ᠪᠤᠷᠵᠢᠭᠢᠨ ᠨᠠᠢᠷᠠᠯᠳᠤ ᠬᠦᠮᠦᠨ ᠪ ᠡᠷᠬᠡ ᠵᠢᠨ ᠬᠠᠮᠠᠭᠠᠯᠠᠭᠴᠢ ᠱᠠᠨᠭᠨᠠᠯ ᠭᠠᠷᠳᠠᠪᠠ
2025-12-11
ᠣᠩᠱᠢᠭ᠍ᠰᠠᠨ ᠣᠳᠠᠭ᠎ᠠ᠄

     2025 ᠤᠨ ᠪ ᠬᠦᠮᠦᠨ ᠪ ᠡᠷᠬᠡ ᠵᠢᠨ ᠰᠢᠳᠠᠷ ᠬᠠᠮᠠᠭᠠᠯᠠᠭᠴᠢ ᠱᠠᠨᠭᠨᠠᠯ ᠎ᠢ ᠦᠪᠦᠷ ᠮᠤᠩᠭᠤᠯ ᠎ᠦᠨ ᠮᠠᠯᠴᠢᠳ ᠎ᠦᠨ ᠠᠰᠢᠭ ᠲᠤᠰᠠ ᠵᠢᠨ ᠲᠦᠯᠦᠭᠡ ᠲᠡᠮᠡᠴᠡᠭᠴᠢ ᠪᠤᠷᠵᠢᠭᠢᠨ ᠨᠠᠢᠷᠠᠯᠳᠤ ᠎ᠳᠦ ᠦᠪᠦᠷ ᠮᠤᠩᠭᠤᠯ ᠎ᠦᠨ ᠬᠦᠮᠦᠨ ᠪ ᠡᠷᠬᠡ ᠵᠢᠨ ᠮᠡᠳᠡᠭᠡᠯᠡᠯ᠎ᠦᠨ ᠦᠷᠳᠡᠭᠡᠨ ᠡᠴᠡ ᠤᠯᠭᠤᠵᠠᠢ᠃ ᠲᠡᠷᠡᠪᠡᠷ ᠦᠪᠦᠷ ᠮᠤᠩᠭᠤᠯ ᠎ᠦᠨ ᠮᠠᠯᠴᠢᠳ ᠎ᠢ ᠵᠤᠬᠢᠶᠠᠨ ᠪᠠᠢᠭᠤᠯᠵᠤ ᠂ ᠮᠤᠩᠭᠤᠯ ᠠᠮᠢᠳᠤᠷᠠᠯ ᠎ᠵᠢᠡᠨ ᠤᠤᠯ ᠬᠡᠪ ᠵᠢᠡᠷ ᠦᠪᠯᠡᠨ ᠤᠯᠠᠮᠵᠢᠯᠠᠬᠤ ᠵᠢᠨ ᠲᠦᠯᠦᠭᠡ ᠂ ᠦᠪᠦᠷ ᠮᠤᠩᠭᠤᠯ ᠎ᠦᠨ ᠦᠨᠳᠦᠰᠦᠲᠡᠨ ᠪ ᠲᠤᠰᠠᠭᠠᠷ ᠲᠤᠭᠳᠠᠨᠢᠯ᠂ ᠲᠦᠷᠦ ᠵᠢᠨ ᠡᠷᠬᠡ ᠵᠢᠨ ᠲᠦᠯᠦᠭᠡ ᠲᠡᠮᠡᠴᠡᠭᠴᠢ ᠨᠢᠭᠡᠨ ᠠᠵᠢ ᠃

     ᠦᠨᠡᠨ ᠶᠤᠰᠤ ᠂ ᠬᠦᠮᠦᠨ ᠪ ᠡᠷᠬᠡ ᠵᠢᠨ ᠵᠠᠷᠴᠢᠮ ᠎ᠢ ᠪᠠᠷᠢᠮᠳᠠᠯᠠᠨ ᠂ ᠬᠦᠮᠦᠨ ᠪᠤᠯᠵᠤ ᠲᠦᠷᠦᠭᠰᠡᠨ ᠪ ᠪᠡᠨ ᠡᠷᠬᠢᠮ ᠵᠢᠪᠬᠤᠭ᠎ᠠ ᠵᠢ ᠳᠡᠭᠡᠳᠦᠯᠡᠨ ᠶᠠᠪᠤᠵᠤ ᠪᠠᠢᠭ᠎ᠠ ᠵᠢ ᠨᠢ ᠬᠠᠷᠠᠭᠠᠳ ᠬᠢᠲᠠᠳ ᠎ᠦᠨ ᠵᠠᠰᠠᠭ ᠵᠠᠨᠤᠯᠭᠢᠯᠠᠨ ᠪᠠᠢᠭᠰᠠᠨ ᠪᠢᠯᠡ ᠃ ᠠᠷᠪᠠᠨ ᠵᠢᠯ ᠎ᠦᠨ ᠡᠮᠦᠨ᠎ᠡ᠂ ᠬᠢᠲᠠᠳ ᠎ᠦᠨ ᠵᠠᠰᠠᠭ ᠡᠴᠡ ᠶᠠᠯ᠎ᠠ ᠲᠤᠯᠭᠠᠨ ᠨᠠᠢᠷᠠᠯᠳᠤ ᠵᠢ ᠬᠤᠶᠠᠷ ᠵᠢᠯ᠎ᠦᠨ ᠬᠤᠭᠤᠴᠠᠭ᠎ᠠ ᠪᠡᠷ ᠭᠢᠨᠳᠠᠨ ᠪ ᠬᠤᠷᠢᠭᠳᠠᠯ ᠪᠤᠯᠭᠠᠵᠠᠢ᠃

     ᠬᠡᠳᠦᠢᠪᠡᠷ ᠬᠤᠷᠢᠭᠳᠠᠯ ᠪᠤᠯᠤᠭᠰᠠᠨ ᠎ᠴᠦ ᠨᠠᠢᠷᠠᠯᠳᠤ ᠶᠡᠷᠦ ᠡᠴᠡ ᠪᠡᠨ ᠪᠠᠭᠤᠵᠤ ᠦᠭᠭᠦᠭᠰᠡᠨ ᠦᠭᠡᠢ᠃ ᠬᠢᠲᠠᠳ ᠎ᠦᠨ ᠳᠠᠷᠤᠩᠭᠤᠢᠯᠠᠯ ᠬᠢᠭᠡᠳ ᠺᠤᠯᠤᠨᠢᠴᠢᠯᠠᠯ ᠎ᠦᠨ ᠲᠦᠷᠦ ᠵᠢᠨ ᠪᠤᠳᠤᠯᠭ᠎ᠠ ᠵᠢ ᠨᠢ ᠢᠯᠡᠴᠢᠯᠡᠨ᠂ ᠶᠠᠰᠤᠨ ᠎ᠳᠦ ᠨᠢ ᠤᠷᠤᠳᠠᠯ᠎ᠠ ᠰᠢᠭᠦᠮᠵᠢᠯᠡᠵᠦ ᠪᠠᠢᠭᠰᠠᠨ ᠶᠤᠮ᠃ ᠭᠢᠨᠳᠠᠨ ᠡᠴᠡ ᠭᠠᠷᠬᠤ ᠎ᠳᠦ ᠨᠢ ᠠᠷᠦ ᠬᠤᠷᠴᠢᠨ ᠨᠤᠳᠤᠭ ᠎ᠦᠨ ᠠᠷᠠᠳ ᠲᠦᠮᠡᠨ ᠨᠢ ᠨᠠᠢᠷᠠᠯᠳᠤ ᠵᠢ ᠲᠤᠰᠤᠨ ᠠᠪᠴᠦ ᠬᠦᠨᠳᠦᠳᠭᠡᠯ ᠳᠡᠪᠰᠢᠭᠦᠯᠬᠦ ᠎ᠳᠤ ᠨᠠᠢᠷᠠᠯᠳᠤ ︽ᠪᠢ ᠬᠢᠲᠠᠳ ᠎ᠦᠨ ᠲᠦᠷᠦ ᠎ᠳᠦ ᠶᠠᠯ᠎ᠠ ᠲᠠᠢ ᠡᠴᠡ ᠪᠢᠰᠢ ᠂ ᠠᠷᠠᠳ ᠲᠦᠮᠡᠨ ᠎ᠳᠤ ᠪᠡᠨ ᠤᠰᠤᠯᠳᠠᠭᠰᠠᠨ ᠶᠠᠪᠤᠳᠠᠯ ᠦᠭᠡᠢ︾ᠭᠡᠵᠦ ᠶᠠᠷᠢᠶ᠎ᠠ ᠲᠠᠯᠪᠢᠭᠰᠠᠨ ᠪᠠᠢᠵᠠᠢ᠃

 

     

      ᠳᠠᠭᠤᠷᠢᠰᠬᠤ ᠨᠡᠷ᠎ᠡ ᠵᠢ ᠠᠷᠠᠳ ᠲᠦᠮᠡᠨ ᠡᠴᠡ ᠭᠡᠳᠡᠭᠴᠢᠯᠡᠨ ᠂ ᠨᠠᠢᠷᠠᠯᠳᠤ ᠎ᠳᠤ ᠬᠦᠨᠳᠦᠳᠭᠡᠯ ᠳᠡᠪᠰᠢᠭᠦᠯᠦᠨ ᠬᠦᠮᠦᠰ ︽ᠤᠷᠤᠨ ᠨᠤᠲᠤᠭ ᠵᠢᠡᠨ ᠬᠠᠮᠠᠭᠠᠯᠠᠭᠴᠢ ᠂ ᠪᠠᠭᠠᠳᠤᠷ ᠡᠷ᠎ᠡ ᠪᠤᠷᠵᠢᠭᠢᠨ ᠨᠠᠢᠷᠠᠯᠳᠤ︾ᠭᠡᠵᠦ ᠵᠢᠷᠤᠭ ᠨᠠᠢᠷᠠᠭᠤᠯᠤᠭᠠᠳ ᠬᠠᠷᠢᠯᠴᠠᠨ ᠳᠠᠮᠵᠢᠭᠤᠯᠵᠤ ᠪᠠᠢᠭᠰᠠᠨ ᠎ᠢ ᠡᠨᠳᠡ ᠲᠡᠮᠳᠡᠭᠯᠡᠬᠦ ᠶᠤᠰᠤᠳᠠᠢ᠃ ᠨᠠᠢᠷᠠᠯᠳᠤ ᠮᠠᠯᠴᠢᠳ ᠎ᠦᠨ ᠵᠢᠡᠨ ᠲᠦᠯᠦᠭᠡ ᠦᠷᠭᠦᠯᠵᠢᠯᠡᠨ ᠲᠡᠮᠡᠴᠡᠵᠦ᠂ ᠨᠢᠭᠤᠴᠠ ᠪᠡᠷ ᠵᠤᠬᠢᠶᠠᠨ ᠪᠠᠢᠭᠤᠯᠵᠤ ᠠᠵᠢᠯᠯᠠᠭᠠᠨ ᠵᠢᠡᠨ ᠦᠷᠨᠢᠭᠦᠯᠵᠦ ᠪᠠᠢᠭᠰᠠᠨ ᠪ ᠤᠯᠠᠮ ᠵᠢᠡᠷ ᠨᠢᠭᠡᠳᠦᠭᠰᠡᠨ ᠦᠨᠳᠦᠰᠦᠲᠡᠨ ᠪ ᠪᠠᠢᠭᠤᠯᠭ᠎ᠠ ᠵᠢᠨ ᠬᠠᠪᠰᠤᠷᠤᠯᠭ᠎ᠠ ᠪᠡᠷ ᠮᠤᠩᠭᠤᠯ ᠤᠯᠤᠰ ᠡᠴᠡ ᠳᠠᠬᠢᠭᠠᠳ ᠨᠤᠷᠸᠠᠢ ᠎ᠳᠦ ᠬᠦᠷᠴᠦ ᠰᠠᠭᠤᠭᠰᠠᠨ ᠪᠠᠢᠨ᠎ᠠ᠃

     2025 ᠤᠨ ᠪ 11 ᠰᠠᠷ᠎ᠡ ᠵᠢᠨ 28 ᠪ ᠡᠳᠦᠷ᠂ ᠨᠢᠭᠡᠳᠦᠭᠰᠡᠨ ᠦᠨᠳᠦᠰᠦᠲᠡᠨ ᠪ ᠪᠠᠢᠭᠤᠯᠭ᠎ᠠ ᠵᠢᠨ ᠵᠢᠨᠢᠸᠠ ᠎ᠳᠡᠬᠢ ᠴᠦᠬᠡᠨ ᠲᠤᠭᠠᠳᠦ ᠵᠢᠨ 18 ᠎ᠳᠤᠭᠠᠷ ᠤᠳᠠᠭᠠᠨ ᠪ ᠬᠤᠷᠠᠯ ᠲᠡᠭᠡᠷ᠎ᠡ ᠦᠪᠦᠷ ᠮᠤᠨᠭᠭᠤᠯᠴᠤᠳ ᠵᠢᠡᠨ ᠲᠦᠯᠦᠭᠡᠯᠡᠨ ᠤᠷᠤᠯᠴᠠᠭᠰᠠᠨ ᠶᠤᠮ ᠃ ᠲᠡᠷᠡᠪᠡᠷ ᠢᠯᠡᠳᠭᠡᠯ ᠎ᠳᠦ ᠪᠡᠨ ᠨᠢᠭᠡᠳᠦᠭᠰᠡᠨ ᠦᠨᠳᠦᠰᠦᠲᠡᠨ ᠪ ᠪᠠᠢᠭᠤᠯᠭ᠎ᠠ ᠵᠢᠴᠢ ᠤᠯᠠᠨ ᠤᠯᠤᠰ ᠎ᠦᠨ ᠨᠡᠢᠭᠡᠮ ᠡᠴᠡ ᠬᠢᠲᠠᠳ ᠎ᠦᠨ ᠳᠠᠷᠤᠩᠭᠤᠢᠯᠠᠯ ᠎ᠳᠦ ᠰᠢᠳᠭᠡᠯ ᠦᠵᠡᠭᠦᠯᠬᠦ ᠵᠢᠴᠢ ᠤᠳᠤᠬᠠᠨ ᠶᠠᠭ ᠶᠠᠪᠤᠭᠳᠠᠵᠤ ᠪᠠᠢᠭ᠎ᠠ ᠰᠤᠶᠤᠯ ᠎ᠦᠨ ᠤᠰᠠᠳᠬᠠᠯᠳᠠ ᠂ ᠳᠠᠯᠠ ᠭᠠᠷᠤᠢ ᠵᠢᠯ ᠦᠷᠭᠦᠯᠵᠢᠯᠡᠭᠰᠡᠨ ᠺᠤᠯᠤᠴᠢᠨᠢᠯᠠᠯ ᠭᠡᠬᠦ ᠵᠡᠷᠭᠡ ᠲᠠᠯ᠎ᠠ ᠪᠡᠷ ᠶᠠᠷᠢᠭᠰᠠᠨ ᠪᠠᠢᠵᠠᠢ᠃

     ︽ᠨᠠᠢᠷᠠᠯᠳᠤ ᠪᠤᠯ ᠦᠨᠡᠬᠡᠷ ᠭᠠᠢᠬᠠᠯᠳᠠᠢ ᠵᠠᠯᠠᠭᠤ ᠂ ᠬᠢᠲᠠᠳ ᠎ᠦᠨ ᠭᠢᠨᠳᠠᠨ ᠎ᠳᠦ ᠰᠠᠭᠤᠭᠰᠠᠨ ᠪᠤᠯᠪᠠᠴᠦ ᠶᠡᠷᠦ ᠡᠴᠡ ᠪᠡᠨ ᠪᠠᠭᠤᠵᠤ ᠦᠭᠭᠦᠭᠰᠡᠨ ᠦᠭᠡᠢ ᠂ ᠦᠨᠡᠨ ᠶᠤᠰᠤ ᠵᠦᠪ ᠶᠠᠭᠤᠮᠠᠨ ᠪ ᠲᠦᠯᠦᠭᠡ ᠪᠠᠷᠢᠮᠳᠠᠯᠠᠵᠤ ᠢᠷᠡᠭᠰᠡᠨ ᠎ᠢ ᠨᠢ ᠦᠵᠡᠪᠡᠯ ᠪᠠᠬᠠᠷᠬᠠᠮᠠᠷ ︾ ᠭᠡᠵᠦ ᠦᠪᠦᠷ ᠮᠤᠩᠭᠤᠯ ᠎ᠦᠨ ᠬᠦᠮᠦᠨ ᠪ ᠡᠷᠬᠡ ᠵᠢᠨ ᠮᠡᠳᠡᠭᠡᠯᠡᠯ ᠎ᠦᠨ ᠦᠷᠳᠡᠭᠡᠨ ᠪ ᠳᠠᠷᠤᠭ᠎ᠠ ᠲᠤᠭᠤᠴᠤᠭ ᠡᠨᠭᠬᠡᠪᠠᠳᠦ ᠦᠨᠳᠦᠷ ᠦᠨᠡᠯᠡᠵᠤ ᠂ ᠱᠠᠨᠭᠨᠠᠯ ᠭᠠᠷᠳᠠᠭᠤᠯᠤᠭᠰᠠᠨ ᠪᠠᠢᠨ᠎ᠠ᠃

 

 

 

ᠢᠷᠡᠯᠲᠡ᠄
 

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0000-0000000

ᠢᠮᠧᠯ᠄ soninhuudas@gmail.com