠤ᠋ᠨ ᠠᠯᠪᠠᠨ ᠳᠤᠭᠠᠷ ᠢ ᠬᠡᠨ ᠨᠢᠭᠡᠨ ᠰᠤᠯᠢᠵᠤ ᠪᠤᠯᠳᠠᠭ ᠦᠭᠡᠢ ᠂ ᠵᠠᠪᠠᠯ ᠠᠯᠪᠠᠨ ᠪᠠᠢᠭᠤᠯᠤᠯᠭ᠎ᠠ ᠵᠢᠨ ᠵᠢᠡᠨ ᠨᠡᠢᠭᠡᠮᠴᠢᠯᠡᠭᠰᠡᠨ ᠳᠤᠭᠠᠷ ᠢ ᠬᠡᠷᠡᠭᠯᠡᠭᠰᠡᠨ ᠪᠠᠢᠬᠤ ᠬᠡᠷᠡᠭᠳᠡᠢ ᠃ ᠸᠢᠴᠠᠲ ᠤ᠋ᠨ ᠠᠯᠪᠠᠨ ᠲᠠᠯ᠎ᠠ ᠵᠢᠨ ᠲᠠᠢᠯᠪᠤᠷᠢ ᠳᠤ ᠵᠠᠪᠠᠯ ᠠᠯᠪᠠᠨ ᠪ ᠪᠠᠩᠬᠢ ᠵᠢᠨ ᠳᠤᠭᠠᠷ ᠂ ᠪᠠᠢᠭᠤᠯᠤᠯᠭ᠎ᠠ ᠵᠢᠨ ᠨᠢᠭᠡᠳᠦᠯᠳᠡᠢ ᠳᠤᠭᠠᠷ ᠂ ᠵᠢᠴᠢ ᠠᠯᠪᠠᠨ ᠪ ᠲᠠᠮᠠᠭ᠎ᠠ ᠲᠠᠢ ᠪᠢᠴᠢᠭ ᠲᠤᠰᠢᠶᠠᠵᠤ ᠪᠠᠢᠮᠠᠨᠵᠢᠨ ᠸᠢᠴᠠᠲ ᠠᠯᠪᠠᠨ ᠳᠤᠭᠠᠷ ᠦᠨ ᠨᠡᠷ᠎ᠡ ᠵᠢ ᠬᠠᠯᠠᠵᠤ ᠪᠤᠯᠤᠨ᠎ᠠ ᠭᠡᠵᠡᠢ᠃
ᠦᠭᠡᠷ᠎ᠡ ᠪᠡᠷ ᠬᠡᠯᠡᠪᠡᠯ ᠂ ᠵᠦᠨᠭᠭᠦᠸᠸ ᠳᠦ ᠸᠢᠴᠠᠲ ᠤ᠋ᠨ ᠠᠯᠪᠠᠨ ᠳᠤᠭᠠᠷ ᠨᠢ ᠨᠢᠭᠡᠨᠳᠡ ᠠᠯᠪᠠᠨ ᠪ ᠪᠠᠭᠠᠵᠢ ᠪᠤᠯᠵᠠᠢ ᠯᠡ ᠭᠡᠰᠡᠨ ᠦᠭᠡ᠃ ᠲᠡᠭᠡᠬᠦ ᠳᠦ ᠪᠡᠨ ᠸᠢᠴᠠᠲ ᠤ᠋ᠨ ᠠᠯᠪᠠᠨ ᠳᠤᠭᠠᠷ ᠦᠨ ᠵᠢᠡᠨ ᠨᠡᠷ᠎ᠡ ᠵᠢ ᠦᠭᠡᠷᠡᠴᠢᠯᠡᠭᠰᠡᠨ ᠪ ᠰᠤᠷᠭᠠᠭᠤᠯᠢ ᠵᠢᠨ ᠨᠡᠷ᠎ᠡ ᠪᠡᠨ ᠦᠭᠡᠷᠡᠴᠢᠯᠡᠭᠰᠡᠨ ᠪ ᠬᠢᠨᠢ ᠭᠡᠷᠡᠴᠢ ᠪᠤᠯᠬᠤ ᠠᠵᠢ᠃
ᠶᠠᠭ ᠡᠢᠮᠦ ᠪᠠᠢᠭᠰᠠᠨ ᠡᠴᠡ ᠰᠤᠷᠭᠠᠭᠤᠯᠢ ᠵᠢᠨ ᠨᠡᠷ᠎ᠡ ᠵᠢ ᠦᠭᠡᠷᠡᠴᠢᠯᠡᠭᠰᠡᠨ ᠨᠢ ᠨᠡᠷ᠎ᠡ ᠲᠡᠳᠦᠢ ᠪᠢᠰᠢ ᠬᠠᠷᠢᠨ 2020 ᠤᠨ ᠪ ᠡᠰᠡᠷᠭᠦᠴᠡᠯ ᠡᠴᠡ ᠨᠠᠰᠢ ᠂ ᠵᠦᠨᠭᠭᠦᠸᠸ ᠵᠢᠨ ᠵᠠᠰᠠᠭ ᠰᠢᠰᠲᠸᠮ ᠲᠠᠢ ᠪᠡᠷ ᠮᠤᠩᠭᠤᠯ ᠭᠡᠳᠡᠭ ᠨᠡᠷ᠎ᠡ ᠵᠢ ᠨᠡᠢᠭᠡᠮ ᠲᠡᠭᠡᠷ᠎ᠡ ᠡᠴᠡ ᠠᠷᠴᠢᠵᠤ ᠠᠷᠢᠯᠭᠠᠬᠤ ᠬᠦᠳᠡᠯᠭᠡᠭᠡᠨ ᠪ ᠬᠢᠨ ᠨᠢᠭᠡ ᠬᠡᠰᠡᠭ ᠪᠤᠯᠵᠤ ᠪᠠᠢᠨ᠎ᠠ᠃
ᠡᠳᠡᠭᠡᠷ ᠪᠢᠴᠢᠭ ᠡᠴᠡ ᠳᠠᠷᠠᠭᠠᠬᠢ ᠳᠦᠷᠪᠡᠨ ᠵᠦᠢᠯ ᠢ ᠤᠢᠯᠠᠭᠠᠵᠤ ᠪᠤᠯᠤᠨ᠎ᠠ᠃ ᠨᠢᠭᠡᠳᠦᠭᠡᠷ ᠲᠤ ᠂ ᠰᠤᠷᠭᠠᠭᠤᠯᠢ ᠵᠢᠨ ᠨᠡᠷ᠎ᠡ ᠵᠢ ᠶᠠᠭᠠᠬᠢᠵᠤ ᠦᠭᠡᠷᠡᠴᠢᠯᠡᠭᠰᠡᠨ ᠂ ᠬᠡᠵᠢᠶ᠎ᠡ ᠦᠭᠡᠷᠡᠴᠢᠯᠡᠭᠰᠡᠨ ᠃ ᠬᠤᠶᠠᠳᠤᠭᠠᠷ ᠲᠤ᠂ ᠨᠡᠷ᠎ᠡ ᠰᠤᠯᠢᠬᠤ ᠨᠢ ᠳᠠᠨᠭ ᠭᠠᠭᠴᠠ ᠵᠠᠰᠠᠭ ᠵᠠᠬᠢᠷᠭᠠᠨ ᠪ ᠲᠠᠯ᠎ᠠ ᠪᠢᠰᠢ᠂ ᠲᠤᠭᠠᠴᠢᠯᠠᠯ ᠦᠨ ᠳᠠᠷᠤᠩᠭᠤᠢᠯᠠᠯᠳᠤ ᠵᠠᠰᠠᠭ ᠦᠨ ᠤᠨᠴᠠᠯᠢᠭ ᠬᠠᠷᠠᠭᠳᠠᠵᠤ ᠪᠠᠢᠨ᠎ᠠ᠃ ᠭᠤᠷᠪᠠᠳᠤᠭᠠᠷ ᠲᠤ᠂ ᠪᠦᠬᠦ ᠰᠤᠷᠭᠠᠭᠤᠯᠢ ᠵᠢᠨ ᠨᠡᠷ᠎ᠡ ᠵᠢ ᠭᠱᠠᠨ ᠵᠠᠭᠤᠷ᠎ᠠ ᠪᠦᠬᠦᠨ ᠢ ᠦᠭᠡᠷᠡᠴᠢᠯᠡᠭᠰᠡᠨ ᠪᠢᠰᠢ ᠂ ᠰᠢᠰᠲᠸᠮ ᠲᠠᠢ ᠪᠡᠷ᠂ ᠠᠯᠬᠤᠮ ᠳᠠᠷᠠᠭ᠎ᠠ ᠲᠠᠢ ᠪᠡᠷ ᠦᠭᠡᠷᠡᠴᠢᠯᠡᠵᠡᠢ᠃ ᠳᠦᠷᠪᠡᠳᠦᠭᠡᠷ ᠲᠤ᠂ ᠡᠷᠬᠡ ᠬᠦᠴᠦ ᠬᠢᠭᠡᠳ ᠲᠸᠭᠨᠢᠭ ᠮᠡᠷᠭᠡᠵᠢᠯ ᠬᠡᠷᠬᠢᠨ ᠤᠶᠠᠯᠳᠤᠵᠤ ᠪᠠᠢᠭ᠎ᠠ ᠪᠤᠢ︖ ᠨᠢᠭᠡ ᠨᠢᠭᠡᠨ ᠵᠢᠡᠨ ᠬᠡᠷᠬᠢᠨ ᠱᠤᠭᠤᠵᠤ ᠪᠤᠢ ᠭᠡᠳᠡᠭ ᠢ ᠬᠠᠷᠠᠵᠤ ᠪᠤᠯᠤᠨ᠎ᠠ᠃
ᠡᠨᠳᠡ ᠳᠠᠷᠤᠵᠤ ᠪᠦᠷᠢᠳᠭᠡᠯ ᠬᠦᠰᠦᠨᠦᠭᠳᠦ ᠵᠢ ᠦᠵᠡᠭᠡᠷᠡᠢ᠃
ᠡᠨᠳᠡ ᠳᠠᠷᠤᠵᠤ ᠰᠡᠭᠦᠳᠡᠷ ᠵᠢᠷᠤᠭ ᠢ ᠦᠵᠡᠭᠡᠷᠡᠢ᠃
ᠡᠨᠡ ᠬᠡᠷᠡᠭ ᠢ ᠠᠪᠤᠨ ᠦᠵᠡᠬᠦ ᠳᠦ ᠬᠡᠨ ᠨᠢᠭᠡᠨ ᠭᠡᠮᠳᠦᠵᠦ ᠬᠤᠬᠢᠷᠠᠭᠰᠠᠨ ᠭᠡᠵᠦ ᠬᠡᠯᠡᠬᠦ ᠠᠷᠭ᠎ᠠ ᠦᠭᠡᠢ ᠃ ᠨᠡᠷ᠎ᠡ ᠭᠡᠭᠡᠭᠳᠡᠵᠦ ᠤᠷᠬᠢᠭᠳᠠᠵᠤ ᠪᠠᠢᠭ᠎ᠠ ᠨᠢ ᠶᠡᠷᠦᠨᠭᠬᠡᠢ ᠳᠦ ᠪᠡᠨ ᠵᠠᠰᠠᠭᠦᠨ ᠪᠤᠳᠤᠯᠭ᠎ᠠ᠃ ᠭᠡᠬᠦ ᠳᠦ ᠪᠡᠨ ᠶᠠᠭ ᠡᠢᠮᠦ ᠪᠤᠯᠬᠤᠷ ᠪᠦᠬᠦ ᠵᠦᠢᠯ ᠨᠢ ᠨᠢᠭᠤᠭᠳᠠᠮᠠᠯ ᠪᠠᠢᠳᠠᠯ ᠵᠢᠡᠷ ᠶᠠᠪᠤᠭᠳᠠᠵᠤ ᠪᠠᠢᠭ᠎ᠠ ᠲᠡᠳᠦᠢ ᠦᠭᠡᠢ ᠨᠡᠢᠭᠡᠮ ᠨᠡᠢᠳᠡ ᠳᠦ ᠵᠦᠪ ᠶᠤᠰᠤ ᠪᠡᠷ ᠤᠷᠤᠰᠢᠬᠤ ᠶᠤᠰᠤᠳᠠᠢ ᠨᠡᠷ᠎ᠡ ᠲᠤᠮᠢᠶ᠎ᠠ ᠬᠤᠪᠢᠷᠭᠠᠭᠳᠠᠨ ᠪᠠᠢᠨ᠎ᠠ᠃ ᠡᠭᠦᠨ ᠪ ᠤᠯᠠᠮ ᠵᠢᠡᠷ ᠮᠤᠩᠭᠤᠯ ᠭᠡᠳᠡᠭ ᠨᠡᠷ᠎ᠡ ᠭᠡᠮᠳᠦᠵᠦ ᠬᠤᠬᠢᠷᠠᠵᠠᠢ᠃
ᠪᠠᠢ ᠰᠦᠯᠵᠢᠶᠡᠨ ᠡᠴᠡ ᠲᠦᠨᠭᠯᠢᠶᠤᠤ ᠮᠤᠩᠭᠤᠯ ᠳᠤᠮᠳᠠᠳᠤ ᠰᠤᠷᠭᠠᠭᠤᠯᠢ ᠭᠡᠵᠦ ᠬᠠᠢᠬᠤ ᠳᠦ ᠨᠠᠭᠠᠳᠤᠬᠢ ᠰᠤᠷᠭᠠᠭᠤᠯᠢ ᠮᠠᠨᠢ ᠲᠦᠨᠭᠯᠢᠶᠤᠤ ᠬᠤᠶᠠᠳᠤᠭᠠᠷ ᠳᠤᠮᠳᠠᠳᠤ ᠰᠤᠷᠭᠠᠭᠤᠯᠢ ᠭᠡᠵᠦ ᠢᠯᠡᠷᠡᠵᠦ ᠪᠠᠢᠨ᠎ᠠ᠃ ᠬᠠᠭᠤᠴᠢᠨ ᠨᠡᠷ᠎ᠡ ᠨᠢ ᠶᠠᠭᠠᠬᠢᠬᠤ ᠵᠢᠨ ᠠᠷᠭ᠎ᠠ ᠦᠭᠡᠢ ᠠᠷᠴᠢᠭᠳᠠᠯᠠ᠃ ᠭᠡᠬᠦ ᠳᠤ ᠪᠡᠨ google ᠵᠢᠡᠷ ᠬᠠᠢᠪᠠᠯ ᠲᠦᠩᠯᠢᠶᠤᠤ ᠮᠤᠩᠭᠤᠯ ᠳᠤᠮᠳᠠᠳᠤ ᠰᠤᠷᠭᠠᠭᠤᠯᠢ ᠭᠡᠵᠦ ᠢᠯᠡᠷᠡᠵᠦ ᠪᠠᠢᠨ᠎ᠠ᠂ ᠡᠭᠦᠨ ᠵᠢᠡᠷ ᠦᠵᠡᠬᠦ ᠳᠦ ᠢᠷᠡᠭᠡᠳᠦᠢ ᠳᠤ ᠬᠢᠯᠢ ᠵᠢᠨ ᠭᠠᠳᠠᠨᠠᠬᠢ ᠮᠤᠩᠭᠤᠯᠴᠤᠳ ᠲᠡᠦᠬᠡ ᠪᠤᠯᠬᠤ ᠵᠦᠢᠯᠡᠰ ᠵᠢᠡᠨ ᠢᠩᠭᠢᠵᠦ ᠳᠤᠷᠠᠰᠬᠤ ᠶᠤᠮ ᠪᠤᠯᠪᠠ ᠦᠦ
ᠭᠡᠬᠦ ᠳᠤ ᠪᠡᠨ ᠬᠡᠵᠢᠶ᠎ᠡ ᠨᠢᠭᠡ ᠡᠳᠦᠷ google ᠵᠢᠨ ᠬᠢᠨ ᠰᠢᠨ᠎ᠡ ᠨᠡᠷ᠎ᠡ ᠵᠢ ᠨᠢ ᠬᠡᠷᠡᠭᠯᠡᠬᠦ ᠪᠤᠯᠤᠨ᠎ᠠ᠃ ᠵᠦᠩᠭᠦᠸᠸ ᠳᠤ ᠰᠤᠷᠭᠠᠭᠤᠯᠢ ᠵᠢᠨ ᠨᠡᠷ᠎ᠡ ᠪᠦᠬᠦ ᠠᠯᠪᠠᠨ ᠪ ᠳᠠᠨᠭᠰᠠᠨ ᠳᠦ ᠬᠠᠮᠤᠷᠠᠭᠳᠠᠬᠤ ᠪᠦᠭᠡᠳ ᠤᠯᠠᠨ ᠤᠯᠤᠰ ᠦᠨ ᠨᠡᠢᠭᠡᠮ ᠬᠦᠷᠳᠡᠯ᠎ᠡ ᠵᠦᠨᠭᠭᠦᠸᠸ ᠵᠢᠨ ᠶᠤᠰᠤ ᠵᠢ ᠳᠠᠭᠠᠵᠤ ᠰᠢᠨ᠎ᠡ ᠨᠡᠷ᠎ᠡ ᠪᠡᠷ ᠳᠠᠭᠤᠳᠠᠬᠤ ᠪᠤᠯᠤᠮᠵᠢ ᠲᠠᠢ᠃ ᠮᠤᠩᠭᠤᠯ ᠭᠡᠳᠡᠭ ᠨᠡᠷ᠎ᠡ ᠵᠢᠨ ᠬᠠᠰᠤᠭᠳᠠᠯ ᠂ ᠳᠡᠯᠡᠬᠡᠢᠴᠢᠯᠡᠬᠦ ᠪᠤᠯᠤᠮᠵᠢ ᠲᠠᠢ᠃
ᠳᠡᠯᠡᠬᠡᠢ ᠵᠢᠨ ᠪᠠᠢᠳᠠᠯ ᠢ ᠲᠦᠷ ᠳᠤᠷᠠᠳᠬᠤ ᠦᠭᠡᠢ᠃ ᠭᠡᠬᠦ ᠳᠦ ᠪᠡᠨ ᠡᠷᠬᠡ ᠬᠦᠴᠦ ᠵᠢᠨ ᠬᠤᠪᠢ ᠳᠦ ᠨᠡᠷ᠎ᠡ ᠵᠢᠨ ᠬᠠᠰᠤᠭᠳᠠᠯ ᠨᠢ ᠶᠠᠭᠤᠮ᠎ᠠ ᠬᠡᠷᠡᠭ ᠤᠴᠢᠷᠦᠨ ᠦᠵᠡᠭᠳᠡᠬᠦ ᠪᠤᠶᠤ ᠨᠢᠭᠤᠭᠳᠠᠬᠤ ᠵᠢ ᠢᠨᠭᠭᠢᠵᠦ ᠯᠡ ᠲᠤᠭᠳᠠᠭᠠᠵᠤ ᠪᠠᠢᠳᠠᠭ ᠶᠤᠮ ᠪᠠᠢᠨ᠎ᠠ᠃ ᠦᠵᠡᠭᠳᠡᠯᠢ ᠡᠷᠬᠡ ᠬᠦᠴᠦ ᠤᠯᠠᠮ ᠵᠢᠡᠷ ᠵᠠᠬᠢᠷᠳᠠᠭ ᠰᠢᠯᠳᠠᠭᠠᠨ ᠡᠴᠡ ᠵᠦᠪᠬᠡᠨ ᠵᠦᠪ ᠵᠦᠢᠯ ᠯᠡ ᠤᠷᠤᠰᠢᠵᠤ ᠴᠢᠳᠠᠬᠤ ᠪᠤᠯᠤᠨ᠎ᠠ᠃ ᠡᠨᠡ ᠬᠠᠷᠠᠭᠠᠰᠤ ᠡᠴᠡ ᠶᠠᠷᠢᠪᠠᠯ᠂ᠲᠸᠭᠨᠢᠭ ᠮᠡᠷᠭᠡᠵᠢᠯ ᠨᠢᠭᠡᠨᠳᠡ ᠡᠷᠬᠡ ᠬᠦᠴᠦ ᠵᠢᠨ ᠵᠠᠯᠭᠠᠮᠵᠢ ᠪᠤᠯᠵᠠᠢ᠃
ᠲᠡᠳᠡᠭᠡᠷ ᠠᠵᠢᠯᠴᠢᠳ ᠰᠤᠷᠭᠠᠭᠤᠯᠢ ᠵᠢᠨ ᠢᠯᠡᠷᠬᠡᠢᠯᠡᠯ ᠲᠡᠮᠳᠡᠭ ᠢ ᠨᠤᠷᠠᠭᠠᠵᠤ ᠪᠠᠢᠬᠤ ᠳᠤ ᠪᠡᠨ ᠶᠠᠭᠤ ᠬᠢᠵᠦ ᠪᠠᠢᠭ᠎ᠠ ᠭᠡᠳᠡᠭ ᠵᠢᠡᠨ ᠮᠡᠳᠡᠬᠦ ᠪᠤᠯᠤᠮᠵᠢ ᠪᠠᠢᠭᠰᠠᠨ ᠦᠭᠡᠢ᠃ ᠶᠠᠭ ᠬᠡᠯᠡᠪᠡᠯ ᠠᠵᠢᠯ ᠨᠢ ᠬᠢᠯᠪᠠᠷᠬᠠᠨ ᠯᠡ ᠪᠠᠢᠭᠰᠠᠨ ᠳᠠ ᠂ ᠶᠠᠭᠤ ᠪᠤᠢ ᠭᠡᠪᠡᠯ ᠬᠠᠭᠤᠴᠢᠨ ᠨᠡᠷ᠎ᠡ ᠵᠢ ᠨᠢ ᠪᠠᠭᠤᠯᠭᠠᠨ ᠰᠢᠨ᠎ᠡ ᠨᠡᠷ᠎ᠡ ᠵᠢ ᠨᠢ ᠤᠭᠰᠠᠷᠠᠬᠤ᠃ ᠭᠡᠬᠦ ᠳᠤ ᠪᠡᠨ ᠬᠠᠭᠤᠴᠢᠨ ᠨᠡᠷ᠎ᠡ ᠵᠢ ᠨᠢ ᠪᠠᠭᠤᠯᠭᠠᠨ ᠬᠠᠶᠠᠬᠤ ᠲᠡᠷᠡᠬᠡᠨ ᠨᠢᠭᠡ ᠬᠤᠷᠤᠮ ᠳᠦ ᠂ ᠵᠠᠰᠠᠭ ᠵᠠᠬᠢᠷᠭᠠᠨ ᠪ ᠡᠷᠬᠡ ᠡᠴᠡ ᠤᠯᠠᠷᠢᠬᠤ ᠵᠠᠷᠯᠢᠭ ᠲᠤᠭᠠᠴᠢᠯᠠᠯ ᠦᠨ ᠳᠠᠨᠭᠰᠠᠨ ᠳᠦ ᠲᠡᠦᠬᠡ ᠪᠤᠯᠵᠤ ᠬᠠᠳᠠᠭᠳᠠᠵᠠᠢ ᠃
ᠲᠦᠩᠯᠢᠶᠤᠤ ᠬᠤᠳᠠ ᠳᠤ ᠡᠭᠦᠰᠦᠭᠰᠡᠨ ᠲᠡᠷᠡ ᠨᠢᠭᠡ ᠦᠳᠡ ᠵᠢᠨ ᠬᠤᠢᠨ᠎ᠠ ᠵᠢᠨ ᠬᠡᠷᠡᠭ ᠲᠡᠭᠡᠭᠡᠳ ᠲᠡᠭᠦᠰᠦᠭᠰᠡᠨ ᠦᠭᠡᠢ ᠂ ᠡᠨᠡ ᠮᠦᠴᠡ ᠬᠦᠷᠳᠡᠯ᠎ᠡ ᠦᠷᠭᠦᠯᠵᠢᠯᠡᠭᠰᠡᠭᠡᠷ᠃
ᠲᠤᠰ ᠵᠤᠬᠢᠶᠠᠯ ᠤᠨ ᠠᠨᠭᠭᠯᠢ ᠬᠡᠪ ᠢ ᠡᠨᠳᠡ ᠳᠠᠷᠤᠵᠤ ᠦᠵᠡᠭᠡᠷᠡᠢ᠃
ᠡᠬᠢ ᠮᠠᠲᠸᠷᠢᠶᠠᠯ ᠢ ᠪᠦᠷᠢᠳᠭᠡᠬᠦ ᠠᠵᠢᠯ ᠳᠦ ᠬᠠᠪᠰᠤᠷᠤᠭᠰᠠᠨ ᠠᠭᠤᠳᠠᠮ ᠳᠦ ᠬᠦᠨᠳᠦᠳᠭᠡᠯ ᠳᠡᠪᠰᠢᠭᠦᠯᠪᠡ
2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0000-0000000
ᠢᠮᠧᠯ᠄ soninhuudas@gmail.com 蒙ICP备12345678号