ᠮᠣᠩᠭᠣᠯ ᠬᠡᠯᠡ ᠶᠠᠳᠠᠭᠤ ᠦᠦ
2026-01-06
ᠣᠩᠱᠢᠭ᠍ᠰᠠᠨ ᠣᠳᠠᠭ᠎ᠠ᠄

 

 

 

 

 

 

ᠮᠣᠩᠭᠣᠯ ᠬᠡᠯᠡ ᠶᠠᠳᠠᠭᠤ ᠦᠦ︖

                                                                ᠳᠡᠯᠭᠡᠷᠡᠬᠦ

 

ᠮᠣᠩᠭᠣᠯ ᠬᠡᠯᠡ ᠶᠠᠳᠠᠭᠤ᠂ ᠨᠡᠷ᠎ᠡ ᠲᠣᠮᠢᠶ᠎ᠠ ᠬᠦᠷᠦᠯᠴᠡᠬᠦ ᠦᠭᠡᠢ ᠪᠠᠢᠨ᠎ᠠ ᠭᠡᠵᠦ ᠳᠠᠩᠳᠠ ᠶᠠᠷᠢᠳᠠᠭ᠃ ᠪᠡᠶ᠎ᠡ ᠳᠠᠭᠠᠭᠠᠵᠤ ᠰᠡᠳᠬᠢᠳᠡᠭ᠂ ᠲᠣᠯᠣᠭᠠᠢ ᠪᠠᠨ ᠮᠡᠳᠡᠳᠡᠭ ᠦᠶ᠎ᠡ ᠳᠦ ᠦᠭᠡ ᠶᠢᠨ ᠰᠠᠩ ᠬᠡᠵᠢᠶ᠎ᠡ ᠴᠤ ᠬᠣᠮᠰᠠᠳᠠᠳᠠᠭ ᠦᠭᠡᠢ᠃ ᠦᠭᠡᠰ ᠦᠨ ᠰᠠᠩ ᠳᠤ ᠪᠠᠨ ᠡᠵᠡᠨ ᠰᠠᠭᠤᠵᠤ ᠴᠢᠳᠠᠬᠤ ᠦᠭᠡᠢ ᠪᠣᠯ ᠪᠠᠢᠭ᠎ᠠ ᠪᠠᠨ ᠪᠤᠶᠠᠨ ᠢᠶᠠᠨ ᠡᠳ᠋ᠯᠡᠵᠦ ᠴᠢᠳᠠᠬᠤ ᠦᠭᠡᠢ᠃ ᠮᠣᠩᠭᠣᠯᠴᠤᠳ ᠮᠠᠨᠳᠤᠵᠤ ᠪᠠᠢᠬᠤ ᠦᠶ᠎ᠡ ᠳᠦ ᠪᠡᠨ ᠮᠣᠩᠭᠣᠯ ᠨᠤᠲᠤᠭ ᠲᠤ ᠪᠠᠢᠳᠠᠭ ᠦᠭᠡᠢ ᠠᠮᠢᠲᠠᠨ᠂ ᠤᠷᠭᠤᠮᠠᠯ᠂ ᠡᠳ᠋ ᠡᠷᠳᠡᠨᠢᠰ ᠲᠦ ᠬᠦᠷᠲᠡᠯ᠎ᠡ ᠨᠡᠷ᠎ᠡ ᠥᠭᠭᠦᠭᠡᠳ ᠯᠠ᠂ ᠣᠯᠵᠤ ᠠᠪᠤᠭᠠᠳ ᠡᠳ᠋ᠯᠡᠭᠡᠳ ᠯᠠ ᠪᠠᠢᠭᠰᠠᠨ᠃

ᠪᠤᠰᠤᠳ ᠤᠨ ᠬᠡᠯᠡ ᠶᠢ ᠬᠠᠷᠠᠵᠤ ᠣᠷᠴᠢᠭᠤᠯᠬᠤ ᠭᠡᠵᠦ ᠴᠥᠭᠡᠨ ᠬᠡᠳᠦᠨ ᠦᠭᠡᠨ ᠳᠣᠲᠣᠷ᠎ᠠ ᠪᠠᠨ ᠡᠷᠭᠢᠯᠳᠦᠭᠡᠳ᠂ ᠨᠡᠷ᠎ᠡ ᠥᠭᠬᠦ ᠤᠬᠠᠮᠰᠠᠷ ᠢᠶᠠᠨ ᠠᠯᠳᠠᠭᠰᠠᠨ ᠠᠴᠠ ᠪᠣᠯᠵᠤ ᠵᠦᠳᠡᠷᠡᠳᠡᠭ᠃

ᠵᠢᠱᠢᠶ᠎ᠡ ᠪᠡᠷ ᠶᠠᠷᠢᠶ᠎ᠠ᠃ ᠬᠢᠲᠠᠳ ᠢᠶᠠᠷ 打火机᠂ ᠣᠷᠣᠰ ᠢᠶᠠᠷ аигалка᠂ ᠠᠩᠭ᠍ᠯᠢ ᠪᠠᠷ lighter ᠭᠡᠳᠡᠭ ᠵᠦᠢᠯ ᠢ ᠮᠣᠩᠭᠣᠯ ᠢᠶᠠᠷ 《 ᠠᠰᠠᠭᠠᠭᠤᠷ 》 ᠭᠡᠳᠡᠭ ᠪᠣᠯᠵᠤ ᠪᠠᠢᠭ᠎ᠠ ᠠᠵᠠᠢ᠃ ᠭᠡᠲᠡᠯ᠎ᠡ ᠮᠣᠩᠭᠣᠯ ᠦᠭᠡᠨ ᠳᠦ ᠶᠠᠭ ᠣᠨᠣᠭᠠᠭᠰᠠᠨ《 ᠬᠡᠲᠡ 》 ᠭᠡᠳᠡᠭ ᠦᠭᠡ ᠪᠠᠢᠳᠠᠭ᠃ ᠰᠠᠶ᠋ᠢ ᠳᠤᠷᠠᠳᠤᠭᠰᠠᠨ ᠬᠢᠲᠠᠳ ᠣᠷᠣᠰ ᠠᠩᠭ᠍ᠯᠢ ᠶᠢᠨ ᠠᠯᠢ ᠨᠢ ᠴᠤ ᠣᠨᠣᠭᠠᠭᠰᠠᠨ ᠨᠡᠷ᠎ᠡ ᠪᠢᠰᠢ᠃ ᠬᠡᠲᠡ ᠶᠢ ᠬᠢᠲᠠᠳ ᠢᠶᠠᠷ᠂ ᠭᠠᠯ ᠤᠨ ᠬᠠᠳᠤᠭᠤᠷ᠂ ᠠᠩᠭ᠍ᠯᠢ ᠪᠠᠷ ᠭᠠᠯ ᠴᠠᠬᠢᠭᠴᠢ᠂ ᠴᠠᠬᠢᠭᠤᠷ ᠬᠠᠪᠢᠷᠤᠭᠴᠢ ᠭᠡᠬᠦ ᠮᠠᠶ᠋ᠢᠭ ᠢᠶᠠᠷ ᠨᠡᠷᠡᠯᠡᠵᠦ ᠪᠠᠢᠨ᠎ᠠ᠃ ᠬᠡᠲᠡ ᠭᠡᠳᠡᠭ ᠦᠭᠡ ᠪᠡᠨ ᠡᠨᠳᠡ ᠠᠰᠢᠭᠯᠠᠬᠤ ᠦᠭᠡᠢ ᠪᠣᠯ ᠬᠡᠵᠢᠶ᠎ᠡ ᠴᠤ ᠠᠰᠢᠭᠯᠠᠬᠤ ᠦᠭᠡᠢ ᠪᠣᠯᠵᠤ᠂ ᠮᠣᠩᠭᠣᠯ ᠬᠡᠯᠡ ᠨᠢᠭᠡ ᠰᠢᠷᠬᠡᠭ ᠦᠭᠡ ᠪᠡᠷ ᠶᠠᠳᠠᠭᠤᠷᠠᠨ᠎ᠠ᠃

隐形眼镜 ᠪᠤᠶᠤ contact lenses ᠢ 《 ᠴᠡᠴᠡᠭᠡᠢ ᠶᠢᠨ ᠰᠢᠯ 》 ᠭᠡᠬᠦ ᠳᠦ ᠪᠣᠯᠣᠨ᠎ᠠ᠃ ᠮᠣᠩᠭᠣᠯ ᠤᠯᠤᠰ ᠲᠤ Контакт линз ᠭᠡᠵᠦ ᠪᠠᠢᠨ᠎ᠠ᠃ ᠴᠡᠴᠡᠭᠡᠢ ᠶᠢᠨ ᠰᠢᠯ ᠡᠴᠡ ᠪᠡᠨ ᠲᠣᠪᠴᠢᠯᠠᠭᠠᠳ《 ᠴᠡᠴᠡᠭᠡᠢᠪᠴᠢ 》 ᠭᠡᠬᠦ ᠮᠡᠲᠦ ᠪᠣᠯᠭᠠᠵᠤ ᠴᠤ ᠪᠣᠯᠣᠨ᠎ᠠ᠃

遥控器 ᠪᠤᠶᠤ remote control ᠢ ᠮᠣᠩᠭᠣᠯ ᠤᠯᠤᠰ ᠲᠤ 《 ᠠᠯᠤᠰ ᠤᠨ ᠤᠳᠤᠷᠢᠳᠤᠯᠭ᠎ᠠ᠂ ᠤᠳᠤᠷᠢᠳᠤᠯᠭ᠎ᠠ 》 ᠭᠡᠨ᠎ᠡ᠃ ᠵᠢᠯᠣᠭᠣᠳᠬᠤ ᠬᠥᠲᠥᠯᠬᠦ ᠬᠡᠷᠡᠭᠰᠡᠯ ᠢ ᠵᠢᠯᠣᠭᠣ᠂ ᠴᠤᠯᠪᠤᠭᠤᠷ ᠭᠡᠬᠦ ᠦᠶ᠎ᠡ ᠪᠤᠢ᠂ ᠲᠡᠷᠡ ᠪᠣᠯ ᠣᠢᠷ᠎ᠠ ᠶᠢᠨ ᠤᠳᠤᠷᠢᠳᠤᠯᠭ᠎ᠠ᠂ ᠵᠢᠭᠠᠬᠠᠨ ᠢᠯᠡᠭᠦᠦ ᠵᠠᠢ ᠠᠴᠠ ᠵᠢᠯᠣᠭᠣᠳᠬᠤ ᠦᠶ᠎ᠡ ᠳᠦ 《 ᠳᠡᠯᠪᠡᠭᠡ 》 ᠭᠡᠳᠡᠭ ᠦᠭᠡ ᠬᠡᠷᠡᠭᠯᠡᠳᠡᠭ ᠢ ᠰᠠᠨᠠᠭᠠᠳ᠂ ᠠᠯᠤᠰ ᠠᠴᠠ ᠤᠳᠤᠷᠢᠳᠬᠤ ᠪᠠᠭᠠᠵᠢ ᠶᠢ ᠨᠢ ᠳᠡᠯᠪᠡᠭᠡ ᠭᠡᠳ᠂ ᠤᠳᠤᠷᠢᠳᠬᠤ ᠦᠢᠯᠡᠳᠦᠯ ᠬᠢᠬᠦ ᠶᠢ ᠨᠢ ᠳᠡᠯᠪᠡᠬᠦ ᠭᠡᠪᠡᠯ ᠮᠣᠩᠭᠣᠯ ᠬᠡᠯᠡ ᠪᠡᠷ ᠢᠶᠡᠨ ᠢᠯᠡᠳᠬᠡᠴᠢᠬᠡᠨ᠎ᠡ᠃

抛物线 ᠪᠤᠶᠤ parabola ᠶᠢ ᠮᠣᠩᠭᠣᠯ ᠤᠯᠤᠰ ᠲᠤ  ᠲᠡᠭᠦᠨ ᠢ ᠨᠢ ᠺᠢᠷᠢᠯᠯ ᠢᠶᠡᠷ ᠭᠠᠯᠢᠭᠯᠠᠭᠠᠳ ᠶᠠᠪᠤᠵᠤ ᠪᠠᠢᠭ᠎ᠠ ᠪᠣᠯ᠂ ᠥᠪᠥᠷ ᠮᠣᠩᠭᠣᠯ ᠳᠤ 《 ᠬᠠᠶᠠᠯᠲᠠ ᠶᠢᠨ ᠱᠤᠭᠤᠮ 》 ᠡᠨᠡ ᠲᠡᠷᠡ ᠭᠡᠬᠦ ᠵᠢᠱᠢᠶ᠎ᠡ ᠲᠡᠢ᠃ ᠳᠠᠶ᠋ᠢᠯᠬᠤ ( даялах)  ᠭᠡᠵᠦ᠂ ᠳᠤᠭᠤᠢᠷᠠᠭᠤᠯᠤᠨ᠂ ᠨᠤᠮᠤᠨ ᠬᠡᠯᠪᠡᠷᠢ ᠪᠡᠷ ᠬᠥᠳᠡᠯᠬᠦ᠂ ᠬᠥᠳᠡᠯᠭᠡᠬᠦ ᠶᠢ ᠬᠡᠯᠡᠳᠡᠭ᠂ 《 ᠳᠠᠶ᠋ᠢᠯᠤᠯᠲᠠ᠂ ᠳᠠᠶ᠋ᠢᠯᠤᠯ 》 ᠭᠡᠪᠡᠯ᠂ ᠭᠠᠳᠠᠭᠠᠳᠤ ᠦᠭᠡ ᠬᠡᠷᠡᠭᠯᠡᠬᠦ ᠦᠭᠡᠢ ᠳᠦ ᠪᠣᠯᠣᠨ᠎ᠠ᠃

醋 ᠪᠤᠶᠤ vinegar ᠢ ᠮᠣᠩᠭᠣᠯ ᠢᠶᠠᠷ《 ᠰᠢᠷᠬᠡ᠂ ширх 》 ᠭᠡᠵᠦ ᠪᠠᠢᠭᠰᠠᠨ ᠢ ᠳᠤᠮᠳᠠᠳᠤ ᠵᠠᠭᠤᠨ ᠤ ᠲᠣᠯᠢ ᠪᠢᠴᠢᠭ ᠲᠦ ᠲᠡᠮᠳᠡᠭᠯᠡᠵᠦ ᠪᠠᠢᠳᠠᠭ᠃《 ᠼᠤᠤ 》 ᠭᠡᠳᠡᠭ ᠬᠢᠲᠠᠳ ᠦᠭᠡ ᠶᠢ ᠬᠡᠷᠡᠭᠯᠡᠬᠦ ᠠᠯᠪᠠ ᠦᠭᠡᠢ᠃

ᠵᠠᠯᠬᠠᠭᠤ ᠶᠢᠨ ᠤᠷᠰᠢᠭ ᠢᠶᠠᠷ ᠶᠠᠳᠠᠭᠤ ᠪᠣᠯᠳᠠᠭ᠃ ᠮᠣᠩᠭᠣᠯ ᠦᠭᠡᠰ ᠦᠨ ᠰᠠᠩ ᠪᠠᠶᠠᠨ ᠪᠣᠯᠪᠠᠴᠤ᠂ ᠡᠷᠢᠵᠦ ᠬᠠᠢᠬᠤ ᠠᠴᠠ ᠪᠠᠨ ᠵᠠᠯᠬᠠᠭᠤᠷᠠᠭᠠᠳ᠂ ᠣᠢᠷ᠎ᠠ ᠬᠠᠪᠢ ᠶᠢᠨ ᠢᠶᠡᠷ ᠢᠶᠡᠨ ᠪᠡᠯᠡᠨᠴᠢᠯᠡᠭᠡᠳ ᠪᠠᠢᠪᠠᠯ᠂ ᠭᠠᠷ ᠮᠡᠬᠦᠰ ᠭᠠᠨᠵᠤᠭ᠎ᠠ ᠲᠠᠲᠠᠭᠤ ᠪᠣᠯᠬᠤ ᠠᠴᠠ ᠥᠭᠡᠷ᠎ᠡ ᠶᠠᠭᠠᠬᠢᠬᠤ ᠪᠢᠯᠡ᠃

Гэрэгэ  ᠭᠡᠬᠦ ᠨᠡᠷ᠎ᠡ ᠲᠣᠮᠢᠶ᠎ᠠ ᠡᠨᠳᠡ ᠲᠡᠨᠳᠡ  ᠦᠭᠡᠢ  ᠴᠣᠬᠢᠵᠤ ᠶᠠᠪᠤᠳᠠᠭ ᠪᠣᠯᠣᠯ᠎ᠠ᠃ ᠺᠢᠷᠢᠯᠯ ᠪᠢᠴᠢᠭ ᠲᠦ ᠡᠢᠮᠦ ᠪᠢᠴᠢᠯᠭᠡ ᠲᠡᠢ ᠦᠭᠡ ᠬᠠᠷᠠᠭᠳᠠᠳᠠᠭ ᠦᠭᠡᠢ ᠶᠤᠮ᠂ ᠶᠠᠭᠤ ᠪᠣᠯᠪᠠ︖ ᠭᠡᠰᠡᠨ ᠴᠢᠨᠢ᠂ 《  ᠬᠡᠷᠡᠭᠡ᠂ хэрээ 》 ᠭᠡᠵᠦ  ᠭᠡᠵᠦ ᠬᠠᠭᠤᠴᠢᠨ ᠪᠢᠴᠢᠭ ᠲᠦ ᠪᠠᠢᠳᠠᠭ  ᠢ  ᠪᠤᠷᠤᠭᠤ ᠳᠠᠭᠤᠳᠠᠭᠠᠳ᠂ ᠪᠠᠰᠠ ᠪᠤᠷᠤᠭᠤ ᠣᠢᠯᠠᠭᠠᠭᠠᠳ ᠶᠠᠪᠤᠵᠤ ᠪᠤᠢ ᠨᠢ ᠲᠡᠷᠡ ᠠᠵᠠᠢ᠃︽ ᠬᠡᠷᠡᠭᠡ︾ ᠭᠡᠵᠦ ᠫᠠᠢᠰᠠ ᠶᠢ ᠬᠡᠯᠡᠨ᠎ᠡ᠂ ᠡᠭᠡᠯᠵᠢ᠂ ᠬᠠᠯᠠᠭ᠎ᠠ᠂ ᠵᠢᠵᠢᠭᠦᠷ ᠢ ᠴᠤ ᠬᠡᠯᠡᠨ᠎ᠡ᠃ ᠲᠡᠷᠡ ᠫᠠᠢᠰᠠ ᠪᠠᠨ ᠪᠠᠷᠢᠭᠠᠳ ᠡᠭᠡᠯᠵᠢ ᠬᠠᠯᠠᠭ᠎ᠠ ᠪᠠᠨ ᠠᠪᠳᠠᠭ᠂ ᠭᠡᠷᠡᠴᠢ ᠲᠡᠮᠳᠡᠭ᠂ ᠢᠲᠡᠭᠡᠮᠵᠢᠯᠡᠬᠦ ᠪᠢᠴᠢᠭ ᠪᠣᠯᠭᠠᠳᠠᠭ ᠪᠠᠢᠵᠠᠢ᠃ ᠶᠠᠭᠤᠨ  гэрээ ᠪᠢᠯᠡ᠂ ᠵᠦᠭᠡᠷ ᠯᠠ хэрээ ᠭᠡᠵᠦ  ᠪᠠᠢ᠂ ᠡᠨᠡ ᠪᠣᠯ ᠬᠠᠭᠤᠴᠢᠨ ᠮᠣᠩᠭᠣᠯ ᠪᠢᠴᠢᠭ ᠢᠶᠡᠨ ᠰᠠᠢᠨ ᠮᠡᠳᠡᠬᠦ ᠦᠭᠡᠢ᠂ ᠰᠤᠷᠪᠤᠯᠵᠢ ᠰᠤᠳᠤᠷ ᠢᠶᠠᠨ ᠠᠰᠢᠭᠯᠠᠳᠠᠭ ᠦᠭᠡᠢ ᠶᠢᠨ ᠭᠠᠢ᠃

.  ᠭᠡᠲᠡᠯ᠎ᠡ︽ ᠮᠣᠩᠭᠣᠯ ᠬᠡᠯᠡᠨ ᠦ ᠳᠡᠯᠭᠡᠷᠡᠩᠭᠦᠢ ᠲᠠᠢᠯᠪᠤᠷᠢ ᠲᠣᠯᠢ︾ ᠳᠦ[хуучирсан] Албан тушаалтан, цэргийн ноёд, элчин нарт олгож байсан алт, мөнгөн пайз.   ᠭᠡᠵᠦ ᠲᠠᠢᠯᠪᠤᠷᠢᠯᠠᠭᠰᠠᠨ ᠭᠠᠵᠠᠷ ᠪᠠᠰᠠ ᠪᠠᠢᠨ᠎ᠠ᠃ хэрээ ᠭᠡᠬᠦ ᠳᠠᠭᠤᠳᠠᠯᠭ᠎ᠠ ᠪᠠᠷ ᠨᠢ ᠪᠣᠯ᠂ ᠬᠣᠷᠴᠢᠨ ᠳᠤ︽ ᠡᠭᠡᠯᠵᠢ᠂ ᠬᠠᠯᠠᠭ᠎ᠠ᠂ ᠵᠢᠵᠢᠭᠦᠷ︾ ᠭᠡᠬᠦ ᠤᠳᠬ᠎ᠠ ᠪᠠᠷ ᠶᠠᠷᠢᠳᠠᠭ ᠭᠡᠬᠦ ᠤᠬᠠᠭᠠᠨ ᠲᠠᠢ ᠲᠠᠢᠯᠪᠤᠷᠢ ᠬᠢᠭᠰᠡᠨ ᠪᠠᠢᠨ᠎ᠠ᠃

ᠡᠨᠡ ᠨᠢ ᠴᠤ ᠶᠠᠭᠠᠬᠢᠬᠤ ᠪᠣᠢ᠂ ᠮᠣᠩᠭᠣᠯ ᠪᠢᠴᠢᠭ ᠢᠶᠡᠨ ᠮᠡᠳᠡᠳᠡᠭ ᠦᠭᠡᠢ ᠡᠴᠡ ᠪᠣᠯᠣᠯ᠎ᠠ ᠭᠡᠵᠦ ᠪᠣᠳᠣᠶ᠎ᠠ᠃︽ ᠬᠡᠯᠮᠡᠭᠳᠡᠭᠦᠯᠬᠦ︾ ᠭᠡᠵᠦ ᠬᠠᠴᠢᠨ ᠦᠭᠡ ᠪᠤᠢ᠃︽ ᠬᠡᠯᠮᠡᠬᠦ᠂ хэлмэх,гэлмэх︾ ᠨᠢ ᠠᠶᠤᠬᠤ᠂ ᠰᠣᠴᠢᠬᠤ ᠭᠡᠰᠡᠨ ᠤᠳᠬ᠎ᠠ ᠲᠠᠢ᠃ ᠠᠶᠤᠭᠳᠠᠭᠤᠯᠬᠤ᠂ ᠰᠣᠴᠢᠭᠳᠠᠭᠤᠯᠬᠤ ᠭᠡᠵᠦ ᠶᠠᠷᠢᠳᠠᠭ ᠦᠭᠡᠢ᠃ ᠠᠶᠤᠬᠤ᠂ ᠰᠣᠴᠢᠬᠤ ᠳᠤ ᠬᠦᠷᠭᠡᠬᠦ ᠶᠢ ᠨᠢ︽ ᠬᠡᠯᠮᠡᠭᠦᠯᠬᠦ︾ ᠭᠡᠳ ᠪᠣᠯᠣᠭ᠎ᠠ ᠪᠢᠰᠢ ᠦᠦ᠃ ᠲᠠᠲᠠᠭᠰᠠᠨ ᠠᠴᠠ ᠪᠣᠯᠵᠤ ᠪᠠᠭᠤᠬᠤ ᠶᠢ︽ ᠲᠠᠲᠠᠭᠳᠠᠨ ᠪᠠᠭᠤᠬᠤ︾ ᠭᠡᠬᠦ ᠶᠣᠰᠣᠲᠠᠢ ᠪᠠᠢᠲᠠᠯ᠎ᠠ︽ ᠲᠠᠲᠠᠨ ᠪᠠᠭᠤᠭᠳᠠᠬᠤ︾ ᠭᠡᠵᠦ᠂ ᠦᠢᠯᠡ ᠦᠭᠡᠨ ᠦ ᠪᠡᠨ  ᠲᠤᠰᠬᠤ᠂ ᠡᠰᠡ ᠲᠤᠰᠬᠤ ᠶᠢᠨ ᠤᠴᠢᠷ ᠢ ᠣᠯᠬᠤ ᠦᠭᠡᠢ ᠪᠤᠳᠤᠯᠢᠵᠤ ᠪᠠᠢᠳᠠᠭ᠃ ᠪᠢᠳᠡ ᠪᠠᠷᠠᠭ᠎ᠠ ᠶᠢ ᠪᠣᠷᠣᠯᠠᠭᠤᠯᠤᠨ᠎ᠠ᠂ ᠪᠠᠷᠠᠭ᠎ᠠ ᠨᠢ ᠪᠣᠯᠪᠠᠯ ᠪᠣᠷᠣᠯᠠᠨ᠎ᠠ᠂ ᠪᠠᠷᠠᠭ᠎ᠠ︽ ᠪᠣᠷᠣᠯᠠᠭᠳᠠᠨ᠎ᠠ︾ ᠭᠡᠵᠦ ᠬᠡᠯᠡᠬᠦ ᠶᠣᠰᠣ ᠦᠭᠡᠢ᠃

ᠨᠡᠷ᠎ᠡ ᠦᠭᠡ᠂ ᠦᠢᠯᠡ ᠦᠭᠡ ᠶᠢᠨ ᠰᠠᠩ ᠢᠶᠠᠨ ᠠᠭᠤᠳᠠᠯᠵᠤ ᠴᠢᠳᠠᠬᠤ ᠦᠭᠡᠢ᠂ ᠦᠭᠡ ᠪᠦᠲᠦᠭᠡᠬᠦ ᠪᠣᠯᠣᠮᠵᠢ ᠪᠠᠨ ᠠᠰᠢᠭᠯᠠᠬᠤ ᠦᠭᠡᠢ ᠪᠣᠯ᠂ ᠭᠠᠳᠠᠭᠠᠳᠤ ᠦᠭᠡ ᠪᠡᠯᠡᠨᠴᠢᠯᠡᠵᠦ ᠠᠪᠤᠭᠠᠳ ᠯᠠ ᠰᠠᠭᠤᠨ᠎ᠠ᠃ ᠭᠠᠳᠠᠭᠠᠳᠤ ᠦᠭᠡ ᠪᠡᠨ ᠤᠬᠠᠭᠠᠨ ᠢ ᠨᠢ ᠣᠯᠵᠤ ᠬᠡᠷᠡᠭᠯᠡᠵᠦ ᠴᠢᠳᠠᠬᠤ ᠦᠭᠡᠢ ᠪᠣᠯ᠂ ᠲᠡᠭᠡᠭᠡᠳ ᠬᠡᠯᠡ ᠦᠭᠡᠢ ᠪᠣᠯᠬᠤ ᠶᠤᠮ ᠪᠢᠵᠡ᠃

ᠢᠷᠡᠯᠲᠡ᠄

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠢᠮᠧᠯ᠄ soninhuudas@gmail.com