ᠬᠠᠪᠤᠷ ᠤ᠋ᠨ ᠨᠠᠢᠷᠠᠭ
2026-05-26
ᠣᠩᠱᠢᠭ᠍ᠰᠠᠨ ᠣᠳᠠᠭ᠎ᠠ᠄
 ᠭᠤ· ᠵᠢᠷᠭᠠᠯ   
ᠲᠤᠤᠯᠢᠮ᠎ᠠ ᠬᠣᠷᠸ᠎ᠠ ᠶ᠋ᠢ ᠤᠶᠠᠷᠠᠭᠠᠭᠰᠠᠨ   
ᠳᠥᠷᠪᠡᠨ ᠴᠠᠭ ᠤ᠋ᠨ ᠡᠬᠡ ᠬᠠᠪᠤᠷ   
ᠠᠢᠯᠴᠢᠯᠠᠬᠤ ᠬᠤᠨ ᠤ᠋ ᠵᠡᠯᠡᠯᠡᠭᠡ ᠲᠡᠢ   
ᠠᠮᠢ ᠪᠦᠬᠦᠨ ᠦ᠌ ᠳᠡᠯᠭᠡᠷ ᠬᠠᠪᠤᠷ   
     ᠬᠠᠪᠤᠷ ᠶᠠᠭᠠᠬᠢᠭᠰᠠᠨ ᠡᠷᠬᠢᠮᠰᠦᠭ ᠪᠣᠢ   
     ᠬᠠᠪᠤᠷ ᠠ᠋ᠴᠠ ᠢᠯᠴᠢ ᠲᠦᠭᠡᠭᠡᠨᠡᠮ  
     ᠬᠠᠪᠤᠷ ᠶᠠᠭᠠᠬᠢᠭᠰᠠ ᠥᠭᠭᠢᠶᠡᠮᠦᠷ ᠪᠣᠢ   
     ᠬᠠᠪᠤᠷ ᠠ᠋ᠴᠠ ᠰᠡᠳᠬᠢᠯ ᠭᠡᠭᠡᠯᠵᠡᠨᠡᠮ   
ᠬᠠᠩᠭᠠᠢ ᠭᠣᠪᠢ ᠪᠠᠷ ᠬᠠᠢᠯ ᠮᠡᠯᠲᠡᠭᠡᠨᠡᠭᠡᠳ   
ᠬᠠᠨᠠᠭᠠᠷ ᠬᠥᠳᠡᠭᠡ ᠶ᠋ᠢᠨ ᠳᠤᠯᠠᠭᠠᠨ ᠬᠠᠪᠤᠷ   
ᠨᠢᠯᠬ᠎ᠠ ᠲᠥᠯ ᠦ᠋ᠨ ᠬᠠᠩᠭᠢᠨᠠᠮ᠎ᠠ ᠳᠠᠭᠤ ᠲᠠᠢ   
ᠨᠤᠲᠤᠭ ᠪᠠᠢᠭᠠᠯᠢ ᠶ᠋ᠢᠨ ᠰᠢᠨ᠎ᠡ ᠬᠠᠪᠤᠷ 
      ᠬᠠᠪᠤᠷ ᠠ᠋ᠴᠠ ᠬᠠᠢᠷ᠎ᠠ ᠤᠩᠰᠢᠨᠠᠮ 
      ᠬᠠᠪᠤᠷ ᠠ᠋ᠴᠠ ᠪᠢ ᠭᠠᠯᠠᠭᠤᠳ ᠤᠭᠲᠤᠨᠠᠮ   
      ᠬᠠᠪᠤᠷ ᠠ᠋ᠴᠠ ᠠᠶᠠᠯᠭᠤ ᠲᠥᠷᠥᠨᠡᠮ   
      ᠬᠠᠪᠤᠷ ᠠ᠋ᠴᠠ ᠪᠢ ᠨᠠᠢᠷᠠᠭ ᠰᠣᠨᠣᠰᠤᠨᠠᠮ   
ᠤᠰᠤ ᠪᠠᠨ ᠳᠠᠭᠠᠭᠰᠠᠨ ᠡᠭᠦᠯᠡᠰ ᠲᠡᠢ   
ᠤᠯᠠᠷᠢᠯ ᠤ᠋ᠨ ᠲᠡᠷᠢᠭᠦᠨ ᠬᠠᠪᠤᠷ   
ᠠᠭᠤᠯᠠ ᠪᠠᠨ ᠲᠦᠰᠢᠭᠰᠡᠨ ᠴᠢᠯᠠᠭᠤ ᠲᠠᠢ  
ᠣᠷᠴᠢᠯᠠᠩ ᠤ᠋ᠨ ᠪᠦᠪᠡᠢ ᠬᠠᠪᠤᠷ 
       ᠬᠠᠪᠤᠷ ᠠ᠋ᠴᠠ ᠦᠨᠳᠦᠰᠦ ᠬᠦᠪᠦᠷᠡᠨᠡᠮ   
       ᠬᠠᠪᠤᠷ ᠠ᠋ᠴᠠ ᠨᠠᠪᠴᠢ ᠳᠡᠯᠭᠡᠷᠡᠨᠡᠮ   
       ᠬᠠᠪᠤᠷ ᠠ᠋ᠴᠠ ᠬᠤᠷ᠎ᠠ ᠦᠨᠦᠷᠲᠦᠨᠡᠮ   
       ᠬᠠᠪᠤᠷ ᠠ᠋ᠴᠠ ᠬᠠᠲᠠᠭᠤ ᠶ᠋ᠢ ᠵᠥᠭᠡᠯᠡᠯᠡᠨᠡᠮ  
ᠳᠡᠯᠭᠡᠷ ᠵᠤᠨ ᠳ᠋ᠤ᠌ ᠡᠮᠦᠰᠬᠡᠯ ᠤᠷᠠᠯᠠᠭᠰᠠᠨ   
ᠳᠡᠯᠡᠬᠡᠢ ᠶ᠋ᠢ ᠴᠢᠮᠡᠭᠯᠡᠬᠦ ᠬᠡᠦᠬᠡᠨ ᠬᠠᠪᠤᠷ   
ᠳᠣᠯᠣᠭᠠᠨ ᠪᠤᠷᠬᠠᠨ ᠣᠳᠣᠨ ᠤ᠋ ᠳᠣᠣᠷ᠎ᠠ   
ᠳᠤᠷᠠᠰᠤᠮᠵᠢ ᠳᠦᠭᠦᠷᠡᠩ ᠢᠷᠦᠭᠡᠯᠲᠦ ᠬᠠᠪᠤᠷ   
        ᠬᠠᠪᠤᠷ ᠶᠠᠭᠤᠲᠠᠢ ᠤᠶᠠᠬᠠᠨ ᠪᠣᠢ   
        ᠬᠠᠪᠤᠷ ᠠ᠋ᠴᠠ ᠵᠡᠭᠦᠳᠦ ᠤᠯᠠᠷᠢᠨᠠᠮ   
        ᠬᠠᠪᠤᠷ ᠶᠠᠭᠤᠲᠠᠢ ᠤᠷᠢᠬᠠᠨ ᠪᠣᠢ   
        ᠬᠠᠪᠤᠷ ᠠ᠋ᠴᠠ ᠮᠥᠷᠥᠭᠡᠳᠦᠯ ᠤᠷᠠᠯᠠᠨᠠᠮ
ᠬᠡᠢᠢᠮᠣᠷᠢ ᠰᠦᠯᠵᠢᠶ᠎ᠡ
ᠢᠷᠡᠯᠲᠡ᠄
 

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0000-0000000

ᠢᠮᠧᠯ᠄ soninhuudas@gmail.com