ᠪᠢᠳᠡ ᠠᠮᠸᠷᠢᠺᠠ ᠵᠢᠨ ᠤᠯᠤᠰ ᠎ᠦᠨ ᠬᠤᠷᠠᠯ ᠎ᠦᠨ ᠭᠡᠰᠢᠭᠦᠨ ᠲᠠᠢ ᠶᠠᠷᠢᠯᠴᠠᠯ᠎ᠠ
2025-12-12
ᠣᠩᠱᠢᠭ᠍ᠰᠠᠨ ᠣᠳᠠᠭ᠎ᠠ᠄

ᠡᠷᠬᠢᠮᠰᠦᠭ ᠮᠦᠷᠦᠭᠡᠳᠦᠯ ᠬᠢᠭᠡᠳ ᠡᠭᠡᠯ ᠠᠮᠢᠳᠤᠷᠠᠯ

                                                ᠲᠤᠰ ᠰᠤᠨᠢᠨ ᠪ ᠰᠤᠷᠪᠤᠯᠵᠢᠯᠠᠭᠴᠢ ᠰᠤᠶᠤᠩᠪᠤ

  2025 ᠤᠨ ᠪ 12 ᠰᠠᠷ᠎ᠠ ᠵᠢᠨ 10 ᠪ ᠡᠳᠦᠷ᠂ ᠦᠷᠯᠦᠭᠡ ᠵᠢᠨ ᠵᠢᠷᠭᠤᠭᠠᠨ ᠴᠠᠭ᠃ ᠲᠡᠭᠷᠢ ᠵᠢᠨ ᠬᠠᠶᠠᠭ᠎ᠠ ᠪᠡᠷ ᠰᠢᠷ᠎ᠠ ᠭᠡᠭᠡ ᠰᠤᠪᠤᠷᠠᠨ ᠂ ᠲᠡᠷᠭᠡ ᠮᠠᠰᠢᠨ ᠵᠡᠭᠡᠯᠢ ᠪᠡᠷ ᠰᠦᠯᠵᠢᠯᠳᠦᠨ ᠂ ᠺᠤᠹᠸ ᠵᠢᠨ ᠳᠡᠯᠭᠡᠭᠦᠷ ᠡᠴᠡ ᠬᠠᠯᠠᠭᠤᠨ ᠠᠭᠤᠷ ᠰᠠᠪᠰᠠᠯᠠᠨ᠎ᠠ᠃ ᠠᠮᠸᠷᠢᠺᠠ ᠎ᠵᠢᠨ ᠨᠡᠢᠰᠯᠡᠯ ᠬᠤᠳᠠᠨ ᠪ ᠰᠢᠨ᠎ᠡ ᠨᠢᠭᠡᠨ ᠡᠳᠦᠷ ᠡᠨᠡ ᠮᠡᠳᠦ ᠪᠡᠷ ᠡᠬᠢᠯᠡᠵᠦ ᠪᠠᠢᠵᠠᠢ᠃

  ᠦᠪᠦᠷ ᠮᠤᠩᠭᠤᠯ ᠎ᠦᠨ ᠬᠦᠮᠦᠨ ᠪ ᠡᠷᠬᠡ ᠵᠢᠨ ᠮᠡᠳᠡᠭᠡᠯᠡᠯ ᠎ᠦᠨ ᠦᠷᠳᠡᠭᠡᠨ ᠪ ᠳᠠᠷᠤᠭ᠎ᠠ ᠲᠤᠭᠤᠴᠤᠭ ᠡᠨᠭᠬᠡᠪᠠᠳᠦ ᠡᠨᠡ ᠵᠠᠮ ᠵᠢᠡᠷ ᠲᠤᠭ᠎ᠠ ᠦᠭᠡᠢ ᠤᠯᠠᠨ ᠤᠳᠠᠭ᠎ᠠ ᠶᠠᠪᠤᠵᠤ ᠂ ᠲᠡᠭᠡᠭᠰᠢ ᠦᠭᠰᠦᠬᠦ ᠤᠯᠠᠨ ᠱᠠᠳᠦ ᠲᠠᠢ ᠠᠮᠸᠷᠢᠺᠠ ᠵᠢᠨ ᠬᠤᠯᠪᠤᠭᠠᠨ ᠪ ᠵᠠᠰᠠᠭ ᠎ᠦᠨ ᠴᠢᠯᠠᠭᠤᠨ ᠪᠠᠷᠢᠯᠭ᠎ᠠ ᠪᠡᠷ ᠤᠷᠤᠨ ᠭᠠᠷᠤᠭᠰᠠᠭᠠᠷ ᠦᠨᠦᠳᠦᠷ ᠬᠦᠷᠴᠡᠢ᠃

  ᠤᠯᠤᠰ ᠎ᠦᠨ ᠬᠤᠷᠠᠯ ᠎ᠦᠨ ᠭᠡᠰᠢᠭᠦᠨ ᠯᠤᠭᠡ ᠠᠭᠤᠯᠵᠠᠬᠤ ᠠᠵᠠ ᠲᠠᠢ ᠢᠷᠡᠭᠰᠡᠨ ᠪᠢᠳᠡ ᠠᠮᠸᠷᠢᠺᠠ ᠵᠢᠨ ᠡᠷᠡᠭᠦᠯ ᠬᠠᠮᠠᠭᠠᠯᠠᠯ ᠎ᠦᠨ ᠶᠠᠮᠤᠨ᠂ ᠰᠤᠷᠭᠠᠨ ᠬᠦᠮᠦᠵᠢᠯ ᠎ᠦᠨ ᠶᠠᠮᠤᠨ᠂ ᠠᠮᠸᠷᠢᠺᠠ ᠵᠢᠨ ᠳᠠᠭᠤᠨ ᠪ ᠠᠰᠠᠷ ᠵᠢᠡᠷ ᠦᠨᠭᠭᠡᠷᠡᠵᠦ ᠂ ᠠᠮᠸᠷᠢᠺᠠ ᠵᠢᠨ ᠤᠯᠤᠰ ᠎ᠦᠨ ᠬᠤᠷᠠᠯ ᠎ᠦᠨ Rayburn ᠳᠤᠤᠷᠠᠳᠤ ᠵᠦᠪᠯᠡᠯ ᠎ᠦᠨ ᠠᠰᠠᠷ ᠎ᠲᠤ ᠤᠴᠢᠭᠰᠠᠨ ᠪᠢᠯᠡ᠃

  ᠬᠦᠴᠦ ᠴᠢᠳᠠᠯ ᠬᠢᠵᠠᠭᠠᠷᠳᠠᠢ ᠎ᠴᠤ ᠬᠦᠮᠦᠨ ᠪ ᠰᠡᠳᠭᠢᠯ ᠎ᠢ ᠬᠤᠷᠢᠵᠦ ᠴᠢᠳᠠᠬᠤ ᠪᠢᠰᠢ᠃ ᠶᠠᠭᠤᠮ᠎ᠠ ᠶᠠᠭᠤᠮ᠎ᠠ ᠤᠷᠤ ᠤᠷᠤᠨ ᠎ᠳᠤ ᠪᠡᠨ ᠦᠭᠡᠢ ᠪᠤᠯᠤᠭᠰᠠᠨ ᠡᠨᠡ ᠴᠦᠪ ᠎ᠦᠨ ᠴᠠᠭ ᠎ᠲᠤ᠂ ᠴᠢᠩ ᠵᠢᠷᠦᠬᠡᠨ ᠪ ᠢᠳᠡᠭᠡᠯ ᠪᠢᠰᠢᠷᠡᠯ ᠲᠠᠢ ᠪᠡᠨ ᠭᠤᠢᠪᠢᠰᠢ ᠦᠭᠡᠢ ᠦᠯᠡᠳᠡᠶ᠎ᠡ ᠭᠡᠳᠡᠭ ᠨᠢ ᠴᠢᠪ ᠭᠡᠮᠡᠨ ᠪᠢᠳᠡᠨᠡᠷ ᠎ᠦᠨ ᠵᠤᠷᠢᠵᠤ ᠢᠷᠡᠭᠰᠡᠨ ᠪᠤᠳᠤᠯ ᠪᠠᠢᠪᠠ᠃ ᠦᠪᠦᠷ ᠮᠤᠩᠭᠤᠯ ᠎ᠳᠦ ᠪᠠᠢᠬᠤ ᠎ᠳᠦ ᠪᠡᠨ ᠶᠠᠭᠤ ᠬᠢᠵᠦ ᠪᠤᠯᠬᠤ ᠲᠤᠬᠠᠢ ᠪᠢ ᠡᠷᠭᠢᠴᠡᠭᠦᠯᠦᠨ ᠪᠤᠳᠤᠭᠠᠳ ᠦᠪᠡᠷ ᠎ᠢ ᠪᠡᠨ ᠦᠷᠦᠪᠳᠦᠳᠡᠭ ᠪᠠᠢᠯ᠎ᠠ᠂ ᠬᠠᠷᠢᠨ ᠠᠮᠸᠷᠢᠺᠠ ᠎ᠳᠦ ᠢᠷᠡᠵᠦ ᠶᠠᠭᠤ ᠰᠤᠷᠴᠦ᠂ ᠶᠠᠮᠠᠷ ᠬᠦᠮᠦᠨ ᠲᠠᠢ ᠲᠠᠨᠢᠯᠴᠠᠵᠦ ᠶᠠᠪᠤᠭᠰᠠᠨ ᠵᠢᠡᠨ ᠪᠤᠳᠤᠪᠠᠯ ᠠᠷᠠᠢ ᠳᠠᠢᠳᠬᠤᠷᠠᠭᠰᠠᠨ ᠭᠡᠳᠡᠭ ᠵᠢᠡᠨ ᠨᠢᠭᠤᠮᠠᠷ ᠦᠭᠡᠢ ᠪᠠᠢᠨ᠎ᠠ᠃

  - ᠪᠢ ᠠᠩᠬ᠎ᠠ ᠠᠮᠸᠷᠢᠺᠠ ᠎ᠳᠦ ᠢᠷᠡᠬᠦ ᠎ᠳᠤ ᠪᠡᠨ ᠦᠪᠦᠷ ᠮᠤᠩᠭᠤᠯ ᠎ᠢ ᠠᠮᠸᠷᠢᠺᠠ ᠵᠢᠨ ᠲᠦᠷᠦ ᠵᠢᠨ ᠪᠠᠢᠭᠤᠯᠭ᠎ᠠ ᠎ᠳᠦ ᠲᠠᠨᠢᠭᠤᠯᠤᠨ᠎ᠠ ᠯᠡ ᠭᠡᠵᠦ ᠢᠷᠡᠭᠰᠡᠨ᠂ ᠲᠤᠬᠠᠢ ᠵᠢᠨ ᠦᠶ᠎ᠡ ᠎ᠳᠦ NewYork ᠡᠴᠡ ᠬᠠᠷ᠎ᠠ ᠦᠷᠯᠦᠭᠡᠭᠦᠷ ᠪᠤᠰᠴᠦ ᠵᠠᠮ ᠎ᠦᠨ ᠮᠠᠰᠢᠨ ᠵᠢᠡᠷ ᠡᠨᠳᠡ ᠢᠷᠡᠵᠦ ᠪᠦᠳᠦᠨ ᠡᠳᠦᠷ ᠬᠦᠮᠦᠰ ᠲᠠᠢ ᠶᠠᠷᠢᠯᠴᠠᠭᠠᠳ ᠰᠦᠨᠢ ᠭᠡᠷ ᠲᠡᠭᠡᠨ ᠬᠠᠷᠢᠳᠠᠭ ᠪᠠᠢᠭᠰᠠᠨ ᠂ ᠲᠡᠭᠡᠴᠢᠭᠡᠳ ᠯᠡ ᠳᠠᠷᠠᠭ᠎ᠠ ᠡᠳᠦᠷ ᠨᠢ ᠠᠵᠢᠯ ᠵᠢᠡᠨ ᠠᠮᠵᠢᠭᠤᠯᠳᠠᠭ ᠪᠠᠢᠭᠰᠠᠨ ᠂ ᠤᠳᠤ ᠪᠤᠳᠤᠵᠤ ᠦᠵᠡᠪᠡᠯ ᠪᠠᠰᠠ ᠭᠠᠢᠬᠠᠮᠠᠷ ᠶᠤᠮ ᠭᠡᠵᠦ ᠡᠩᠬᠡᠪᠠᠳᠦ ᠶᠠᠷᠢᠯ᠎ᠠ᠃

  ᠴᠤᠬᠤᠮ ᠦᠨᠡᠨ ᠎ᠢ ᠬᠡᠯᠡᠬᠦ ᠎ᠳᠦ ᠦᠪᠦᠷ ᠮᠤᠩᠭᠤᠯ᠎ᠦᠨ ᠲᠡᠦᠬᠡᠨ ᠎ᠳᠦ ᠠᠮᠸᠷᠢᠺᠠ ᠵᠢᠨ ᠵᠠᠰᠠᠭ ᠲᠠᠢ ᠠᠵᠢᠯᠯᠠᠵᠤ ᠴᠢᠳᠠᠭᠰᠠᠨ ᠬᠦᠮᠦᠨ ᠠᠷᠪᠠ ᠡᠴᠡ ᠳᠠᠪᠠᠬᠤ ᠦᠭᠡᠢ ᠭᠡᠳ ᠬᠡᠯᠡᠴᠢᠬᠡᠪᠡᠯ ᠠᠷᠠᠢ ᠬᠡᠳᠦᠷᠡᠭᠦᠯᠦᠭᠰᠡᠨ ᠎ᠴᠦ ᠶᠠᠭᠤᠨ ᠮᠠᠭᠠᠳ᠃ ᠭᠡᠬᠦ ᠎ᠳᠦ ᠡᠬᠡ ᠤᠷᠤᠨᠴᠢᠳ ᠎ᠦᠨ ᠬᠤᠪᠢ ᠎ᠳᠦ ᠡᠨᠡ ᠨᠢ ᠪᠠᠬᠠᠷᠬᠠᠯ ᠲᠡᠳᠦᠢᠬᠡᠨ ᠪᠢᠰᠢ᠂ ᠬᠠᠷᠢᠨ ᠡᠴᠢᠭᠡ ᠡᠪᠦᠭᠡᠳ ᠡᠴᠡ ᠬᠦᠯᠢᠶᠡᠭᠰᠡᠨ ᠠᠷᠢᠭᠤᠨ ᠡᠭᠦᠷᠭᠡ ᠠᠵᠢ᠃ ᠶᠠᠭ ᠡᠢᠮᠦ ᠪᠤᠯᠬᠤᠷ ᠦᠪᠦᠷ ᠮᠤᠩᠭᠤᠯ ᠎ᠦᠨ ᠵᠢᠡᠨ ᠰᠤᠶᠤᠯ ᠢᠷᠭᠡᠨᠰᠢᠯ᠂ ᠠᠷᠠᠳ ᠲᠦᠮᠡᠨ ᠪ ᠪᠡᠨ ᠰᠤᠶᠤᠷᠬᠠᠯ ᠎ᠢ ᠠᠪᠴᠦ ᠶᠠᠪᠤᠭ᠎ᠠ ᠮᠡᠳᠦ ᠰᠠᠨᠠᠭᠳᠠᠨ᠂ ᠠᠮᠸᠷᠢᠺᠠ ᠵᠢᠨ ᠤᠯᠤᠰ ᠎ᠦᠨ ᠬᠤᠷᠠᠯ ᠎ᠦᠨ ᠡᠷᠬᠡ ᠰᠦᠷ᠂ ᠲᠦᠪ ᠶᠡᠬᠡᠮᠰᠦᠭ ᠲᠠᠢ ᠮᠦᠷ ᠵᠡᠷᠭᠡᠴᠡᠨ ᠡᠷᠬᠡ ᠲᠡᠭᠰᠢ ᠶᠠᠷᠢᠯᠴᠠᠭ᠎ᠠ ᠦᠷᠨᠢᠭᠦᠯᠵᠦ ᠴᠢᠳᠠᠭᠰᠠᠨ ᠵᠢᠡᠨ ᠪᠤᠳᠤᠪᠠᠯ ᠪᠠᠰᠠᠴᠦ ᠤᠮᠤᠭᠰᠢᠮᠠᠷ᠃ ᠡᠭᠦᠨ ᠪ ᠤᠯᠠᠮ ᠵᠢᠡᠷ ᠴᠤᠬᠤᠮ ᠎ᠴᠦ ᠬᠠᠷᠢᠭᠤᠴᠠᠯᠭ᠎ᠠ ᠬᠦᠨᠳᠦ ᠰᠠᠨᠠᠭᠳᠠᠨ ᠦᠪᠡᠷ ᠎ᠦᠨ ᠪᠡᠶ᠎ᠡ ᠵᠢᠨ ᠲᠡᠨᠡᠭ ᠮᠤᠩᠬᠠᠭ᠂ ᠦᠵᠡᠯ ᠤᠬᠤᠷ᠂ ᠠᠶᠤᠮᠠᠳᠠᠭᠠᠢ ᠬᠤᠯᠴᠢᠭᠠᠷ ᠵᠢᠡᠨ ᠳᠡᠪᠴᠢᠵᠦ᠂ ᠠᠯᠢ ᠴᠢᠳᠠᠬᠤ ᠪᠡᠷ ᠬᠢᠴᠢᠶᠡᠩᠭᠦᠢᠯᠡᠨ ᠡᠷᠬᠢᠮᠰᠦᠭ ᠮᠦᠷᠦᠭᠡᠳᠦᠯ ᠵᠢᠡᠨ ᠢᠯᠡᠷᠬᠡᠢᠯᠡᠨ᠎ᠡ ᠭᠡᠵᠦ ᠵᠤᠷᠢᠭ ᠵᠢᠡᠨ ᠬᠦᠪᠴᠢᠯᠡᠭᠰᠡᠨ ᠵᠢᠡᠨ ᠨᠢᠭᠤᠬᠤ ᠦᠭᠡᠢ᠃

  ᠠᠮᠸᠷᠢᠺᠠ ᠵᠢᠨ ᠤᠯᠤᠰ ᠎ᠦᠨ ᠬᠤᠷᠠᠯ ᠎ᠳᠦ lobby ᠵᠢᠨ ᠠᠵᠢᠯᠯᠠᠭ᠎ᠠ ᠭᠡᠵᠦ ᠪᠠᠢᠳᠠᠭ᠃ ᠲᠦᠷᠦ ᠵᠢᠨ ᠪᠤᠰᠤ ᠪᠠᠢᠭᠤᠯᠭ᠎ᠠ ᠨᠤᠭᠤᠳ ᠲᠤᠬᠠᠢ ᠵᠢᠨ ᠦᠨᠳᠦᠰᠦᠲᠡᠨ ᠪ ᠪᠡᠨ ᠪᠠᠢᠳᠠᠯ ᠎ᠢ ᠠᠮᠸᠷᠢᠺᠠ ᠵᠢᠨ ᠤᠯᠤᠰ ᠎ᠦᠨ ᠬᠤᠷᠠᠯ ᠎ᠦᠨ ᠭᠡᠰᠢᠭᠦᠳ ᠎ᠲᠦ ᠦᠨᠡᠨ ᠪᠠᠢᠳᠠᠯ ᠵᠢᠡᠷ ᠨᠢ ᠤᠢᠯᠠᠭᠠᠭᠤᠯᠬᠤ᠂ ᠦᠪᠡᠷ ᠎ᠦᠨ ᠬᠦᠮᠦᠨ ᠪ ᠵᠢᠡᠨ ᠠᠰᠢᠭ ᠲᠤᠰᠠ ᠵᠢᠨ ᠲᠦᠯᠦᠭᠡᠨ᠎ᠡ ᠬᠠᠤᠯᠢ ᠲᠤᠭᠳᠠᠭᠠᠯᠭᠠᠬᠤ ᠎ᠳᠦ ᠵᠢᠳᠭᠦᠭᠦ ᠵᠡᠷᠭᠡ ᠨᠠᠷᠢᠨ ᠰᠢᠷᠢᠨ ᠪᠦᠬᠦ ᠵᠦᠢᠯ ᠎ᠢ lobby ᠎ᠵᠢᠨ ᠠᠵᠢᠯᠯᠠᠭᠠᠨ ᠎ᠳᠦ ᠬᠤᠷᠢᠶᠠᠩᠭᠤᠢᠯᠠᠵᠤ ᠪᠤᠯᠳᠠᠭ᠃ ᠪᠢᠳᠡᠨᠡᠷ ᠲᠠᠢ ᠬᠠᠮᠳᠤ ᠬᠤᠩᠺᠤᠩ ᠎ᠦᠨ ᠬᠢᠨ᠂ ᠤᠢᠭᠤᠷ ᠎ᠦᠨ ᠬᠢᠨ ᠂ ᠲᠦᠪᠡᠳ ᠎ᠦᠨ ᠬᠢᠨ ᠂ ᠬᠤᠢᠳᠦ ᠰᠤᠯᠤᠩᠭᠤᠰ ᠎ᠦᠨ ᠬᠢᠨ ᠵᠢᠴᠢ Epoch Times ᠎ᠦᠨ ᠰᠤᠷᠪᠤᠯᠵᠢᠯᠠᠭᠴᠢᠳ ᠪᠠᠢᠯᠴᠠᠵᠠᠢ᠃

  ᠦᠪᠦᠷ ᠮᠤᠩᠭᠤᠯ ᠵᠠᠭᠤᠴᠢᠯᠠᠭᠤᠷ ᠎ᠢ ᠠᠮᠸᠷᠢᠺᠠ ᠎ᠳᠦ ᠶᠠᠭ ᠦᠵᠡᠭᠳᠡᠬᠦ ᠦᠭᠡᠢ ᠭᠡᠪᠡᠯ ᠬᠤᠳᠠᠯ᠃ ᠳᠤᠳᠤᠷᠠᠭᠤᠯᠵᠤ ᠬᠡᠯᠡᠪᠡᠯ ᠬᠢᠲᠠᠳ ᠎ᠦᠨ ᠺᠤᠮᠮᠢᠤᠨᠢᠰᠲ ᠨᠠᠮ ᠎ᠦᠨ ᠤᠬᠠᠭᠤᠯᠭ᠎ᠠ ᠵᠢᠨ ᠠᠵᠢᠯᠳᠠᠳ ᠨᠢᠭᠤᠴᠠ ᠪᠡᠷ ᠮᠤᠩᠭᠤᠯ ᠭᠡᠳᠡᠭ ᠨᠡᠷ᠎ᠡ ᠵᠢ ᠠᠰᠢᠭᠯᠠᠨ ᠠᠮᠸᠷᠢᠺᠠ ᠵᠢᠨ ᠢᠷᠭᠡᠳ ᠎ᠦᠨ ᠦᠵᠡᠯ ᠪᠤᠳᠤᠯ ᠎ᠢ ᠮᠤᠩᠭᠤᠯ ᠡᠬᠡ ᠤᠷᠤᠨ ᠪ ᠪᠡᠨ ᠡᠰᠡᠷᠭᠦ ᠨᠦᠯᠦᠭᠡᠯᠡᠵᠦ᠂ ᠬᠡᠯᠪᠡᠷᠢ ᠵᠢᠨ ᠲᠡᠳᠦᠢ ᠵᠦᠢᠯ ᠎ᠢ ᠬᠡᠢ ᠬᠤᠭᠤᠰᠤᠨ ᠵᠢᠡᠷ ᠬᠦᠯᠢᠶᠡᠨ ᠠᠪᠤᠭᠤᠯᠵᠤ ᠪᠠᠢᠭ᠎ᠠ᠃ ᠲᠡᠷᠡ ᠭᠤᠨᠢᠭᠳᠦ ᠬᠤᠪᠢ ᠳᠠᠪᠢᠯᠠᠨᠭ ᠎ᠡᠴᠡ ᠵᠠᠢᠯᠠᠰᠭᠢᠬᠦ ᠵᠢᠨ ᠲᠦᠯᠦᠭᠡᠨ᠎ᠡ᠂ ᠦᠪᠦᠷ ᠮᠤᠩᠭᠤᠯ ᠎ᠦᠨ ᠬᠦᠮᠦᠨ ᠪ ᠡᠷᠬᠡ ᠵᠢᠨ ᠮᠡᠳᠡᠭᠡᠯᠡᠯ ᠎ᠦᠨ ᠦᠷᠳᠡᠭᠡ ᠨᠢ ᠠᠮᠸᠷᠢᠺᠠ ᠵᠢᠨ ᠤᠯᠤᠰ ᠎ᠦᠨ ᠬᠤᠷᠠᠯ ᠎ᠳᠦ lobby ᠬᠢᠵᠦ ᠪᠠᠢᠭ᠎ᠠ ᠨᠢ ᠬᠡᠴᠢᠨᠡᠨ ᠎ᠴᠤ ᠠᠵᠠ ᠲᠠᠢ ᠪᠢᠯᠡ᠃

  ᠠᠮᠸᠷᠢᠺᠠ ᠵᠢᠨ NED (National Endowment for Democracy) ᠵᠢᠨ ᠤᠤᠯ ᠎ᠦᠨ ᠳᠠᠷᠤᠭ᠎ᠠ ᠪᠠᠢᠭᠰᠠᠨ ᠂ ᠦᠨᠦ ᠤᠢᠭᠤᠷ ᠎ᠦᠨ ᠬᠦᠮᠦᠨ ᠪ ᠡᠷᠬᠡ ᠵᠢᠨ ᠫᠷᠤᠵᠸᠺᠲ ᠎ᠳᠦ ᠠᠵᠢᠯᠯᠠᠵᠤ ᠪᠠᠢᠭ᠎ᠠ Louisa ᠪᠠᠢᠯᠴᠠᠭᠰᠠᠨ᠃ ᠲᠡᠷᠡᠪᠡᠷ ᠨᠠᠳᠠ ᠡᠴᠡ ︽ᠮᠤᠩᠭᠤᠯ ᠵᠢᠡᠷ ᠵᠢᠡᠨ ᠶᠠᠷᠢᠳᠠᠭ ᠦᠦ︖︾ ᠭᠡᠵᠦ ᠠᠰᠠᠭᠤᠯ᠎ᠠ᠃ ᠪᠢ ᠴᠡᠴᠡᠷᠯᠢᠭ ᠡᠴᠡ ᠪᠡᠨ ᠶᠡᠬᠡ ᠰᠤᠷᠭᠠᠭᠤᠯᠢ ᠲᠡᠭᠦᠰᠳᠡᠯ᠎ᠡ ᠮᠤᠩᠭᠤᠯ ᠵᠢᠡᠷ ᠰᠤᠷᠴᠠᠢ ᠭᠡᠵᠦ ᠬᠡᠯᠡᠬᠦ᠎ᠳᠦ ᠮᠠᠨᠢ ᠰᠦᠢᠳ ᠪᠤᠯᠵᠤ ︽ᠶᠠᠮᠠᠷ ᠎ᠴᠦ ᠭᠠᠢᠬᠠᠯᠳᠠᠢ ᠶᠤᠮ︾ᠭᠡᠵᠦ ᠪᠠᠢᠯ᠎ᠠ᠃ ᠠᠮᠸᠷᠢᠺᠠ ᠎ᠳᠦ ᠬᠦᠮᠦᠨ ᠪ ᠡᠷᠬᠡ ᠵᠢ ᠬᠦᠨᠳᠦᠳᠭᠡᠳᠡᠭ᠂ ᠴᠦᠬᠡᠨ ᠲᠤᠭᠠᠳᠤ ᠪᠤᠯᠵᠤ ᠶᠠᠪᠤᠵᠤ ᠪᠠᠢᠭ᠎ᠠ ᠦᠨᠳᠦᠰᠦᠳᠡᠨ ᠎ᠢ ᠵᠢᠨᠭᠬᠢᠨᠢ ᠰᠡᠳᠭᠢᠯ ᠡᠴᠡ ᠪᠡᠨ ᠬᠠᠪᠰᠤᠷᠤᠶ᠎ᠠ ᠳᠡᠮᠵᠢᠶ᠎ᠡ ᠭᠡᠵᠦ ᠪᠤᠳᠤᠳᠠᠭ ᠡᠷᠬᠢᠮ ᠬᠦᠮᠦᠨ ᠪ ᠨᠢᠭᠡ ᠨᠢ Louisa ᠶᠤᠮ᠃

  ᠲᠡᠭᠦᠨ ᠪ ᠳᠠᠷᠠᠭ᠎ᠠ ᠨᠢ ᠠᠮᠸᠷᠢᠺᠠ ᠬᠢᠲᠠᠳ᠎ᠦᠨ ᠠᠵᠤ ᠠᠬᠤᠢ ᠬᠢᠭᠡᠳ ᠠᠶᠤᠯ ᠦᠭᠡᠢ ᠪᠠᠢᠳᠠᠯ ᠎ᠦᠨ ᠵᠦᠪᠯᠡᠯ ᠎ᠦᠨ ᠭᠡᠰᠢᠭᠦᠨ ᠢᠷᠡᠵᠦ᠂ ᠦᠪᠦᠷ ᠮᠤᠩᠭᠤᠯ ᠎ᠦᠨ ᠪᠠᠢᠳᠠᠯ ᠎ᠦᠨ ᠲᠤᠬᠠᠢ ᠤᠢᠯᠠᠭᠠᠯ᠎ᠠ᠃ ᠦᠪᠦᠷ ᠮᠤᠩᠭᠤᠯ ᠬᠦᠮᠦᠨ ᠪ ᠦᠪᠯᠡᠬᠦ ᠶᠤᠰᠤᠳᠠᠢ ᠬᠤᠪᠤᠷ ᠰᠢᠷᠤᠢ ᠵᠢᠨ ᠪᠠᠢᠳᠠᠯ ᠂ ᠬᠢᠲᠠᠳ ᠎ᠦᠨ ᠲᠠᠯ᠎ᠠ ᠡᠴᠡ ᠮᠤᠩᠭᠤᠯ ᠬᠦᠮᠦᠨ ᠎ᠳᠦ ᠪᠦᠲᠦᠴᠡ ᠵᠢᠨ ᠴᠢᠨᠠᠷᠳᠠᠢ ᠠᠵᠤ ᠠᠬᠤᠢ ᠵᠢᠨ ᠳᠠᠷᠤᠯᠠᠯ ᠬᠢᠵᠦ ᠪᠠᠢᠭ᠎ᠠ ᠪᠠᠢᠳᠠᠯ ᠎ᠳᠦ ᠴᠢᠭᠯᠡᠭᠦᠯᠦᠨ ᠪᠢᠳᠡ ᠲᠠᠢᠯᠪᠤᠷᠢᠯᠠᠵᠤ ᠦᠭᠴᠡᠢ᠃

  ᠤᠯᠤᠰ ᠎ᠦᠨ ᠬᠤᠷᠠᠯ ᠎ᠦᠨ ᠳᠤᠤᠷᠠᠳᠤ ᠵᠦᠪᠯᠡᠯᠭᠡᠨ ᠪ ᠬᠢᠲᠠᠳ ᠎ᠲᠤ ᠬᠠᠨᠳᠤᠭᠤᠯᠤᠭᠰᠠᠨ ᠲᠤᠰᠬᠠᠢ ᠵᠦᠪᠯᠡᠯ (Select Committee on China ) ᠵᠢᠨ ᠵᠦᠪᠯᠡᠭᠴᠢ ᠭᠡᠰᠢᠭᠦᠨ ᠲᠤᠰᠬᠠᠢᠯᠠᠨ ᠢᠷᠡᠵᠦ ᠮᠤᠩᠭᠤᠯ ᠰᠤᠷᠭᠠᠭᠤᠯᠢ ᠵᠢᠨ ᠨᠡᠷ᠎ᠡ ᠵᠢ ᠦᠭᠡᠷᠡᠴᠢᠯᠡᠭᠰᠡᠨ ᠪᠠᠢᠳᠠᠯ᠂ ᠬᠠᠳᠠ ᠂ ᡀᠮᠵᠠᠪ ᠵᠢᠴᠢ ᠮᠤᠩᠭᠤᠯ ᠎ᠦᠨ ᠢᠷᠭᠡᠨ ᠮᠦᠩᠬᠡᠪᠠᠶᠠᠷ ᠎ᠦᠨ ᠲᠤᠬᠠᠢ ᠠᠰᠠᠭᠤᠵᠤ ︽ᠬᠢᠲᠠᠳ ᠠᠷᠠᠢ ᠯᠡ ᠳᠡᠩᠳᠡᠭᠦᠦ ᠬᠡᠳᠦᠷᠡᠵᠦ ᠪᠠᠢᠬᠤ ᠦᠭᠡᠢ ᠦᠦ ︖︾ ᠭᠡᠰᠡᠨ ᠪᠦᠭᠡᠳ ︽ᠪᠢᠳᠡᠨᠡᠷ ᠲᠠᠨᠠᠷ ᠎ᠦᠨ ᠮᠡᠳᠡᠭᠡ ᠵᠢ ᠦᠵᠡᠭᠰᠡᠭᠡᠷ ᠯᠡ ᠪᠠᠢᠨ᠎ᠠ᠂ ᠶᠡᠬᠡ ᠴᠢᠬᠤᠯᠠ ᠵᠦᠢᠯ ᠪᠠᠢᠨ᠎ᠠ︾ᠭᠡᠵᠡᠢ᠃

  ᠡᠨᠡ ᠮᠡᠳᠦ ᠪᠡᠷ ᠤᠯᠤᠰ ᠎ᠦᠨ ᠬᠤᠷᠠᠯ ᠎ᠦᠨ ᠭᠡᠰᠢᠭᠦᠳ ᠢᠷᠡᠵᠦ᠂ ᠦᠪᠦᠷ ᠮᠤᠩᠭᠤᠯ ᠶᠠᠭᠠᠬᠢᠵᠤ ᠪᠠᠢᠨ᠎ᠠ ᠭᠡᠳᠡᠭ ᠭᠤᠤᠯ ᠰᠡᠳᠦᠪ ᠎ᠲᠤ ᠨᠢᠭᠡᠳᠴᠦ ᠪᠠᠢᠪᠠ᠃ ᠢᠩᠭᠢᠵᠦ ᠪᠠᠢᠳᠠᠯ᠎ᠠ 11 ᠴᠠᠭ ᠤᠷᠴᠢᠮ ᠵᠢᠡᠷ ᠂ ᠲᠤᠰ ᠤᠳᠠᠭᠠᠨ ᠪ ᠬᠦᠳᠡᠯᠭᠡᠭᠡᠨ ᠎ᠢ ᠵᠤᠬᠢᠶᠠᠨ ᠪᠠᠢᠭᠤᠯᠤᠭᠴᠢ ᠤᠯᠤᠰ ᠎ᠦᠨ ᠬᠤᠷᠠᠯ ᠎ᠦᠨ ᠭᠡᠰᠢᠭᠦᠨ Young Kim ᠢᠷᠡᠮᠡᠭᠴᠡ ᠪᠢᠳᠡᠨᠡᠷ ᠴᠠᠭ ᠎ᠢ ᠵᠠᠪᠳᠤᠨ ᠪᠤᠰᠤᠳ ᠳᠤᠭᠤᠢᠯᠠᠨᠭ ᠡᠴᠡ ᠤᠷᠢᠳᠠᠨ ᠬᠠᠮᠤᠭ᠎ᠦᠨ ᠲᠡᠷᠢᠭᠦᠨ ᠎ᠳᠦ ᠦᠪᠦᠷ ᠮᠤᠩᠭᠤᠯ᠎ᠦᠨ ᠬᠦᠮᠦᠨ ᠪ ᠡᠷᠬᠡ ᠵᠢᠨ ᠬᠠᠤᠯᠢ ᠵᠢᠨ ᠲᠦᠰᠦᠯ ᠵᠢᠴᠢ ᠬᠠᠮᠢᠶ᠎ᠠ ᠪᠦᠬᠦᠢ ᠪᠢᠴᠢᠭ ᠮᠠᠲᠸᠷᠢᠶᠠᠯ ᠵᠢᠡᠨ ᠭᠠᠷᠳᠠᠭᠤᠯᠤᠨ ᠦᠪᠦᠷ ᠮᠤᠩᠭᠤᠯ ᠎ᠦᠨ ᠪᠠᠢᠳᠠᠯ ᠎ᠢ ᠲᠠᠨᠢᠯᠴᠠᠭᠤᠯᠵᠠᠢ᠃ ᠡᠭᠦᠨ ᠎ᠳᠦ ᠪᠠᠰᠠ ᠨᠢᠭᠡ ᠳᠤᠷᠠᠳᠤᠭᠤᠰᠢᠳᠠᠢ ᠨᠢ ᠤᠯᠳᠤᠢ ᠪᠢ ᠴᠤᠬᠤᠯᠵᠠᠵᠤ ᠪᠠᠢᠭ᠎ᠠ ᠵᠢᠷᠦᠬᠡ ᠪᠡᠨ ᠳᠠᠷᠤᠵᠤ ᠶᠠᠳᠠᠨ ᠠᠮᠸᠷᠢᠺᠠ ᠵᠢᠨ ᠤᠯᠤᠰ ᠎ᠦᠨ ᠬᠤᠷᠠᠯ ᠎ᠦᠨ ᠭᠡᠰᠢᠭᠦᠨ Young Kim ᠎ᠳᠦ ᠬᠠᠳᠠᠭ ᠪᠠᠷᠢᠵᠤ ᠂ ᠦᠪᠦᠷ ᠮᠤᠩᠭᠤᠯ ᠎ᠦᠨ ᠪᠠᠢᠳᠠᠯ ᠎ᠳᠦ ᠠᠩᠬᠠᠷᠤᠯ ᠵᠢᠡᠨ ᠬᠠᠨᠳᠤᠭᠤᠯᠵᠤ ᠪᠠᠢᠭ᠎ᠠ ᠎ᠳᠤ ᠴᠢᠨᠢ ᠮᠠᠰᠢ ᠶᠡᠬᠡ ᠲᠠᠯᠠᠷᠬᠠᠵᠤ ᠪᠠᠢᠨ᠎ᠠ ᠭᠡᠬᠦ ᠎ᠳᠦ ᠲᠡᠷᠡᠪᠡᠷ ︽ᠲᠠᠨᠠᠷ ᠎ᠦᠨ ᠪᠠᠢᠳᠠᠯ ᠎ᠢ ᠪᠢ ᠰᠤᠨᠤᠰᠤᠯ᠎ᠠ᠂ ᠠᠮᠸᠷᠢᠺᠠ ᠵᠢᠨ ᠤᠯᠤᠰ ᠲᠦᠷᠦᠴᠢᠳ ᠦᠪᠦᠷ ᠮᠤᠩᠭᠤᠯ ᠎ᠦᠨ ᠪᠠᠢᠳᠠᠯ ᠎ᠢ ᠤᠢᠯᠠᠭᠠᠵᠤ ᠡᠬᠢᠯᠡᠵᠦ ᠪᠠᠢᠨ᠎ᠠ᠂ ᠲᠠᠨᠠᠷ ᠠᠵᠢᠯ ᠵᠢᠡᠨ ᠦᠷᠭᠦᠯᠵᠢᠯᠡᠨ ᠰᠠᠢᠳᠤᠷ ᠬᠢᠭᠡᠷᠡᠢ︾ᠭᠡᠵᠦ ᠪᠢᠯᠡ᠃

ᠡᠨᠳᠡ ᠳᠠᠷᠤᠵᠤ Young Kim ᠎ᠦᠨ ᠪᠢᠴᠢᠯᠭᠡ ᠵᠢ ᠬᠠᠷᠠᠭᠠᠷᠠᠢ᠃

  ᠦᠪᠦᠷ ᠮᠤᠩᠭᠤᠯ ᠬᠦᠮᠦᠰ ᠪᠢᠳᠡ ᠦᠪᠡᠷ ᠎ᠦᠨ ᠭᠡᠰᠡᠨ ᠤᠯᠤᠰ ᠲᠦᠷᠦ ᠵᠢᠨ ᠡᠷᠬᠢᠮᠰᠦᠭ ᠬᠦᠰᠡᠯ ᠲᠠᠢ ᠪᠤᠯᠬᠤ ᠴᠠᠭ ᠢᠷᠡᠵᠡᠢ᠃ ᠡᠨᠡ ᠮᠦᠷᠦᠭᠡᠳᠦᠯ ᠭᠠᠭᠴᠠ ᠮᠢᠨᠦᠬᠢ ᠪᠢᠰᠢ ᠭᠡᠳᠡᠭ ᠨᠢ ᠮᠡᠳᠡᠭᠡᠵᠢ᠃ ᠡᠨᠡ ᠮᠦᠷᠦᠭᠡᠳᠦᠯ ᠪᠤᠯ ᠦᠪᠦᠷ ᠮᠤᠩᠭᠤᠯ ᠵᠢᠡᠨ ᠭᠡᠵᠦ ᠴᠤᠬᠢᠯᠠᠭᠰᠠᠨ ᠪᠦᠬᠦ ᠬᠦᠮᠦᠰ ᠎ᠦᠨ ᠵᠢᠷᠦᠬᠡ ᠶᠤᠮ᠂᠂᠂

  ᠠᠵᠢᠯ ᠳᠠᠭᠤᠰᠴᠦ᠂ ᠪᠢᠳᠡᠨ ᠎ᠢ ᠭᠠᠷᠴᠦ ᠢᠷᠡᠬᠦ ᠎ᠳᠦ ᠤᠷᠤᠢ ᠪᠤᠯᠴᠢᠬᠠᠭᠰᠠᠨ ᠪᠠᠢᠪᠠ᠃ ᠭᠡᠬᠦ ᠎ᠳᠦ ᠪᠡᠨ ᠦᠪᠦᠷ ᠮᠤᠩᠭᠤᠯ ᠎ᠳᠦ ᠶᠠᠭ ᠦᠷᠯᠦᠭᠡ ᠪᠤᠯᠵᠤ᠂ ᠨᠠᠷᠠ ᠳᠤᠷᠤᠨ᠎ᠠ ᠵᠦᠭ ᠡᠴᠡ ᠮᠠᠨᠳᠤᠭᠰᠠᠭᠠᠷ ᠂ ᠡᠬᠡ ᠤᠷᠤᠨ ᠪ ᠮᠢᠨᠢ ᠪᠦᠬᠦ ᠨᠤᠳᠤᠭ ᠎ᠢ ᠭᠡᠢᠭᠦᠯᠦᠨ ᠲᠤᠶᠠᠭᠠᠯᠠᠵᠤ ᠪᠠᠢᠯ᠎ᠠ᠃

  

  

 

ᠢᠷᠡᠯᠲᠡ᠄
 

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0000-0000000

ᠢᠮᠧᠯ᠄ soninhuudas@gmail.com