ᠣᠶᠣᠨ ᠰᠠᠨᠠᠭ᠎ᠠ ᠲᠤᠰᠠᠭᠠᠷ ᠲᠣᠭᠲᠠᠨᠢᠶ᠎ᠠ
2025-12-11
ᠣᠩᠱᠢᠭ᠍ᠰᠠᠨ ᠣᠳᠠᠭ᠎ᠠ᠄

ᠣᠶᠣᠨ ᠰᠠᠨᠠᠭ᠎ᠠ ᠪᠠᠷ ᠢᠶᠠᠨ ᠲᠤᠰᠠᠭᠠᠷ ᠲᠣᠭᠲᠠᠨᠢᠶ᠎ᠠ

                                                 ᠲᠡᠮᠦᠭᠡ

 

ᠥᠪᠥᠷ ᠮᠣᠩᠭᠣᠯᠴᠤᠳ ᠴᠤ ᠲᠡᠷᠡ᠂ ᠣᠷᠣᠰ ᠤᠨ ᠨᠣᠶᠠᠷᠬᠠᠯ ᠳᠤ ᠪᠠᠢᠭ᠎ᠠ ᠪᠤᠷᠢᠶᠠᠳ ᠬᠠᠯᠢᠮᠠᠭ ᠣᠢᠷᠠᠳ ᠤᠳ ᠴᠤ ᠲᠡᠷᠡ ᠨᠢᠭᠡᠳᠦᠮᠡᠯ ᠮᠣᠩᠭᠣᠯ ᠲᠥᠷᠥ ᠤᠯᠤᠰ ᠤᠨ ᠨᠢᠭᠡ ᠬᠡᠰᠡᠭ ᠪᠠᠢᠭᠰᠠᠨ᠂ ᠮᠣᠩᠭᠣᠯᠴᠤᠳ ᠨᠢᠭᠡᠳᠬᠦ ᠶᠣᠰᠣᠲᠠᠢ᠂ ᠬᠠᠮᠤᠭ ᠮᠣᠩᠭᠣᠯ ᠢᠶᠠᠷ ᠢᠶᠠᠨ ᠲᠤᠰᠠᠭᠠᠷ ᠲᠣᠭᠲᠠᠨᠢᠬᠤ ᠶᠣᠰᠣᠲᠠᠢ ᠭᠡᠳᠡᠭ ᠢᠶᠡᠨ ᠬᠡᠵᠢᠶ᠎ᠡ ᠴᠤ ᠮᠠᠷᠲᠠᠵᠤ ᠪᠣᠯᠬᠤ ᠦᠭᠡᠢ᠃ ᠲᠤᠰᠠᠭᠠᠷ ᠲᠣᠭᠲᠠᠨᠢᠨ᠎ᠠ ᠭᠡᠰᠡᠨ ᠮᠥᠷᠥᠭᠡᠳᠦᠯ ᠲᠡᠮᠡᠦᠯᠦᠯ ᠲᠡᠢ ᠪᠠᠢᠵᠤ᠂ ᠥᠪ ᠰᠣᠶᠣᠯ᠂ ᠨᠡᠷ᠎ᠡ ᠲᠥᠷᠥ᠂ ᠡᠷᠬᠡ ᠠᠰᠢᠭ ᠢᠶᠠᠨ ᠬᠠᠮᠠᠭᠠᠯᠠᠬᠤ ᠶᠢᠨ ᠲᠥᠯᠥᠭᠡ ᠵᠣᠭᠰᠣᠰᠢ ᠦᠭᠡᠢ ᠲᠡᠮᠡᠴᠡᠵᠦ ᠴᠢᠳᠠᠨ᠎ᠠ᠃ ᠬᠢᠲᠠᠳ ᠤᠨ ᠵᠠᠰᠠᠭ ᠤᠨ ᠭᠠᠵᠠᠷ ᠪᠣᠢ ᠥᠨᠢ ᠡᠷᠲᠡᠨ ᠡᠴᠡ ᠬᠢᠲᠠᠳ ᠤᠨ ᠨᠤᠲᠤᠭ ᠪᠠᠢᠭᠰᠠᠨ ᠭᠡᠬᠦ ᠮᠡᠲᠦ ᠶᠢᠨ ᠶᠠᠭᠤᠮ᠎ᠠ ᠨᠣᠮᠯᠠᠵᠤ᠂ ᠢᠷᠭᠡᠳ ᠦᠨ ᠢᠶᠡᠨ ᠲᠣᠯᠣᠭᠠᠢ ᠶᠢ ᠡᠷᠭᠢᠭᠦᠯᠦᠭᠰᠡᠭᠡᠷ ᠢᠷᠡᠭᠰᠡᠨ᠃ ᠮᠣᠩᠭᠣᠯᠴᠤᠳ ᠪᠣᠯ ᠥᠨᠢ ᠡᠷᠲᠡᠨ ᠡᠴᠡ ᠨᠢᠭᠡᠳᠦᠮᠡᠯ ᠲᠥᠷᠥ ᠲᠡᠢ᠂ ᠨᠢᠭᠡᠳᠦᠮᠡᠯ ᠨᠤᠲᠤᠭ ᠳᠡᠪᠢᠰᠬᠡᠷ ᠲᠡᠢ ᠪᠠᠢᠵᠤ ᠢᠷᠡᠭᠰᠡᠨ ᠠᠷᠠᠳ ᠲᠦᠮᠡᠨ᠃ ᠶᠠᠭᠤᠨ ᠤ ᠲᠦᠷᠦᠭᠦᠨ ᠳᠦ᠂ ᠣᠶᠣᠨ ᠰᠠᠨᠠᠭ᠎ᠠ᠂ ᠰᠦᠨᠡᠰᠦ ᠰᠦᠯᠳᠡᠷ ᠢᠶᠡᠷ ᠢᠶᠡᠨ ᠲᠤᠰᠠᠭᠠᠷ ᠲᠣᠭᠲᠠᠨᠢᠵᠤ᠂ ᠪᠡᠶ᠎ᠡ ᠳᠠᠭᠠᠭᠠᠨ ᠰᠡᠳᠬᠢᠵᠦ᠂ ᠢᠷᠡᠭᠡᠳᠦᠢ ᠪᠡᠨ ᠲᠥᠰᠥᠭᠡᠯᠡᠵᠦ ᠶᠠᠪᠤᠬᠤ ᠨᠢ ᠬᠦᠮᠦᠨ ᠦ ᠵᠢᠩᠬᠢᠨᠢ ᠡᠷᠬᠡ᠂ ᠳᠡᠭᠡᠷ᠎ᠡ ᠲᠡᠭᠷᠢ ᠡᠴᠡ ᠵᠠᠶᠠᠭᠠᠮᠠᠯ ᠡᠷᠬᠡ ᠪᠡᠨ ᠡᠳ᠋ᠯᠡᠵᠦ ᠪᠤᠢ ᠬᠡᠷᠡᠭ᠃

ᠳᠡᠯᠡᠬᠡᠢ ᠶᠢᠨ ᠬᠣᠶᠠᠳᠤᠭᠠᠷ ᠳᠠᠢᠨ ᠤ ᠳ᠋ᠦᠩ ᠳᠦ ᠮᠣᠩᠭᠣᠯᠴᠤᠳ ᠭᠤᠷᠪᠠᠨ ᠤᠯᠤᠰ ᠲᠤ ᠬᠤᠪᠢᠶᠠᠭᠰᠠᠨ ᠨᠢ ᠵᠥᠪᠬᠡᠨ ᠮᠣᠩᠭᠣᠯᠴᠤᠳ ᠲᠤ ᠪᠢᠰᠢ᠂ ᠪᠦᠬᠦ ᠬᠦᠮᠦᠨ ᠲᠥᠷᠥᠯᠬᠢᠲᠡᠨ ᠳᠦ ᠴᠤ ᠬᠣᠣᠷ ᠤᠷᠰᠢᠭ ᠲᠠᠷᠢᠭᠰᠠᠨ ᠶᠠᠪᠤᠳᠠᠯ ᠶᠤᠮ᠃ ᠥᠪᠥᠷ ᠮᠣᠩᠭᠣᠯ ᠳᠤ ᠥᠪᠡᠷ ᠢᠶᠡᠨ ᠵᠠᠰᠠᠬᠤ ᠡᠷᠬᠡ ᠥᠭᠭᠦᠨ᠎ᠡ ᠭᠡᠵᠦ ᠠᠮᠠᠯᠠᠨ᠂ ᠥᠪᠡᠷ ᠢᠶᠡᠨ ᠵᠠᠰᠠᠬᠤ ᠣᠷᠣᠨ ᠭᠡᠭᠴᠢ ᠶᠢ ᠪᠠᠢᠭᠤᠯᠤᠭᠰᠠᠨ ᠪᠣᠯᠪᠠᠴᠤ᠂ ᠲᠤᠰᠠᠭᠠᠷ ᠲᠣᠭᠲᠠᠨᠢᠬᠤ ᠬᠦᠰᠡᠯ ᠮᠥᠷᠥᠭᠡᠳᠦᠯ ᠢ ᠨᠢ ᠮᠠᠷᠲᠠᠭᠤᠯᠬᠤ ᠭᠡᠵᠦ᠂ ᠥᠭᠡᠷ᠎ᠡ ᠪᠡᠷ ᠬᠡᠯᠡᠪᠡᠯ᠂ ᠦᠨᠳᠦᠰᠦᠲᠡᠨ ᠦ ᠨᠢ ᠬᠤᠪᠢ ᠳᠤ ᠤᠰᠠᠳᠬᠠᠬᠤ᠂ ᠠᠭᠤᠰᠬᠠᠬᠤ ᠭᠡᠵᠦ ᠠᠷᠭ᠎ᠠ ᠪᠦᠬᠦᠨ ᠢ ᠬᠡᠷᠡᠭᠯᠡᠵᠦ ᠦᠵᠡᠭᠰᠡᠨ᠃ ᠥᠪᠥᠷ ᠮᠣᠩᠭᠣᠯᠴᠤᠳ ᠴᠤ ᠮᠣᠩᠭᠣᠯ ᠢᠶᠠᠷ ᠢᠶᠠᠨ ᠦᠯᠡᠳᠡᠬᠦ ᠶᠢᠨ ᠲᠥᠯᠥᠭᠡ ᠲᠡᠮᠡᠴᠡᠵᠦ ᠲᠡᠯᠴᠢᠯᠡᠭᠰᠡᠭᠡᠷ ᠨᠦᠰᠡᠷ ᠶᠡᠬᠡ ᠬᠣᠬᠢᠷᠠᠯ ᠠᠮᠰᠠᠭᠰᠠᠨ ᠢ ᠪᠢᠳᠡ ᠬᠡᠵᠢᠶ᠎ᠡ ᠴᠤ ᠮᠠᠷᠲᠠᠵᠤ ᠪᠣᠯᠬᠤ ᠦᠭᠡᠢ᠂ ᠦᠷ᠎ᠡ ᠬᠣᠢᠴᠢᠰ ᠲᠤ ᠪᠠᠨ ᠰᠠᠨᠠᠭᠤᠯᠵᠤ ᠵᠠᠬᠢᠵᠤ ᠪᠠᠢᠬᠤ ᠬᠡᠷᠡᠭᠲᠡᠢ᠃ ᠬᠢᠲᠠᠳ ᠤᠯᠤᠰ ᠠᠷᠠᠳᠴᠢᠯᠠᠭᠰᠠᠨ᠂ ᠪᠣᠯᠪᠠᠰᠤᠨ᠂ ᠬᠦᠮᠦᠨ ᠦ ᠡᠷᠬᠡ ᠶᠢ ᠬᠦᠨᠳᠦᠳᠬᠡᠳᠡᠭ ᠲᠣᠭᠲᠠᠯᠴᠠᠭ᠎ᠠ ᠳᠤ ᠰᠢᠯᠵᠢᠬᠦ ᠡᠴᠡ ᠨᠠᠰᠢ᠂ ᠦᠨᠳᠦᠰᠦᠲᠡᠨ ᠮᠣᠩᠭᠣᠯ ᠢ ᠵᠠᠨᠤᠯᠬᠢᠯᠠᠬᠤ ᠶᠠᠪᠤᠳᠠᠯ ᠲᠠᠰᠤᠷᠠᠬᠤ ᠦᠭᠡᠢ᠃ ᠲᠤᠰᠠᠭᠠᠷ ᠲᠣᠭᠲᠠᠨᠢᠯ ᠪᠣᠯ ᠬᠡᠨ ᠴᠤ ᠪᠤᠯᠢᠶᠠᠵᠤ ᠴᠢᠳᠠᠬᠤ ᠦᠭᠡᠢ ᠦᠨᠳᠦᠰᠦᠨ ᠡᠷᠬᠡ᠂ ᠲᠤᠰᠠᠭᠠᠷ ᠲᠣᠭᠲᠠᠨᠢᠬᠤ ᠡᠷᠬᠡ ᠲᠡᠢ ᠭᠡᠳᠡᠭ ᠢᠶᠡᠨ ᠶᠠᠷᠢᠵᠤ ᠪᠠᠢᠵᠤ ᠯᠠ ᠲᠤᠬᠠᠢ ᠶᠢᠨ ᠣᠷᠴᠢᠨ ᠳᠤ ᠪᠠᠨ ᠣᠷᠣᠨ ᠵᠠᠢ ᠣᠯᠵᠤ᠂ ᠥᠪᠡᠷ ᠢ ᠪᠡᠨ ᠬᠥᠭᠵᠢᠭᠦᠯᠵᠦ᠂ ᠠᠮᠢ ᠨᠠᠰᠤ ᠪᠠᠨ ᠤᠷᠲᠤᠰᠬᠠᠵᠤ ᠴᠢᠳᠠᠨ᠎ᠠ᠃ ᠮᠣᠩᠭᠣᠯ ᠢᠶᠠᠷ ᠢᠶᠠᠨ ᠪᠠᠢᠬᠤ ᠡᠰᠡᠬᠦ ᠭᠡᠳᠡᠭ ᠠᠰᠠᠭᠤᠳᠠᠯ ᠳᠡᠭᠡᠷ᠎ᠡ ᠪᠠᠭᠤᠵᠤ ᠥᠭᠬᠦ ᠶᠣᠰᠣ ᠦᠭᠡᠢ᠃ ᠡᠭᠦᠨ ᠢ ᠥᠪᠥᠷ ᠮᠣᠩᠭᠣᠯᠴᠤᠳ ᠰᠠᠢᠨ ᠣᠢᠯᠠᠭᠠᠳᠠᠭ ᠢᠶᠠᠨ ᠦᠢ ᠣᠯᠠᠨ ᠵᠢᠱᠢᠶ᠎ᠡ ᠪᠡᠷ ᠬᠠᠷᠠᠭᠤᠯᠤᠭᠰᠠᠨ᠃

ᠰᠣᠶᠣᠯ ᠤᠯᠠᠮᠵᠢᠯᠠᠯ ᠢᠶᠠᠷ ᠢᠶᠠᠨ᠂ ᠣᠶᠣᠨ ᠰᠠᠨᠠᠭ᠎ᠠ ᠰᠦᠨᠡᠰᠦ ᠰᠦᠯᠳᠡᠷ ᠢᠶᠡᠷ ᠢᠶᠡᠨ ᠲᠤᠰᠠᠭᠠᠷ ᠲᠣᠭᠲᠠᠨᠢᠵᠤ ᠴᠢᠳᠠᠪᠠᠯ ᠮᠣᠩᠭᠣᠯ ᠠᠭᠤᠰᠬᠤ ᠦᠭᠡᠢ ᠮᠥᠬᠥᠬᠦ ᠦᠭᠡᠢ᠃ ᠴᠡᠷᠢᠭ ᠠᠷᠮᠢ᠂ ᠬᠦᠮᠦᠨ ᠠᠮᠠ᠂ ᠡᠳ᠋ ᠦᠨ ᠵᠠᠰᠠᠭ ᠤᠨ ᠬᠦᠴᠦᠨ ᠢᠶᠡᠷ ᠢᠶᠡᠨ ᠳᠠᠷᠤᠵᠤ᠂ ᠵᠠᠬᠢᠷᠭᠠᠨ ᠳᠤ ᠪᠠᠨ ᠣᠷᠣᠭᠤᠯᠤᠯ᠎ᠠ ᠴᠤ ᠭᠡᠰᠡᠨ ᠮᠣᠩᠭᠣᠯ ᠭᠡᠰᠡᠨ ᠤᠬᠠᠮᠰᠠᠷ ᠲᠠᠢ ᠪᠠᠢᠭᠰᠠᠨ ᠴᠠᠭ ᠲᠤ ᠡᠷᠡᠮᠡᠯᠵᠡᠯ ᠮᠥᠷᠥᠭᠡᠳᠦᠯ ᠨᠢ ᠮᠠᠨᠠᠭᠰᠠᠨ ᠭᠠᠯ ᠰᠢᠭ᠋ ᠬᠡᠳᠦᠢ ᠳᠦ ᠴᠤ ᠮᠠᠭᠠᠳ ᠦᠭᠡᠢ ᠳᠦᠷᠡᠯᠵᠡᠨ ᠠᠰᠠᠨ᠎ᠠ᠃

ᠬᠦᠮᠦᠨ ᠲᠥᠷᠥᠯᠬᠢᠲᠡᠨ ᠦ ᠨᠡᠢᠭᠡᠮ ᠳᠦ ᠠᠷᠠᠳᠴᠢᠯᠠᠯ᠂ ᠬᠦᠮᠦᠨ ᠦ ᠡᠷᠬᠡ ᠶᠢ ᠳᠡᠭᠡᠳᠦᠯᠡᠳᠡᠭ ᠶᠣᠰᠣ ᠵᠣᠩᠬᠢᠯᠠᠬᠤ ᠡᠳᠦᠷ ᠵᠠᠪᠠᠯ ᠢᠷᠡᠨ᠎ᠡ᠃ ᠥᠨᠥᠳᠥᠷ ᠲᠦ ᠪᠡᠨ ᠬᠡᠳᠦᠨ ᠳᠠᠷᠤᠩᠭᠤᠢᠯᠠᠭᠴᠢ ᠡᠵᠡᠷᠬᠡᠭᠴᠢ ᠹᠧᠣᠳᠠᠯ ᠤᠨ ᠬᠠᠭᠠᠨ ᠮᠠᠶ᠋ᠢᠭ ᠢᠶᠠᠷ ᠨᠣᠶᠠᠷᠬᠠᠵᠤ᠂ ᠳᠣᠲᠣᠭᠠᠳᠤ ᠳᠤ ᠪᠠᠨ ᠢᠷᠭᠡᠳ ᠢᠶᠡᠨ ᠨᠤᠬᠤᠴᠢᠨ ᠳᠠᠷᠤᠵᠤ᠂ ᠭᠠᠳᠠᠭᠰᠢ ᠲᠦᠷᠢᠮᠡᠭᠡᠢᠢᠯᠡᠬᠦ ᠪᠡᠷ ᠰᠦᠷᠳᠡᠭᠦᠯᠵᠦ ᠪᠠᠢᠪᠠᠴᠤ ᠲᠡᠳᠡ ᠤᠷᠲᠤ ᠨᠠᠰᠤᠯᠠᠬᠤ ᠦᠭᠡᠢ᠂ ᠠᠷᠠᠳ ᠲᠦᠮᠡᠨ ᠳᠦ ᠪᠡᠨ ᠯᠠᠪᠲᠠᠢ ᠳᠡᠢᠯᠦᠭᠳᠡᠨ᠎ᠡ᠃

ᠥᠭᠡᠷ᠎ᠡ ᠥᠭᠡᠷ᠎ᠡ ᠬᠡᠯᠡ ᠰᠣᠶᠣᠯ ᠲᠠᠢ ᠠᠷᠠᠳ ᠲᠦᠮᠡᠨ ᠨᠢᠭᠡ ᠲᠥᠷᠥ ᠶᠢᠨ ᠵᠠᠰᠠᠭᠯᠠᠯ ᠳᠣᠣᠷ᠎ᠠ ᠡᠶ᠎ᠡ ᠡᠪ ᠲᠡᠢ ᠣᠷᠣᠰᠢᠨ ᠠᠮᠢᠳᠤᠷᠠᠵᠤ ᠪᠤᠢ ᠵᠢᠱᠢᠶ᠎ᠡ ᠵᠥᠩᠳᠡᠭᠡᠨ ᠪᠠᠢᠭ᠎ᠠ᠃ ᠬᠡᠳᠦᠨ ᠬᠡᠳᠦᠨ ᠬᠡᠯᠡ ᠶᠢ ᠲᠥᠷᠥ ᠶᠢᠨ ᠬᠡᠯᠡ ᠪᠣᠯᠭᠠᠨ ᠵᠠᠷᠯᠠᠭᠠᠳ ᠬᠡᠷᠡᠭᠯᠡᠵᠦ ᠪᠤᠢ ᠤᠯᠤᠰ ᠤᠳ ᠪᠠᠢᠨ᠎ᠠ᠃ ᠬᠢᠲᠠᠳ ᠤᠨ ᠣᠷᠴᠢᠨ ᠳᠤ ᠮᠣᠩᠭᠣᠯᠴᠤᠳ ᠥᠪᠡᠷ ᠦᠨ ᠬᠡᠯᠡ ᠪᠡᠨ ᠪᠤᠰᠤᠳ ᠲᠤ ᠠᠯᠪᠠ ᠪᠠᠷ ᠲᠤᠯᠭᠠᠨ ᠰᠤᠷᠭᠠᠬᠤ ᠭᠡ ᠦᠭᠡᠢ᠂ ᠳᠣᠲᠣᠭᠠᠳᠤ ᠳᠤ ᠪᠠᠨ ᠰᠤᠷᠴᠤ ᠬᠡᠷᠡᠭᠯᠡᠵᠦ᠂ ᠦᠷ᠎ᠡ ᠬᠡᠦᠬᠡᠳ ᠲᠦ ᠪᠡᠨ ᠥᠪᠯᠡᠭᠦᠯᠬᠦ ᠢᠨᠠᠳᠤ ᠵᠠᠬ᠎ᠠ ᠶᠢᠨ ᠱᠠᠭᠠᠷᠳᠠᠯᠭ᠎ᠠ ᠲᠠᠯᠪᠢᠭᠠᠳ ᠴᠤ ᠵᠥᠪᠰᠢᠶᠡᠷᠡᠭᠳᠡᠬᠦ ᠦᠭᠡᠢ᠂ ᠪᠦᠷ ᠲᠡᠦᠬᠡ ᠰᠤᠳᠤᠷ ᠠᠴᠠ ᠨᠢ ᠡᠬᠢᠯᠡᠭᠡᠳ ᠦᠭᠡᠢᠰᠬᠡᠵᠦ᠂ ᠶᠡᠷᠦ ᠡᠴᠡ ᠲᠡᠢᠮᠦ ᠦᠨᠳᠦᠰᠦᠲᠡᠨ ᠪᠠᠢᠭ᠎ᠠ ᠦᠭᠡᠢ ᠭᠡᠵᠦ ᠬᠠᠷᠠᠭᠳᠠᠭᠤᠯᠬᠤ ᠪᠠᠷ᠂ ᠦᠨᠳᠦᠰᠦᠨ ᠦ ᠪᠦᠬᠦ ᠣᠨᠴᠠᠯᠢᠭ᠂ ᠥᠪ ᠳᠤᠷᠠᠰᠬᠠᠯ ᠢ ᠨᠢ ᠬᠦᠷᠲᠡᠯ᠎ᠡ ᠠᠷᠴᠢᠵᠤ ᠣᠷᠬᠢᠬᠤ ᠪᠣᠳᠣᠯᠭ᠎ᠠ ᠶᠠᠪᠤᠭᠤᠯᠵᠤ ᠪᠠᠢᠬᠤ ᠳᠤ ᠲᠡᠳᠡᠨ ᠳᠦ ᠶᠠᠭᠠᠬᠢᠨ ᠢᠲᠡᠭᠡᠵᠦ ᠪᠣᠯᠬᠤ ᠪᠢᠯᠡ

ᠲᠡᠢᠮᠦ ᠤᠴᠢᠷ ᠠᠴᠠ᠂ ᠥᠪᠥᠷ ᠮᠣᠩᠭᠣᠯᠴᠤᠳ ᠲᠤᠰᠠᠭᠠᠷ ᠲᠣᠭᠲᠠᠨᠢᠬᠤ ᠡᠷᠬᠡ ᠲᠡᠢ᠂ ᠦᠨᠳᠦᠰᠦᠨ ᠢ ᠤᠰᠠᠳᠬᠠᠬᠤ᠂ ᠬᠦᠴᠦ ᠪᠡᠷ ᠠᠭᠤᠰᠬᠠᠬᠤ ᠪᠣᠳᠣᠯᠭ᠎ᠠ ᠶᠠᠪᠤᠭᠤᠯᠵᠤ ᠪᠤᠢ ᠨᠥᠬᠥᠴᠡᠯ ᠳᠦ ᠲᠤᠰᠠᠭᠠᠷ ᠲᠣᠭᠲᠠᠨᠢᠬᠤ ᠠᠴᠠ ᠥᠭᠡᠷ᠎ᠡ ᠠᠷᠭ᠎ᠠ ᠦᠭᠡᠢ᠂ ᠬᠢᠲᠠᠳ ᠤᠨ ᠥᠨᠥ ᠶᠢᠨ ᠬᠠᠷᠭᠢᠰ ᠪᠣᠳᠣᠯᠭ᠎ᠠ ᠠᠴᠠ ᠪᠣᠯᠣᠭᠰᠠᠨ ᠨᠣᠴᠢᠲᠠᠢ ᠦᠷ᠎ᠡ ᠨᠥᠯᠥᠭᠡ ᠶᠢᠨ ᠲᠠᠯ᠎ᠠ ᠪᠠᠷ ᠳᠡᠯᠡᠬᠡᠢ ᠨᠡᠢᠲᠡ ᠪᠡᠷ ᠢᠶᠡᠨ ᠠᠩᠬᠠᠷᠤᠯ ᠬᠠᠨᠳᠤᠭᠤᠯᠬᠤ ᠶᠢ ᠤᠷᠢᠶᠠᠯᠠᠬᠤ ᠯᠠ ᠬᠡᠷᠡᠭᠲᠡᠢ᠃

ᠢᠷᠡᠯᠲᠡ᠄
 

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0000-0000000

ᠢᠮᠧᠯ᠄ soninhuudas@gmail.com