ᠮᠣᠩᠭᠣᠯ ᠵᠦᠢᠷ ᠰᠡᠴᠡᠨ ᠦᠭᠡ ᠶ᠋ᠢᠨ ᠭᠤᠷᠪᠠᠨ ᠮᠢᠩᠭᠠᠨ ᠳᠡᠭᠡᠵᠢ
– ᠳ᠂ ᠵᠠᠶᠠᠭᠠᠪᠠᠭᠠᠲᠤᠷ ᠡᠮᠬᠢᠳᠬᠡᠪᠡ <ᠠ ᠶ᠋ᠢᠨ ᠠᠢᠮᠠᠭ>
2026-06-06
ᠣᠩᠱᠢᠭ᠍ᠰᠠᠨ ᠣᠳᠠᠭ᠎ᠠ᠄
– ᠠ(A) –
 
1 ᠠ ᠦᠰᠦᠭ ᠡᠷᠳᠡᠮ ᠦ᠋ᠨ ᠳᠡᠭᠡᠵᠢ
ᠠᠶᠠᠭ᠎ᠠ ᠴᠠᠢ ᠢᠳᠡᠭᠡᠨ ᠦ᠌ ᠳᠡᠭᠡᠵᠢ
 
2 ᠠᠪᠤ ᠨᠢ ᠪᠦᠭᠦᠳᠡ ᠶ᠋ᠢᠨ ᠬᠠᠭᠠᠨ
ᠠᠬ᠎ᠠ ᠨᠢ ᠳᠡᠭᠦᠦ ᠶ᠋ᠢᠨ ᠬᠠᠭᠠᠨ
 
3 ᠠᠪᠤ ᠡᠵᠢ ᠦᠷ᠎ᠡ ᠶ᠋ᠢᠨ ᠲᠦᠰᠢᠭ
ᠠᠬ᠎ᠠ ᠡᠭᠡᠴᠢ ᠪᠡᠶ᠎ᠡ ᠶ᠋ᠢᠨ ᠲᠦᠰᠢᠭ
 
4 ᠠᠪᠤ ᠡᠵᠢ ᠲᠡᠢ ᠪᠡᠨ ᠵᠥᠷᠢᠯᠳᠦᠪᠡᠯ ᠠᠴᠢᠯᠠᠯ ᠢ᠋ᠶ᠋ᠠᠨ ᠪᠠᠷᠠᠨ᠎ᠠ
ᠠᠬ᠎ᠠ ᠳᠡᠭᠦᠦ ᠲᠡᠢ ᠪᠡᠨ ᠮᠠᠭᠤᠳᠠᠯᠴᠠᠪᠠᠯ ᠬᠦᠨᠳᠦ ᠪᠡᠨ ᠪᠠᠷᠠᠨ᠎ᠠ
 
5 ᠠᠪᠤ ᠪᠠᠨ ᠰᠠᠨᠠᠪᠠᠯ ᠠᠪᠠᠭ᠎ᠠ ᠪᠠᠨ
ᠡᠵᠢ ᠪᠡᠨ ᠰᠠᠨᠠᠪᠠᠯ ᠨᠠᠭᠠᠴᠤ ᠪᠠᠨ
 
6 ᠠᠪᠤ ᠶ᠋ᠢ ᠪᠡᠨ ᠠᠮᠢᠳᠤ ᠳ᠋ᠤ᠌
ᠠᠷᠵᠠᠢᠬᠤ ᠰᠠᠬᠠᠯ ᠪᠤᠤ ᠳᠡᠯᠪᠢ
 
7 ᠠᠪᠤ ᠶ᠋ᠢᠨ ᠠᠴᠢ ᠶ᠋ᠢ ᠥᠩᠭᠡᠷᠡᠭᠰᠡᠨ ᠦ᠌ ᠬᠣᠢᠨ᠎ᠠ
ᠠᠢᠯ ᠤ᠋ᠨ ᠠᠴᠢ ᠶ᠋ᠢ ᠨᠡᠭᠦᠭᠰᠡᠨ ᠦ᠌ ᠬᠣᠢᠨ᠎ᠠ
 
8 ᠠᠪᠤ ᠶ᠋ᠢᠨ ᠪᠣᠢ ᠳ᠋ᠤ᠌ ᠬᠥᠮᠦᠨ ᠲᠠᠨᠢ
ᠠᠭᠲᠠ ᠶ᠋ᠢᠨ ᠪᠣᠢ ᠳ᠋ᠤ᠌ ᠭᠠᠵᠠᠷ ᠦᠵᠡ
 
9 ᠠᠪᠤ ᠶ᠋ᠢᠨ ᠰᠤᠷᠭᠠᠯ ᠠᠯᠲᠠ
ᠡᠵᠢ ᠶ᠋ᠢᠨ ᠰᠤᠷᠭᠠᠯ ᠡᠷᠳᠡᠨᠢ
 
10 ᠠᠪᠤ ᠶ᠋ᠢᠨ ᠤᠷᠭ᠎ᠠ ᠶ᠋ᠢ ᠪᠠᠷᠢᠵᠤ ᠰᠤᠷ
ᠠᠳᠤᠭᠤ ᠮᠠᠯ ᠴᠢᠨᠢ ᠥᠰᠦᠨ᠎ᠡ
ᠡᠵᠢ ᠶ᠋ᠢᠨ ᠵᠡᠭᠦᠦ ᠶ᠋ᠢ ᠪᠠᠷᠢᠵᠤ ᠰᠤᠷ
ᠡᠷᠳᠡᠮ ᠦᠢᠯᠡ ᠴᠢᠨᠢ ᠪᠦᠲᠦᠨ᠎ᠡ
 
11 ᠠᠪᠤ ᠶ᠋ᠢᠨ ᠦᠭᠡᠢ ᠳ᠋ᠦ᠍ ᠠᠬ᠎ᠠ ᠠᠪᠤ
ᠡᠵᠢ ᠶ᠋ᠢᠨ ᠦᠭᠡᠢ ᠳ᠋ᠦ᠍ ᠡᠭᠡᠴᠢ ᠡᠵᠢ
 
12 ᠠᠪᠤ ᠶ᠋ᠢᠨ ᠬᠦᠦ ᠠᠳᠠᠯᠢ ᠦᠭᠡᠢ
ᠠᠷᠪᠠᠨ ᠬᠤᠷᠤᠭᠤ ᠲᠡᠭᠰᠢ ᠦᠭᠡᠢ
 
13 ᠠᠪᠤ ᠶ᠋ᠢᠨ ᠬᠦᠦ ᠶ᠋ᠢᠨ ᠵᠠᠩ ᠨᠢ ᠨᠢᠭᠡ
ᠠᠴᠢᠶ᠎ᠠ ᠲᠠᠢ ᠲᠡᠮᠡᠭᠡᠨ ᠦ᠌ ᠬᠥᠯ ᠨᠢ ᠨᠢᠭᠡ
 
14 ᠠᠭᠠᠭ ᠨᠢ ᠶᠡᠬᠡᠲᠡᠵᠦ
ᠠᠵᠢᠯ ᠨᠢ ᠪᠠᠭᠠᠳᠠᠬᠤ
 
15 ᠠᠭᠠᠳᠠᠷ ᠪᠣᠷᠣᠭᠠᠨ ᠤ᠋ ᠰᠡᠭᠦᠯ ᠳ᠋ᠦ᠍
ᠠᠭᠠᠷ ᠠᠷᠢᠭᠤᠨ ᠪᠠᠢᠳᠠᠭ
 
16 ᠠᠭᠠᠯᠢ ᠦᠭᠡᠢ ᠬᠥᠮᠦᠨ ᠢᠨᠢᠶᠡᠮᠡᠲᠡᠭᠡᠢ
ᠠᠵᠢᠯ ᠦᠭᠡᠢ ᠬᠥᠮᠦᠨ ᠤᠨᠲᠠᠮᠠᠳᠠᠭᠠᠢ
 
17 ᠠᠭᠠᠰᠢ ᠵᠠᠩ ᠤ᠋ᠨ ᠨᠣᠮᠣᠬᠠᠨ ᠨᠢ ᠰᠠᠢᠨ
ᠠᠳᠤᠭᠤ ᠮᠠᠯ ᠤ᠋ᠨ ᠲᠠᠷᠭᠤᠨ ᠨᠢ ᠰᠠᠢᠨ
 
18 ᠠᠭᠠᠰᠢ ᠶ᠋ᠢ ᠰᠤᠷᠬᠤ ᠪᠠᠷ
ᠠᠵᠢᠯ ᠢ᠋ ᠰᠤᠷ
 
19 ᠠᠭᠠᠰᠢ ᠲᠠᠢ ᠬᠥᠮᠦᠨ᠂ ᠬᠦᠨᠳᠦ ᠪᠡᠨ ᠪᠠᠷᠠᠬᠤ
ᠠᠵᠢᠯᠴᠢ ᠬᠥᠮᠦᠨ᠂ ᠠᠯᠳᠠᠷ ᠨᠢ ᠳᠠᠭᠤᠷᠢᠰᠬᠤ
 
20 ᠠᠪᠤᠭ᠎ᠠ ᠦᠭᠡᠢ ᠠᠪᠠᠭᠠᠢ ᠶ᠋ᠢᠨ ᠴᠢᠷᠠᠢ ᠰᠠᠢᠬᠠᠨ
ᠠᠯᠠᠭ᠎ᠠ ᠦᠭᠡᠢ ᠦᠨᠡᠭᠡᠨ ᠦ᠌ ᠠᠷᠠᠰᠤ ᠰᠠᠢᠬᠠᠨ
 
21 ᠠᠪᠬᠤ ᠭᠡᠪᠡᠯ ᠪᠥᠬᠥᠢᠵᠦ
ᠥᠭᠬᠦ ᠭᠡᠪᠡᠯ ᠭᠡᠳᠡᠢᠬᠦ
 
22 ᠠᠪᠬᠤ ᠬᠥᠮᠦᠨ ᠳ᠋ᠦ᠍ ᠨᠢᠭᠡ ᠦᠭᠡ ᠴᠤ᠌ ᠡᠷᠳᠡᠨᠢ
ᠣᠷᠬᠢᠬᠤ ᠬᠥᠮᠦᠨ ᠳ᠋ᠦ᠍ ᠮᠢᠩᠭᠠᠨ ᠦᠭᠡ ᠴᠤ᠌ ᠣᠯᠢᠭ
 
23 ᠠᠪᠬᠤ ᠳ᠋ᠤ᠌ ᠠᠭᠤᠯᠠ ᠶ᠋ᠢᠨ ᠴᠢᠨᠡᠭᠡ ᠪᠣᠯᠪᠠᠴᠤ ᠴᠢᠮᠠᠯᠠᠬᠤ
ᠥᠭᠬᠦ ᠳ᠋ᠦ᠍ ᠠᠯᠠᠭᠠᠨ ᠴᠢᠨᠡᠭᠡ ᠪᠣᠯᠪᠠᠴᠤ ᠬᠠᠷᠠᠮᠨᠠᠬᠤ
 
24 ᠠᠪᠬᠤ ᠶ᠋ᠢ ᠮᠡᠳᠡᠪᠡᠯ ᠥᠭᠬᠦ ᠶ᠋ᠢ ᠮᠡᠳᠡ
ᠥᠭᠬᠦ ᠶ᠋ᠢ ᠮᠡᠳᠡᠪᠡᠯ ᠠᠪᠬᠤ ᠪᠠᠨ ᠮᠡᠳᠡ
 
25 ᠠᠪᠠ ᠳ᠋ᠤ᠌ ᠭᠠᠷᠬᠤ ᠬᠥᠮᠦᠨ ᠳ᠋ᠦ᠍ ᠨᠣᠬᠠᠢ ᠬᠡᠷᠡᠭ ᠲᠡᠢ
ᠠᠳᠤᠭᠤᠨ ᠳ᠋ᠤ᠌ ᠭᠠᠷᠬᠤ ᠬᠥᠮᠦᠨ ᠳ᠋ᠦ᠍ ᠤᠷᠭ᠎ᠠ ᠬᠡᠷᠡᠭ ᠲᠡᠢ
 
26 ᠠᠪᠠ ᠳ᠋ᠤ᠌ ᠭᠠᠷᠪᠠᠯ ᠭᠠᠨᠵᠤᠭ᠎ᠠ ᠲᠠᠢ
ᠠᠶᠠᠨ ᠳ᠋ᠤ᠌ ᠭᠠᠷᠪᠠᠯ ᠣᠯᠵᠠ ᠲᠠᠢ
 
27 ᠠᠪᠳᠠᠷ᠎ᠠ ᠳᠦᠭᠦᠷᠡᠩ ᠠᠯᠲᠠ ᠪᠣᠯᠪᠠᠴᠤ ᠲᠤᠨᠲᠠᠷᠠᠳᠠᠭ
ᠠᠪᠤᠷᠭᠤ ᠴᠤᠤᠲᠠᠢ ᠪᠥᠬᠡ ᠪᠣᠯᠪᠠᠴᠤ ᠥᠲᠡᠯᠳᠡᠭ
 
28 ᠠᠪᠳᠠᠷ᠎ᠠ ᠳ᠋ᠤ᠌ ᠪᠠᠢᠲᠠᠯ᠎ᠠ ᠠᠯᠤᠰ ᠠ᠋ᠴᠠ ᠡᠷᠢᠬᠦ
ᠭᠠᠷ ᠲᠤ ᠪᠠᠢᠲᠠᠯ᠎ᠠ ᠭᠠᠳᠠᠨ᠎ᠠ ᠠ᠋ᠴᠠ ᠡᠷᠢᠬᠦ
 
29 ᠠᠪᠤᠷᠢ ᠮᠠᠭᠤᠲᠠᠢ ᠨᠣᠶᠠᠨ ᠲᠠᠢ ᠨᠥᠬᠥᠷᠯᠡᠬᠦ ᠪᠡᠷ
ᠠᠶᠠᠳᠠᠭᠤ ᠵᠠᠩ ᠲᠠᠢ ᠨᠣᠬᠠᠢ ᠲᠠᠢ ᠨᠥᠬᠥᠷᠯᠡᠭᠰᠡᠨ ᠨᠢ ᠳᠡᠭᠡᠷ᠎ᠡ
 
30 ᠠᠪᠤᠷᠢ ᠰᠠᠢᠲᠤ ᠠᠢᠯ ᠳ᠋ᠤ᠌ ᠬᠣᠨᠣᠬᠤ
ᠠᠮᠠ ᠮᠠᠭᠤᠲᠤ ᠬᠡᠭᠡᠷ᠎ᠡ ᠬᠣᠨᠣᠬᠤ
 
31 ᠠᠪᠤᠷᠢ ᠦᠭᠡᠢ ᠪᠣᠯ ᠨᠢᠭᠤᠷ ᠢ᠋ᠶ᠋ᠠᠨ ᠪᠠᠷᠠᠨ᠎ᠠ
ᠠᠷᠪᠢ ᠦᠭᠡᠢ ᠪᠣᠯ ᠡᠳ᠋ ᠢ᠋ᠶ᠋ᠡᠨ ᠪᠠᠷᠠᠨ᠎ᠠ
 
32 ᠠᠪᠤᠷᠢ ᠶ᠋ᠢᠨ ᠰᠣᠭᠲᠣᠭᠤ ᠭᠠᠷᠳᠠᠭ ᠦᠭᠡᠢ
ᠠᠷᠢᠬᠢᠨ ᠤ᠋ ᠰᠣᠭᠲᠣᠭᠤ ᠭᠠᠷᠳᠠᠭ
 
33 ᠠᠪᠤᠨ᠎ᠠ ᠭᠡᠪᠡᠯ ᠠᠯᠠᠭ᠎ᠠ ᠪᠠᠨ ᠲᠤᠰᠤᠨ᠎ᠠ
ᠥᠭᠭᠦᠨ᠎ᠡ ᠭᠡᠪᠡᠯ ᠥᠷᠥᠴᠡ ᠪᠡᠨ ᠲᠠᠲᠠᠨ᠎ᠠ
 
34 ᠠᠪᠤᠭᠰᠠᠨ ᠥᠭᠭᠦᠭᠰᠡᠨ ᠢ᠋ᠶ᠋ᠡᠷ ᠪᠣᠯᠳᠠᠭ ᠦᠭᠡᠢ
ᠠᠷᠭ᠎ᠠ ᠵᠦᠢ ᠪᠡᠷ ᠪᠣᠯᠳᠠᠭ
 
35 ᠠᠪᠤᠭᠰᠠᠨ ᠬᠥᠮᠦᠨ ᠦ᠌ ᠭᠠᠷ ᠵᠥᠭᠡᠯᠡᠨ
ᠠᠮᠲᠠᠯᠠᠭᠰᠠᠨ ᠬᠥᠮᠦᠨ ᠦ᠌ ᠠᠮᠠ ᠵᠥᠭᠡᠯᠡᠨ
 
36 ᠠᠪᠤᠭᠰᠠᠨ ᠢ᠋ᠶ᠋ᠠᠨ ᠮᠠᠷᠲᠠᠪᠠᠯ ᠠᠳᠠᠭ ᠤ᠋ᠨ ᠰᠢᠨᠵᠢ
ᠡᠷᠭᠢᠭᠦᠯᠵᠦ ᠥᠭᠬᠦ ᠨᠢ ᠡᠷᠬᠢᠮ ᠦ᠋ᠨ ᠰᠢᠨᠵᠢ
 
37 ᠠᠭᠰᠤᠮ ᠮᠣᠷᠢᠨ ᠳ᠋ᠤ᠌ ᠤᠷᠭ᠎ᠠ ᠪᠦᠦ ᠠᠯᠲᠠ
ᠠᠯᠢᠪᠠ ᠬᠥᠮᠦᠨ ᠳ᠋ᠦ᠍ ᠦᠭᠡ ᠪᠦᠦ ᠠᠯᠲᠠ
 
38 ᠠᠭᠰᠤᠮ ᠬᠥᠮᠦᠨ ᠦ᠌ ᠴᠡᠭᠡᠵᠢ ᠪᠠᠭ᠎ᠠ
ᠠᠷᠭᠠᠮᠵᠢᠶ᠎ᠠ ᠲᠠᠢ ᠮᠣᠷᠢᠨ ᠤ᠋ ᠪᠡᠯᠴᠢᠭᠡᠷ ᠪᠠᠭ᠎ᠠ
 
39 ᠠᠭᠰᠤᠷᠤᠭᠰᠠᠨ ᠬᠥᠮᠦᠨ ᠳ᠋ᠦ᠍
ᠤᠨᠲᠠᠷᠠᠭᠰᠠᠨ ᠭᠠᠯ
 
40 ᠠᠭᠲᠠ ᠠᠯᠳᠠᠪᠠᠯ ᠪᠠᠷᠢᠵᠤ ᠪᠣᠯᠳᠠᠭ
ᠠᠮᠠ ᠠᠯᠳᠠᠪᠠᠯ ᠪᠠᠷᠢᠵᠤ ᠪᠣᠯᠳᠠᠭ ᠦᠭᠡᠢ
 
41 ᠠᠭᠲᠠ ᠮᠣᠷᠢ ᠰᠠᠢᠨ ᠪᠣᠯ ᠠᠯᠤᠰ ᠤ᠋ᠨ ᠵᠠᠮ ᠳ᠋ᠤ᠌ ᠲᠦᠰᠢᠭ
ᠠᠬ᠎ᠠ ᠳᠡᠭᠦᠦ ᠰᠠᠢᠨ ᠪᠣᠯ ᠠᠯᠢ ᠠᠯᠢᠨ ᠳ᠋ᠠᠭᠠᠨ ᠲᠦᠰᠢᠭ
 
42 ᠠᠭᠲᠠ ᠪᠠᠨ ᠰᠢᠯᠭᠠᠵᠤ ᠤᠷᠤᠯᠳᠤᠭᠠᠨ ᠳ᠋ᠤ᠌ ᠣᠷᠣ
ᠪᠢᠷ᠎ᠠ ᠪᠠᠨ ᠮᠡᠳᠡᠵᠦ ᠪᠠᠷᠢᠯᠳᠤᠭᠠᠨ ᠳ᠋ᠤ᠌ ᠣᠷᠣ
 
43 ᠠᠳᠠᠭ ᠤ᠋ᠨ ᠵᠠᠷᠭᠤ
ᠠᠷᠪᠠ ᠬᠣᠨᠣᠭ ᠲᠤ᠌
 
44 ᠠᠳᠠᠭ ᠤ᠋ᠨ ᠨᠣᠶᠠᠨ ᠠᠯᠪᠠᠲᠤ ᠳ᠋ᠠᠭᠠᠨ ᠪᠠᠭᠠᠲᠤᠷ
ᠠᠳᠠᠭ ᠤ᠋ᠨ ᠡᠷ᠎ᠡ ᠠᠪᠠᠭᠠᠢ ᠳ᠋ᠠᠭᠠᠨ ᠪᠠᠭᠠᠲᠤᠷ
 
45 ᠠᠳᠤᠭᠤᠰᠤ ᠠᠮᠢᠲᠠᠨ ᠳ᠋ᠤ᠌ ᠳᠠᠢᠰᠤᠨ ᠣᠯᠠᠨ
ᠠᠯᠪᠠᠲᠤ ᠬᠥᠮᠦᠨ ᠳ᠋ᠦ᠍ ᠨᠣᠶᠠᠨ ᠣᠯᠠᠨ
 
46 ᠠᠳᠤᠭᠤ ᠠᠵᠢᠷᠭ᠎ᠠ ᠦᠭᠡᠢ ᠪᠣᠯ ᠰᠦᠷᠦᠭ ᠪᠣᠯᠵᠤ ᠴᠢᠳᠠᠬᠤ ᠦᠭᠡᠢ
ᠭᠠᠯᠠᠭᠤ ᠲᠦᠷᠦᠭᠦᠦ ᠦᠭᠡᠢ ᠪᠣᠯ ᠴᠤᠪᠤᠭ᠎ᠠ ᠪᠣᠯᠵᠤ ᠴᠢᠳᠠᠬᠤ ᠦᠭᠡᠢ
 
47 ᠠᠳᠤᠭᠤᠨ ᠠ᠋ᠴᠠ ᠬᠦᠯᠦᠭ ᠲᠣᠳᠣᠷᠠᠬᠤ
ᠠᠷᠠᠳ ᠠ᠋ᠴᠠ ᠪᠠᠭᠠᠲᠤᠷ ᠰᠢᠯᠭᠠᠷᠠᠬᠤ
 
48 ᠠᠳᠤᠭᠤᠨ ᠤ᠋ ᠠᠯᠠᠭ ᠰᠠᠢᠬᠠᠨ
ᠠᠶᠠᠭᠠᠨ ᠤ᠋ ᠠᠯᠠᠭ ᠮᠠᠭᠤᠬᠠᠢ
 
49 ᠠᠳᠤᠭᠤᠨ ᠤ᠋ ᠪᠠᠨ ᠬᠢᠷᠢ ᠪᠡᠷ ᠢᠰᠬᠡᠷᠴᠦ
ᠬᠥᠨᠵᠢᠯᠡ ᠶ᠋ᠢᠨ ᠢ᠋ᠶ᠋ᠡᠨ ᠬᠢᠷᠢ ᠪᠡᠷ ᠵᠢᠭᠢ
 
50 ᠠᠵᠢᠭᠴᠢ ᠪᠠᠢᠬᠤ ᠠᠵᠢᠯ ᠳ᠋ᠤ᠌ ᠲᠤᠰᠠᠲᠠᠢ
ᠠᠰᠢᠭᠴᠢ ᠪᠠᠢᠬᠤ ᠠᠯᠳᠠᠷ ᠲᠤ᠌ ᠬᠣᠣᠷᠲᠠᠢ
 
51 ᠠᠵᠢᠯ ᠭᠡᠪᠡᠯ ᠴᠠᠭᠠᠰᠢ ᠪᠠᠨ
ᠠᠰᠢᠭ ᠭᠡᠪᠡᠯ ᠨᠠᠭᠠᠰᠢ ᠪᠠᠨ
 
52 ᠠᠵᠢᠯ ᠨᠢ ᠠᠯᠠᠭ᠎ᠠ ᠶ᠋ᠢᠨ ᠴᠢᠨᠡᠭᠡ
ᠲᠠᠢᠯᠤᠨ ᠨᠢ ᠲᠠᠯ᠎ᠠ ᠶ᠋ᠢᠨ ᠴᠢᠨᠡᠭᠡ
 
53 ᠠᠵᠢᠯ ᠰᠤᠷᠪᠠᠯ ᠠᠮᠢᠳᠤᠷᠠᠯ ᠳ᠋ᠤ᠌ ᠲᠤᠰᠠ ᠲᠠᠢ
ᠠᠶᠤᠵᠤ ᠶᠠᠪᠤᠪᠠᠯ ᠠᠮᠢᠨ ᠳ᠋ᠤ᠌ ᠥᠯᠵᠡᠢ ᠲᠡᠢ
 
54 ᠠᠵᠢᠯ ᠬᠢᠪᠡᠯ ᠠᠮᠠ ᠬᠥᠳᠡᠯᠦᠨ᠎ᠡ
ᠠᠯᠬᠠᠢᠷᠠᠵᠤ ᠰᠠᠭᠤᠪᠠᠯ ᠠᠮᠢᠳᠤᠷᠠᠯ ᠳᠣᠷᠣᠢᠲᠠᠨ᠎ᠠ
 
55 ᠠᠵᠢᠯ ᠬᠢᠪᠡᠯ ᠳᠠᠭᠤᠰᠲᠠᠯ᠎ᠠ
ᠳᠠᠪᠤᠰᠤ ᠬᠢᠪᠡᠯ ᠠᠭᠤᠰᠲᠠᠯ᠎ᠠ
 
56 ᠠᠵᠢᠯ ᠬᠢᠵᠦ ᠬᠥᠮᠦᠨ ᠪᠣᠯᠳᠠᠭ
ᠠᠷᠤ ᠳᠠᠪᠠᠵᠤ ᠬᠦᠯᠦᠭ ᠪᠣᠯᠳᠠᠭ
 
57 ᠠᠵᠢᠯ ᠬᠢᠭᠰᠡᠨ ᠨᠢ ᠠᠮᠠᠨ ᠳ᠋ᠠᠭᠠᠨ ᠲᠣᠰᠣ ᠲᠠᠢ
ᠠᠵᠢᠯ ᠦᠭᠡᠢ ᠰᠠᠭᠤᠭᠰᠠᠨ ᠨᠢ ᠠᠮᠠᠨ ᠳ᠋ᠠᠭᠠᠨ ᠤᠰᠤ ᠲᠠᠢ
 
58 ᠠᠵᠢᠯ ᠳ᠋ᠤ᠌ ᠳᠠᠳᠤᠯᠭ᠎ᠠ
ᠠᠴᠢᠶᠠᠨ ᠳ᠋ᠤ᠌ ᠲᠠᠲᠠᠯᠭ᠎ᠠ
 
59 ᠠᠵᠢᠯᠯᠠᠪᠠᠯ ᠠᠯᠲᠠ ᠣᠯᠤᠨ᠎ᠠ
ᠠᠯᠬᠠᠢᠷᠠᠪᠠᠯ ᠶᠠᠰᠤ ᠬᠡᠮᠡᠯᠢᠨ᠎ᠡ
 
60 ᠠᠵᠢᠯᠴᠢ ᠬᠥᠮᠦᠨ ᠠᠮᠠᠨ ᠤ᠋ ᠬᠡᠰᠢᠭ ᠲᠡᠢ
ᠵᠠᠯᠬᠠᠭᠤ ᠬᠥᠮᠦᠨ ᠵᠠᠶᠠᠭ᠎ᠠ ᠮᠠᠭᠤ ᠲᠠᠢ
 
61 ᠠᠵᠢᠯᠴᠢ ᠬᠥᠮᠦᠨ ᠲᠣᠰᠣ ᠢᠳᠡᠬᠦ
ᠠᠷᠠᠯᠵᠢᠶᠠᠴᠢ ᠬᠥᠮᠦᠨ ᠬᠠᠷᠢᠶᠠᠯ ᠢᠳᠡᠬᠦ
 
62 ᠠᠵᠢᠯ ᠢ᠋ ᠠᠷᠭ᠎ᠠ ᠪᠠᠷ
ᠬᠡᠴᠡᠭᠦᠦ ᠶ᠋ᠢ ᠡᠪ ᠢ᠋ᠶ᠋ᠡᠷ
 
63 ᠠᠵᠢᠯ ᠤ᠋ᠨ ᠰᠠᠢᠨ ᠢ᠋ᠶ᠋ᠠᠷ ᠠᠮᠢᠳᠤᠷᠠᠯ ᠥᠭᠡᠳᠡᠯᠡᠬᠦ
ᠪᠡᠯᠴᠢᠭᠡᠷ ᠦ᠋ᠨ ᠰᠠᠢᠨ ᠢ᠋ᠶ᠋ᠠᠷ ᠮᠠᠯ ᠲᠠᠷᠭᠤᠯᠠᠬᠤ
 
64 ᠠᠢᠯ ᠠᠢᠮᠠᠭ ᠡᠶᠡᠲᠡᠢ ᠨᠢ ᠰᠠᠢᠬᠠᠨ
ᠠᠬ᠎ᠠ ᠳᠡᠭᠦᠦ ᠨᠠᠷ ᠨᠠᠢᠷᠲᠠᠢ ᠨᠢ ᠰᠠᠢᠬᠠᠨ
 
65 ᠠᠢᠯ ᠪᠠᠰᠤᠭᠰᠠᠨ ᠬᠥᠮᠦᠨ ᠨᠥᠮᠥᠭᠡᠨ ᠢ᠋ᠶ᠋ᠡᠷ ᠣᠷᠣᠬᠤ
ᠠᠳᠤᠭᠤ ᠪᠠᠰᠤᠭᠰᠠᠨ ᠬᠥᠮᠦᠨ ᠠᠮᠠᠭᠠᠢ ᠦᠭᠡᠢ ᠪᠡᠷ ᠤᠨᠤᠬᠤ
 
66 ᠠᠢᠯ ᠲᠣᠭᠣᠷᠢᠵᠤ ᠣᠯᠢᠭ ᠪᠦᠦ ᠶᠠᠪᠤ
ᠰᠠᠩ ᠲᠣᠭᠣᠷᠢᠵᠤ ᠱᠠᠯᠢᠭ ᠪᠤᠤ ᠶᠠᠪᠤ
 
67 ᠠᠢᠯ ᠬᠥᠮᠦᠨ ᠦ᠌ ᠠᠮᠢ ᠨᠢᠭᠡ
ᠰᠠᠭᠠᠬᠠᠯᠲᠠ ᠬᠥᠮᠦᠨ ᠦ᠌ ᠰᠠᠨᠠᠭ᠎ᠠ ᠨᠢᠭᠡ
 
68 ᠠᠢᠯ ᠬᠡᠰᠦᠬᠦ ᠶ᠋ᠢᠨ ᠣᠷᠣᠨ ᠳ᠋ᠤ᠌
ᠠᠶᠠᠭ᠎ᠠ ᠪᠠᠨ ᠤᠬᠢᠶᠠᠪᠠᠯ ᠳᠡᠭᠡᠷ᠎ᠡ
 
69 ᠠᠢᠯ ᠬᠡᠰᠦᠬᠦ ᠪᠡᠷ ᠠᠳᠤᠭᠤᠨ ᠳ᠋ᠠᠭᠠᠨ ᠶᠠᠪᠤ
ᠠᠯᠬᠠᠢᠷᠠᠵᠤ ᠬᠡᠪᠲᠡᠬᠦ ᠪᠡᠷ ᠠᠷᠭᠠᠯ ᠳ᠋ᠠᠭᠠᠨ ᠶᠠᠪᠤ
 
70 ᠠᠢᠯ ᠳ᠋ᠤ᠌ ᠣᠴᠢᠪᠠᠯ ᠬᠦᠨᠳᠦᠲᠡᠢ ᠨᠢ ᠰᠠᠢᠨ
ᠠᠶᠠᠨ ᠳ᠋ᠤ᠌ ᠶᠠᠪᠤᠪᠠᠯ ᠭᠠᠯᠲᠠᠢ ᠨᠢ ᠰᠠᠢᠨ
 
71 ᠠᠢᠯᠴᠢᠨ ᠬᠥᠮᠦᠨ ᠭᠤᠲᠤᠯ ᠦᠭᠡᠢ
ᠠᠷᠢᠬᠢᠴᠢᠨ ᠬᠥᠮᠦᠨ ᠵᠣᠭᠣᠰ ᠦᠭᠡᠢ
 
72 ᠠᠢᠯ ᠤ᠋ᠨ ᠨᠣᠬᠠᠳ ᠬᠡᠮᠬᠢᠯᠳᠦᠪᠡᠴᠦ
ᠠᠶᠤᠯ ᠢᠷᠡᠬᠦ ᠪᠡᠷ ᠨᠢ ᠨᠢᠭᠡᠳᠳᠡᠭ
 
73 ᠠᠶᠤᠮᠠᠬᠠᠢ ᠬᠥᠮᠦᠨ ᠠᠮᠢ ᠪᠠᠨ ᠠᠪᠤᠷᠠᠬᠤ ᠦᠭᠡᠢ
ᠠᠭᠠᠯᠢ ᠦᠭᠡᠢ ᠬᠥᠮᠦᠨ ᠨᠡᠷ᠎ᠡ ᠪᠡᠨ ᠠᠪᠤᠷᠠᠬᠤ ᠦᠭᠡᠢ
 
74 ᠠᠶᠤᠮᠠᠬᠠᠢ ᠬᠥᠮᠦᠨ ᠨᠡᠷᠡᠯᠬᠡᠦ
ᠠᠷᠢᠬᠢᠴᠢᠨ ᠬᠥᠮᠦᠨ ᠰᠢᠷᠠᠯᠠᠬᠤ
 
75 ᠠᠶᠤᠮᠠᠬᠠᠢ ᠬᠥᠮᠦᠨ ᠰᠡᠭᠦᠳᠡᠷ ᠡᠴᠡ ᠪᠡᠨ ᠠᠶᠤᠳᠠᠭ
ᠠᠵᠢᠯ ᠦᠭᠡᠢ ᠬᠥᠮᠦᠨ ᠰᠦᠷ ᠡᠴᠡ ᠨᠢ ᠠᠶᠤᠳᠠᠭ
 
76 ᠠᠢᠷᠠᠭ ᠴᠠᠭᠠᠨ ᠪᠣᠯᠪᠠᠴᠤ ᠠᠷᠢᠬᠢ ᠨᠢ ᠬᠠᠷ᠎ᠠ
ᠴᠠᠰᠤ ᠴᠠᠭᠠᠨ ᠪᠣᠯᠪᠠᠴᠤ ᠤᠰᠤ ᠨᠢ ᠬᠠᠷ᠎ᠠ
 
77 ᠠᠶᠤᠭᠰᠠᠨ ᠬᠥᠮᠦᠨ ᠠᠳᠤᠭᠤ ᠦᠷᠭᠦᠭᠡᠬᠦ
ᠢᠴᠢᠭᠰᠡᠨ ᠬᠥᠮᠦᠨ ᠬᠥᠮᠦᠨ ᠠᠯᠠᠬᠤ
 
78 ᠠᠶᠤᠭᠰᠠᠨ ᠬᠥᠮᠦᠨ ᠳ᠋ᠦ᠍
ᠠᠷᠭᠠᠯ ᠬᠥᠳᠡᠯᠬᠦ
 
79 ᠠᠶᠤᠬᠤ ᠪᠠᠨ ᠠᠷᠠᠰᠤᠨ ᠳ᠋ᠤ᠌ ᠪᠣᠭᠣᠵᠤ
ᠢᠴᠢᠬᠦ ᠪᠡᠨ ᠢᠰᠡᠭᠡᠢ ᠳ᠋ᠦ᠍ ᠪᠣᠭᠣᠬᠤ
 
80 ᠠᠯᠪᠠ ᠢᠳᠡᠳᠡᠭ ᠨᠣᠶᠠᠨ
ᠠᠮᠢᠳᠤ ᠪᠠᠷ ᠢᠳᠡᠳᠡᠭ ᠥᠳᠥ
 
81 ᠠᠯᠪᠠ ᠮᠡᠳᠡᠬᠦ ᠦᠭᠡᠢ ᠨᠣᠶᠠᠨ ᠤᠯᠤᠰ ᠤ᠋ᠨ ᠴᠢᠳᠬᠥᠷ
ᠠᠭᠠᠰᠢ ᠮᠠᠭᠤᠲᠠᠢ ᠬᠥᠮᠦᠨ ᠣᠯᠠᠨ ᠤ᠋ ᠴᠢᠳᠬᠥᠷ
 
82 ᠠᠯᠠᠭ᠎ᠠ ᠶ᠋ᠢᠨ ᠴᠢᠨᠡᠭᠡ ᠭᠠᠵᠠᠷ ᠠ᠋ᠴᠠ
ᠠᠷᠪᠠᠨ ᠪᠤᠬᠠᠯ ᠠᠪᠬᠤ
ᠬᠣᠷᠮᠣᠢ ᠶ᠋ᠢᠨ ᠴᠢᠨᠡᠭᠡ ᠭᠠᠵᠠᠷ ᠠ᠋ᠴᠠ
ᠬᠣᠷᠢᠨ ᠪᠤᠬᠠᠯ ᠠᠪᠬᠤ
 
83 ᠠᠯᠲᠠ ᠪᠡᠶ᠎ᠡ ᠳ᠋ᠦ᠍ ᠠᠮᠠ ᠭᠡᠷᠡᠴᠢ
ᠠᠯᠪᠠᠨ ᠪᠢᠴᠢᠭ ᠲᠦ᠍ ᠲᠠᠮᠠᠭ᠎ᠠ ᠭᠡᠷᠡᠴᠢ
 
84 ᠠᠯᠳᠠᠭ᠎ᠠ ᠪᠠᠨ ᠪᠦᠦ ᠠᠭᠤᠴᠢᠯᠠ
ᠠᠮᠵᠢᠯᠲᠠ ᠪᠠᠨ ᠪᠦᠦ ᠳᠠᠷᠤ
 
85 ᠠᠯᠳᠠᠭᠰᠠᠨ ᠬᠥᠮᠦᠨ ᠠᠷᠪᠠᠨ ᠨᠢᠭᠦᠯ ᠲᠡᠢ
ᠠᠪᠤᠭᠰᠠᠨ ᠬᠥᠮᠦᠨ ᠨᠢᠭᠡ ᠨᠢᠭᠦᠯ ᠲᠡᠢ
 
86 ᠠᠯᠲᠠ ᠶ᠋ᠢ ᠨᠢ ᠠᠪᠤᠭᠠᠳ ᠳᠡᠯᠢᠮ ᠳᠡᠭᠡᠷ᠎ᠡ
ᠠᠳᠬᠤ ᠶ᠋ᠢ ᠨᠢ ᠠᠪᠤᠭᠠᠳ ᠴᠢᠮᠬᠢ ᠳᠡᠭᠡᠷ᠎ᠡ
 
87 ᠠᠯᠢᠶ᠎ᠠ ᠬᠥᠮᠦᠨ ᠠᠪᠤᠷᠢ ᠦᠭᠡᠢ
ᠠᠭᠰᠤᠮ ᠮᠣᠷᠢ ᠵᠢᠷᠣᠭ᠎ᠠ ᠦᠭᠡᠢ
 
88 ᠠᠯᠢᠶ᠎ᠠ ᠬᠥᠮᠦᠨ ᠬᠠᠤᠯᠢ ᠳ᠋ᠤ᠌ ᠬᠠᠷᠰᠢ
ᠠᠷᠢᠬᠢᠴᠢᠨ ᠬᠥᠮᠦᠨ ᠮᠥᠩᠭᠥᠨ ᠳ᠋ᠦ᠍ ᠬᠠᠷᠰᠢ
 
89 ᠠᠯᠮᠠᠰ ᠡᠷᠳᠡᠨᠢ ᠵᠦᠯᠭᠦᠬᠦ ᠳᠣᠳᠣᠮ ᠥᠩᠭᠡ ᠣᠷᠣᠵᠤ
ᠠᠪᠤ ᠶ᠋ᠢᠨ ᠬᠦᠦ ᠶᠠᠪᠤᠬᠤ ᠳᠣᠳᠣᠮ ᠤᠬᠠᠭᠠᠨ ᠰᠠᠭᠤᠳᠠᠭ
 
90 ᠠᠯᠤᠰ ᠵᠠᠮ ᠢ᠋ ᠬᠥᠭᠡᠭᠡᠪᠡᠯ ᠠᠭᠲᠠ ᠮᠣᠷᠢ ᠪᠠᠨ ᠭᠠᠮᠨᠠ
ᠠᠮᠢ ᠪᠡᠶ᠎ᠡ ᠪᠡᠨ ᠪᠣᠳᠣᠪᠠᠯ ᠠᠭᠠᠰᠢ ᠵᠠᠩ ᠢ᠋ᠶ᠋ᠠᠨ ᠵᠠᠰᠠ
 
91 ᠠᠯᠤᠰ ᠶᠠᠪᠤᠬᠤ ᠳ᠋ᠤ᠌ ᠰᠡᠳᠬᠢᠯ ᠰᠡᠷᠭᠦᠨ᠎ᠡ
ᠠᠵᠢᠯ ᠬᠢᠬᠦ ᠳ᠋ᠦ᠍ ᠵᠢᠳᠬᠦᠯ ᠰᠡᠷᠭᠦᠨ᠎ᠡ
 
92 ᠠᠯᠠᠭᠰᠠᠨ ᠪᠠᠭᠠᠪᠠᠭᠠᠢ ᠶ᠋ᠢᠨ ᠠᠮᠠᠨ ᠳ᠋ᠤ᠌
ᠬᠤᠷᠤᠭᠤ ᠪᠠᠨ ᠬᠢᠭᠴᠢ ᠣᠯᠠᠨ
 
93 ᠠᠯᠠᠭᠰᠠᠨ ᠤ᠋ ᠨᠢᠭᠦᠯ ᠶᠡᠬᠡ
ᠠᠪᠤᠷᠠᠭᠰᠠᠨ ᠤ᠋ ᠪᠤᠶᠠᠨ ᠶᠡᠬᠡ
 
94 ᠠᠯᠤᠰ ᠢ᠋ ᠬᠠᠷᠠᠪᠠᠯ ᠠᠮᠢᠨ ᠳ᠋ᠤ᠌ ᠲᠤᠰᠠᠲᠠᠢ
ᠬᠣᠯᠠ ᠶ᠋ᠢ ᠪᠣᠳᠣᠪᠠᠯ ᠬᠣᠵᠢᠮ ᠲᠤᠰᠠᠲᠠᠢ
 
95 ᠠᠯᠤᠰ ᠤ᠋ᠨ ᠠᠯᠲᠠᠨ ᠮᠠᠯᠠᠭᠠᠢ ᠠ᠋ᠴᠠ
ᠥᠪᠡᠷ ᠦ᠋ᠨ ᠡᠪᠡᠰᠦᠨ ᠮᠠᠯᠠᠭᠠᠢ ᠶ᠋ᠢ
 
96 ᠠᠯᠲᠠ ᠭᠠᠵᠠᠷ ᠠ᠋ᠴᠠ
ᠠᠯᠳᠠᠷ ᠨᠣᠮ ᠠ᠋ᠴᠠ
 
97 ᠠᠯᠲᠠ ᠶᠡᠬᠡᠲᠦ ᠶ᠋ᠢᠨ ᠠᠪᠤᠷᠢ ᠮᠠᠭᠤᠬᠠᠢ
ᠬᠣᠭᠰᠢᠯ ᠶᠡᠬᠡᠲᠦ ᠶ᠋ᠢᠨ ᠵᠡᠭᠦᠳᠦ ᠮᠠᠭᠤᠬᠠᠢ
 
98 ᠠᠯᠲᠠ ᠮᠥᠩᠭᠥ ᠶ᠋ᠢ ᠡᠷᠢᠭᠡᠳ ᠣᠯᠳᠠᠨ᠎ᠠ
ᠠᠪᠤ ᠡᠵᠢ ᠶ᠋ᠢ ᠡᠷᠢᠭᠡᠳ ᠣᠯᠳᠠᠬᠤ ᠦᠭᠡᠢ
 
99 ᠠᠯᠲᠠ ᠨᠢ ᠪᠠᠢᠪᠠᠯ
ᠠᠪᠬᠤ ᠶᠠᠭᠤᠮ᠎ᠠ ᠣᠯᠠᠳᠬᠤ
 
100 ᠠᠯᠲᠠ ᠬᠡᠳᠦᠢ ᠤᠳᠠᠭᠰᠠᠨ ᠴᠦ᠍ ᠥᠩᠭᠡ ᠨᠢ ᠬᠤᠪᠢᠷᠠᠬᠤ ᠦᠭᠡᠢ
ᠠᠯᠳᠠᠷᠲᠠᠨ ᠬᠡᠳᠦᠢ ᠦᠬᠦᠭᠰᠡᠨ ᠴᠦ᠍ ᠨᠡᠷ᠎ᠡ ᠨᠢ ᠮᠠᠷᠲᠠᠭᠳᠠᠬᠤ ᠦᠭᠡᠢ
 
101 ᠠᠯᠲᠠ ᠰᠢᠷᠣᠢ ᠳ᠋ᠤ᠌ ᠳᠠᠷᠤᠭᠳᠠᠳᠠᠭ
ᠠᠯᠳᠠᠷ ᠮᠥᠩᠬᠡᠳᠡ ᠳᠠᠷᠤᠭᠳᠠᠳᠠᠭ ᠦᠭᠡᠢ
 
102 ᠠᠯᠲᠠ ᠪᠠᠷ ᠰᠣᠯᠢᠬᠤ ᠦᠭᠡᠢ ᠴᠠᠭ ᠡᠷᠳᠡᠨᠢ
ᠠᠬᠢᠭᠠᠳ ᠣᠯᠳᠠᠬᠤ ᠦᠭᠡᠢ ᠨᠠᠰᠤ ᠡᠷᠳᠡᠨᠢ
 
103 ᠠᠯᠲᠠᠨ ᠳᠡᠯᠡᠬᠡᠢ ᠶ᠋ᠢ ᠨᠠᠷᠠ ᠭᠡᠢᠭᠦᠯᠳᠡᠭ
ᠠᠷᠠᠳ ᠣᠯᠠᠨ ᠢ᠋ ᠡᠷᠳᠡᠮ ᠭᠡᠢᠭᠦᠯᠳᠡᠭ
 
104 ᠠᠯᠲᠠᠨ ᠨᠠᠷᠠ ᠤᠨᠲᠠᠷᠠᠬᠤ ᠦᠭᠡᠢ
ᠠᠷᠠᠳ ᠣᠯᠠᠨ ᠨᠤᠭᠤᠷᠠᠬᠤ ᠦᠭᠡᠢ
 
105 ᠠᠯᠲᠠᠨ ᠤ᠋ ᠳᠡᠷᠭᠡᠳᠡ ᠭᠠᠤᠯᠢ ᠰᠢᠷᠠᠯᠠᠨ᠎ᠠ
ᠰᠠᠢᠨ ᠤ᠋ ᠳᠡᠷᠭᠡᠳᠡ ᠮᠠᠭᠤ ᠰᠠᠢᠵᠢᠷᠠᠨ᠎ᠠ
 
106 ᠠᠯᠲᠠ ᠶ᠋ᠢ ᠨᠢ ᠠᠪᠤᠭᠠᠳ
ᠠᠪᠳᠠᠷ᠎ᠠ ᠶ᠋ᠢ ᠨᠢ ᠬᠠᠶᠠᠬᠤ
ᠦᠷ᠎ᠡ ᠶ᠋ᠢ ᠨᠢ ᠠᠪᠤᠭᠠᠳ
ᠡᠬᠡ ᠶ᠋ᠢ ᠨᠢ ᠬᠠᠶᠠᠬᠤ
 
107 ᠠᠮᠠ ᠶᠡᠬᠡᠲᠦ ᠶ᠋ᠢ ᠠᠩᠭᠠᠢᠬᠤ ᠳ᠋ᠤ᠌
ᠪᠤᠶᠠᠨ ᠶᠡᠬᠡᠲᠦ ᠪᠤᠯᠢᠶᠠᠨ᠎ᠠ
 
108 ᠠᠮᠠ ᠨᠡᠭᠡᠭᠡᠬᠦ ᠪᠡᠷ
ᠠᠭᠤᠰᠬᠢ ᠨᠡᠬᠡᠭᠡ
 
109 ᠠᠮᠠ ᠨᠢ ᠢᠳᠡᠵᠦ
ᠰᠡᠭᠦᠯ ᠨᠢ ᠲᠠᠷᠭᠤᠯᠠᠨ᠎ᠠ
 
110 ᠠᠪᠤ ᠨᠢ ᠬᠡᠯᠡᠵᠦ
ᠬᠦᠦ ᠨᠢ ᠳᠠᠭᠠᠨ᠎ᠠ
 
111 ᠠᠮᠠ ᠨᠢ ᠴᠠᠭᠠᠨ
ᠠᠵᠢᠯ ᠨᠢ ᠪᠠᠷᠠᠭᠠᠨ
 
112 ᠠᠮᠠ ᠬᠡᠯᠡ ᠲᠠᠤᠯᠠᠢ ᠠ᠋ᠴᠠ ᠬᠤᠷᠳᠤᠨ
ᠠᠲᠠᠭ᠎ᠠ ᠲᠠᠩᠭᠠᠷᠢᠭ ᠬᠢᠲᠤᠭᠠᠨ ᠠ᠋ᠴᠠ ᠬᠤᠷᠴᠠ
 
113 ᠠᠮᠠ ᠬᠡᠯᠡ ᠬᠤᠳᠠᠯᠴᠢ
ᠠᠯᠠᠭ ᠲᠡᠦᠬᠡ ᠦᠨᠡᠨᠴᠢ
 
114 ᠠᠮᠠ ᠪᠠᠨ ᠬᠢᠴᠢᠶᠡᠬᠦ ᠦᠭᠡᠢ ᠪᠣᠯ ᠭᠠᠢ ᠲᠠᠲᠠᠬᠤ
ᠭᠠᠯ ᠢ᠋ᠶ᠋ᠠᠨ ᠬᠢᠴᠢᠶᠡᠬᠦ ᠦᠭᠡᠢ ᠪᠣᠯ ᠭᠠᠮᠰᠢᠭ ᠪᠣᠯᠬᠤ
 
115 ᠠᠮᠠ ᠪᠠᠷ ᠢ᠋ᠶ᠋ᠠᠨ ᠭᠡᠢᠭᠦᠯᠦᠭᠴᠢ ᠲᠦᠮᠡᠨ ᠬᠥᠩᠭᠡᠨ ᠡᠴᠡ
ᠠᠵᠢᠯ ᠢ᠋ᠶ᠋ᠠᠷ ᠢ᠋ᠶ᠋ᠠᠨ ᠪᠦᠲᠦᠭᠡᠭᠴᠢ ᠨᠢᠭᠡ ᠳᠠᠷᠤᠤ ᠡᠷᠳᠡᠨᠢ
 
116 ᠠᠮᠠᠨ ᠳᠡᠭᠡᠷ᠎ᠡ ᠪᠡᠨ ᠠᠴᠢᠲᠤ ᠪᠤᠷᠬᠠᠨ
ᠠᠴᠢᠷ ᠳᠡᠭᠡᠷ᠎ᠡ ᠪᠡᠨ ᠬᠣᠣᠷᠲᠤ ᠮᠣᠭᠠᠢ
 
117 ᠠᠮᠠᠨ ᠳᠡᠭᠡᠷ᠎ᠡ ᠪᠡᠨ ᠪᠠᠯ
ᠠᠯᠤᠰ ᠴᠠᠭᠠᠨ᠎ᠠ ᠪᠠᠨ ᠵᠢᠳᠠ
 
118 ᠠᠮᠠᠨ ᠳᠡᠭᠡᠷ᠎ᠡ ᠪᠡᠨ ᠵᠠ ᠭᠡᠵᠦ
ᠠᠷᠤ ᠬᠣᠢᠨ᠎ᠠ ᠨᠢ ᠲᠦᠢ ᠭᠡᠬᠦ
 
119 ᠠᠮᠠᠨ ᠳ᠋ᠤ᠌ ᠣᠷᠣᠭᠰᠠᠨ ᠣᠯᠵᠠ ᠶ᠋ᠢ
ᠬᠡᠯᠡ ᠪᠡᠷ ᠢ᠋ᠶ᠋ᠡᠨ ᠲᠦᠯᠬᠢᠬᠦ
 
120 ᠠᠮᠠᠨ ᠳ᠋ᠤ᠌ ᠴᠦ᠍ ᠦᠭᠡᠢ
ᠬᠠᠮᠠᠷ ᠲᠤ᠌ ᠴᠦ᠍ ᠦᠭᠡᠢ
 
121 ᠠᠮᠢ ᠪᠠᠨ ᠪᠣᠳᠣᠭᠰᠠᠨ ᠬᠥᠮᠦᠨ
ᠠᠢᠯ ᠲᠠᠢ ᠪᠠᠨ ᠲᠠᠭᠠᠷᠠᠬᠤ ᠦᠭᠡᠢ
 
122 ᠠᠮᠢ ᠪᠠᠨ ᠪᠣᠷᠣᠯᠠᠭᠤᠯᠵᠤ
ᠳᠣᠪᠣ ᠪᠠᠨ ᠰᠢᠷᠠᠯᠠᠭᠤᠯᠬᠤ
 
123 ᠠᠮᠢᠨ ᠬᠤᠪᠢ ᠶ᠋ᠢᠨ ᠠᠰᠢᠭ ᠡᠪᠡᠰᠦᠨ ᠦ᠌ ᠰᠢᠭᠦᠳᠡᠷᠢ ᠲᠡᠢ ᠠᠳᠠᠯᠢ
ᠠᠷᠠᠳ ᠣᠯᠠᠨ ᠤ᠋ ᠠᠰᠢᠭ ᠥᠨᠳᠥᠷ ᠠᠭᠤᠯᠠ ᠲᠠᠢ ᠠᠳᠠᠯᠢ
 
124 ᠠᠮᠠᠨ ᠠ᠋ᠴᠠ ᠭᠠᠷᠤᠭᠰᠠᠨ ᠦᠭᠡ
ᠠᠯᠲᠠ ᠳᠡᠯᠢᠮ ᠰᠣᠨᠳᠠᠭ
 
125 ᠠᠮᠠᠨ ᠤ᠋ ᠪᠡᠯᠭᠡ ᠡᠴᠡ
ᠠᠰᠢᠳᠠ ᠶ᠋ᠢᠨ ᠵᠢᠷᠭᠠᠯ
 
126 ᠠᠮᠠᠨ ᠤ᠋ ᠬᠡᠰᠢᠭ ᠨᠢ
ᠠᠷᠤ ᠳ᠋ᠠᠭᠠᠨ ᠭᠠᠷᠬᠤ
 
127 ᠠᠮᠤᠷ ᠢ᠋ᠶ᠋ᠠᠨ ᠬᠠᠷᠠᠪᠠᠯ
ᠠᠮᠠ ᠬᠣᠭᠣᠰᠣᠨ
 
128 ᠠᠮᠠᠰᠠᠷ ᠮᠠᠭᠤ ᠲᠠᠢ ᠰᠠᠪᠠᠨ ᠳ᠋ᠤ᠌ ᠶᠠᠭᠤᠮ᠎ᠠ ᠪᠤᠤ ᠬᠢ
ᠠᠮᠠ ᠰᠤᠯᠠ ᠲᠠᠢ ᠬᠥᠮᠦᠨ ᠳ᠋ᠦ᠍ ᠦᠭᠡ ᠪᠤᠤ ᠬᠡᠯᠡ
 
129 ᠠᠮᠠ ᠲᠠᠢ ᠬᠡᠦᠬᠡᠨ ᠢ᠋
ᠠᠪᠳᠠᠷ᠎ᠠ ᠳ᠋ᠤ᠌ ᠬᠢᠪᠡᠴᠦ ᠳᠠᠷᠤᠭᠳᠠᠬᠤ ᠦᠭᠡᠢ
 
130 ᠠᠮᠲᠠᠲᠤ ᠦᠭᠡ ᠴᠢᠬᠢᠨ ᠳ᠋ᠦ᠍ ᠲᠠᠭᠠᠲᠠᠢ ᠪᠣᠯᠪᠠᠴᠤ
ᠠᠯᠤᠰ ᠴᠠᠭᠠᠨ᠎ᠠ ᠪᠠᠨ ᠬᠣᠣᠷᠲᠠᠢ ᠪᠠᠢᠳᠠᠭ
 
131 ᠠᠮᠲᠠᠲᠤ ᠰᠢᠬᠢᠷ ᠢ᠋ᠶ᠋ᠡᠷ ᠬᠠᠢᠷᠠᠯᠠᠬᠤ ᠪᠠᠷ
ᠠᠷᠢᠭᠤᠨ ᠰᠤᠷᠭᠠᠯ ᠢ᠋ᠶ᠋ᠠᠷ ᠬᠠᠢᠷᠠᠯᠠ
 
132 ᠠᠮᠲᠠᠰᠢᠭᠰᠠᠨ ᠬᠡᠷᠢᠶ᠎ᠡ
ᠠᠷᠪᠠᠨ ᠭᠤᠷᠪᠠ ᠡᠷᠭᠢᠬᠦ
 
133 ᠠᠮᠢ ᠮᠢᠩᠭᠠᠨ ᠯᠠᠩ
ᠠᠯᠳᠠᠷ ᠲᠦᠮᠡᠨ ᠯᠠᠩ
 
134 ᠠᠮᠢᠳᠤ ᠠᠮᠢᠲᠠᠨ ᠠᠷᠭ᠎ᠠ ᠪᠠᠨ ᠣᠯᠳᠠᠭ
ᠠᠯᠲᠠᠨ ᠬᠠᠷᠢᠶᠠᠴᠠᠢ ᠡᠭᠦᠷ ᠢ᠋ᠶ᠋ᠡᠨ ᠵᠠᠰᠠᠳᠠᠭ
 
135 ᠠᠮᠢᠳᠤ ᠬᠥᠮᠦᠨ ᠠᠷᠭ᠎ᠠ ᠲᠠᠢ
ᠠᠷᠭᠠᠯ ᠤ᠋ᠨ ᠭᠠᠯ ᠴᠣᠭ ᠲᠠᠢ
 
136 ᠠᠮᠢᠳᠤ ᠬᠥᠮᠦᠨ ᠦ᠌ ᠭᠡᠷᠡᠴᠢ ᠪᠣᠯᠬᠤ ᠪᠠᠷ
ᠦᠬᠦᠭᠰᠡᠨ ᠬᠥᠮᠦᠨ ᠦ᠌ ᠳᠡᠷ᠎ᠡ ᠪᠣᠯ
 
137 ᠠᠮᠢᠳᠤ ᠶᠠᠪᠤᠪᠠᠯ ᠠᠯᠲᠠᠨ ᠠᠶᠠᠭᠠᠨ ᠠ᠋ᠴᠠ ᠤᠰᠤ ᠤᠤᠭᠤᠨ᠎ᠠ
ᠮᠡᠨᠳᠦ ᠶᠠᠪᠤᠪᠠᠯ ᠮᠥᠩᠭᠥᠨ ᠠᠶᠠᠭᠠᠨ ᠠ᠋ᠴᠠ ᠤᠰᠤ ᠤᠤᠭᠤᠨ᠎ᠠ
 
138 ᠠᠮᠢᠳᠤᠷᠠᠯ ᠠᠯᠠᠭ ᠲᠠᠢ ᠴᠣᠭᠣᠭ ᠲᠠᠢ
ᠠᠵᠢᠯ ᠠᠯᠳᠠᠭ᠎ᠠ ᠲᠠᠢ ᠤᠨᠤᠭ᠎ᠠ ᠲᠠᠢ
 
139 ᠠᠮᠢᠲᠠᠨ ᠤ᠋ ᠡᠬᠢ ᠨᠢ ᠵᠢᠭᠠᠰᠤ
ᠤᠷᠭᠤᠮᠠᠯ ᠤ᠋ᠨ ᠡᠬᠢ ᠨᠢ ᠬᠤᠯᠤᠰᠤ
 
140 ᠠᠩᠭᠢᠷ ᠤᠭᠤᠷᠠᠭ ᠢ᠋ ᠡᠵᠢ ᠡᠴᠡ ᠪᠡᠨ
《ᠠ》 ᠦᠰᠦᠭ ᠢ᠋ ᠪᠠᠭᠰᠢ ᠠ᠋ᠴᠠ ᠪᠠᠨ
 
141 ᠠᠨᠳᠠ ᠪᠣᠯᠤᠯᠴᠠᠬᠤ ᠳ᠋ᠤ᠌ ᠨᠥᠬᠥᠷ ᠰᠠᠢᠬᠠᠨ
ᠠᠮᠲᠠᠯᠠᠵᠤ ᠤᠤᠭᠤᠬᠤ ᠳ᠋ᠤ᠌ ᠠᠢᠷᠠᠭ ᠰᠠᠢᠬᠠᠨ
 
142 ᠠᠩᠴᠢᠨ ᠬᠥᠪᠴᠢ ᠶ᠋ᠢᠨ ᠠᠶ᠎ᠠ ᠪᠠᠷ
ᠠᠷᠢᠬᠢᠴᠢᠨ ᠠᠢᠯ ᠤ᠋ᠨ ᠠᠶ᠎ᠠ ᠪᠠᠷ
 
143 ᠠᠷᠢᠶᠠᠲᠠᠨ ᠠᠮᠢᠲᠠᠨ ᠤ᠋ ᠦᠰᠦ ᠵᠥᠭᠡᠯᠡᠨ
ᠠᠶ᠎ᠠ ᠮᠠᠭᠤᠲᠤ ᠶ᠋ᠢᠨ ᠠᠪᠤᠷᠢ ᠵᠥᠭᠡᠯᠡᠨ
 
144 ᠠᠷᠢᠶᠠᠲᠠᠨ ᠣᠯᠠᠨ ᠪᠣᠯᠪᠠᠴᠤ
ᠠᠷᠰᠯᠠᠨ ᠤ᠋ ᠬᠦᠴᠦᠲᠡᠢ ᠨᠢ ᠴᠥᠭᠡᠨ
 
145 ᠠᠷᠢᠶᠠᠲᠠᠨ ᠢ᠋ ᠠᠷᠭ᠎ᠠ ᠪᠠᠷ
ᠠᠳᠤᠭᠤ ᠶ᠋ᠢ ᠤᠷᠭ᠎ᠠ ᠪᠠᠷ
 
146 ᠠᠷᠪᠠᠢ ᠶ᠋ᠢᠨ ᠭᠤᠯᠢᠷ ᠤᠰᠤ ᠳᠠᠭᠠᠭᠠᠳᠠᠭ
ᠠᠪᠤ ᠶ᠋ᠢᠨ ᠬᠦᠦ ᠦᠭᠡ ᠳᠠᠭᠠᠭᠠᠳᠠᠭ
 
147 ᠠᠷᠪᠠᠨ ᠲᠠᠪᠤᠨ ᠤ᠋ ᠰᠠᠷᠠ ᠰᠢᠭ᠋
ᠠᠲᠠᠷ ᠭᠠᠵᠠᠷ ᠤ᠋ᠨ ᠴᠡᠴᠡᠭ ᠰᠢᠭ
 
148 ᠠᠷᠪᠠᠨ ᠦᠭᠡᠨ ᠡᠴᠡ ᠨᠢᠭᠡ ᠶ᠋ᠢ ᠲᠣᠭᠲᠠᠭ᠎ᠠ
ᠠᠷᠪᠠᠨ ᠬᠥᠮᠦᠨ ᠡᠴᠡ ᠨᠢᠭᠡ ᠶ᠋ᠢ ᠲᠠᠨᠢ
 
149 ᠠᠷᠭ᠎ᠠ ᠪᠢᠯᠢᠭ ᠢ᠋ ᠡᠰᠡ ᠤᠬᠠᠪᠠᠯ
ᠠᠯᠠᠭᠠᠨ ᠳ᠋ᠠᠭᠠᠨ ᠪᠢᠴᠢᠭᠰᠡᠨ ᠢ᠋ ᠲᠣᠭᠲᠠᠭᠠᠬᠤ ᠳ᠋ᠤ᠌ ᠪᠡᠷᠬᠡ
 
150 ᠠᠷᠭ᠎ᠠ ᠨᠢ ᠪᠠᠷᠠᠭᠳᠠᠭᠰᠠᠨ ᠬᠥᠮᠦᠨ
ᠠᠪᠠᠭᠠᠢ ᠶ᠋ᠢᠨ ᠢ᠋ᠶ᠋ᠡᠨ ᠲᠣᠯᠣᠭᠠᠢ ᠶ᠋ᠢ ᠮᠠᠭᠠᠵᠢᠬᠤ
 
151 ᠠᠷᠭᠠᠳᠠᠬᠤ ᠲᠣᠰᠤᠮ ᠠᠷᠵᠠᠢᠬᠤ
ᠳᠠᠭᠠᠯᠠᠬᠤ ᠲᠣᠰᠤᠮ ᠲᠣᠩᠭᠣᠴᠢᠬᠤ
 
152 ᠠᠷᠭᠠᠯ ᠠ᠋ᠴᠠ ᠢᠯᠴᠢ ᠭᠠᠷᠤᠨ᠎ᠠ
ᠠᠵᠢᠯ ᠠ᠋ᠴᠠ ᠲᠣᠰᠣ ᠭᠠᠷᠤᠨ᠎ᠠ
 
153 ᠠᠷᠭᠠᠳᠠᠨ ᠠᠷᠪᠠᠨ ᠲᠡᠷᠭᠡ ᠬᠢᠬᠦ ᠳ᠋ᠦ᠍
ᠬᠦᠴᠦᠲᠡᠨ ᠨᠢᠭᠡ ᠯᠡ ᠲᠡᠷᠭᠡ ᠬᠢᠬᠦ
 
154 ᠠᠷᠭ᠎ᠠ ᠶ᠋ᠢ ᠣᠯᠪᠠᠯ
ᠪᠡᠷᠬᠡ ᠶ᠋ᠢ ᠳᠠᠪᠠᠨ᠎ᠠ
 
155 ᠠᠷᠠᠳ ᠪᠠᠶᠠᠨ ᠪᠣᠯ ᠤᠯᠤᠰ ᠪᠠᠶᠠᠨ
ᠤᠯᠤᠰ ᠪᠠᠶᠠᠨ ᠪᠣᠯ ᠠᠷᠠᠳ ᠪᠠᠶᠠᠨ
 
156 ᠠᠷᠠᠳ ᠤ᠋ᠨ ᠡᠷᠬᠡ — ᠤᠯᠤᠰ ᠤ᠋ᠨ ᠠᠮᠢ
ᠤᠯᠤᠰ ᠤ᠋ᠨ ᠡᠷᠬᠡ— ᠠᠷᠠᠳ ᠤ᠋ᠨ ᠠᠮᠢ
 
157 ᠠᠷᠰᠯᠠᠨ ᠪᠠᠷᠳᠠᠮᠨᠠᠵᠤ ᠪᠠᠢᠭᠠᠳ
ᠰᠢᠷᠭᠤᠯᠵᠢ ᠳ᠋ᠤ᠌ ᠪᠠᠷᠢᠭᠳᠠᠬᠤ
 
158 ᠠᠷᠰᠯᠠᠨ ᠰᠢᠭ᠋ ᠠᠷᠬᠢᠷᠠᠭᠠᠳ
ᠵᠤᠷᠠᠮ᠎ᠠ ᠰᠢᠭ᠋ ᠵᠢᠭᠤᠲᠠᠬᠤ
 
159 ᠠᠷᠰᠯᠠᠨ ᠢ᠋ ᠪᠠᠷᠢᠬᠤ ᠳ᠋ᠤ᠌ ᠠᠷᠭ᠎ᠠ ᠪᠠᠷ
ᠠᠳᠤᠭᠤ ᠶ᠋ᠢ ᠪᠠᠷᠢᠬᠤ ᠳ᠋ᠤ᠌ ᠮᠡᠬᠡ ᠪᠡᠷ
 
160 ᠠᠷᠰᠯᠠᠨ ᠤ᠋ ᠵᠣᠷᠢᠭ ᠦᠨᠡᠭᠡᠨ ᠳ᠋ᠦ᠍ ᠲᠤᠰᠠ ᠦᠭᠡᠢ
ᠦᠨᠡᠭᠡᠨ ᠦ᠌ ᠠᠷᠭ᠎ᠠ ᠠᠷᠰᠯᠠᠨ ᠳ᠋ᠤ᠌ ᠲᠤᠰᠠ ᠦᠭᠡᠢ
 
161 ᠠᠷᠰᠯᠠᠨ ᠤ᠋ ᠨᠢᠷᠤᠭᠤᠨ ᠳ᠋ᠤ᠌ ᠡᠮᠡᠭᠡᠯ ᠵᠣᠬᠢᠬᠤ ᠦᠭᠡᠢ
ᠠᠳᠬᠠᠭ ᠮᠤᠩᠬᠠᠭ ᠲᠤ ᠰᠤᠷᠭᠠᠯ ᠵᠣᠬᠢᠬᠤ ᠦᠭᠡᠢ
 
162 ᠠᠷᠢᠬᠢ ᠠᠷᠪᠠᠨ ᠬᠠᠵᠠᠭᠠᠢ
ᠲᠠᠮᠠᠬᠢ ᠲᠠᠪᠤᠨ ᠬᠠᠵᠠᠭᠠᠢ
 
163 ᠠᠷᠢᠬᠢ ᠪᠠᠯᠭᠤᠪᠠᠯ ᠠᠮᠢᠨ ᠳ᠋ᠤ᠌ ᠬᠣᠣᠷ ᠲᠠᠢ
ᠲᠠᠮᠠᠬᠢ ᠲᠠᠲᠠᠪᠠᠯ ᠲᠠᠷᠢᠬᠢᠨ ᠳ᠋ᠤ᠌ ᠬᠣᠣᠷ ᠲᠠᠢ
 
164 ᠠᠷᠢᠬᠢ ᠳᠡᠷᠡᠰᠦᠨ ᠳ᠋ᠦ᠍ ᠪᠤᠤ ᠠᠪᠲᠠ
ᠠᠳᠬᠠᠭ ᠵᠠᠩ ᠢ᠋ ᠦᠰᠦᠳ ᠲᠡᠪᠴᠢ
 
165 ᠠᠷᠢᠬᠢ ᠰᠠᠪᠠᠨ ᠠ᠋ᠴᠠ ᠪᠠᠨ ᠪᠤᠰᠤᠳ ᠢ᠋ ᠳᠡᠢᠯᠦᠨ᠎ᠡ
ᠠᠷᠭ᠎ᠠ ᠤᠬᠠᠭᠠᠨ ᠮᠤᠢᠬᠤᠷ ᠢ᠋ ᠳᠡᠢᠯᠦᠨ᠎ᠡ
 
166 ᠠᠷᠢᠬᠢ ᠲᠠᠮᠠᠬᠢ ᠬᠣᠶᠠᠷ
ᠠᠬ᠎ᠠ ᠳᠡᠭᠦᠦ ᠬᠣᠶᠠᠷ
 
167 ᠠᠷᠢᠬᠢ ᠤᠤᠭᠤᠪᠠᠯ
ᠠᠬ᠎ᠠ ᠳᠡᠭᠦᠦ ᠪᠡᠨ ᠮᠠᠷᠲᠠᠬᠤ
 
168 ᠠᠷᠢᠬᠢ ᠤᠤᠭᠤᠪᠠᠯ ᠳᠠᠷᠤᠤ ᠨᠢ ᠰᠠᠢᠨ
ᠠᠩ ᠠᠪᠠᠯᠠᠪᠠᠯ ᠮᠡᠷᠭᠡᠨ ᠨᠢ ᠰᠠᠢᠨ
 
169 ᠠᠷᠢᠬᠢ ᠤᠤᠭᠤᠬᠤ ᠠᠮᠢᠨ ᠳ᠋ᠤ᠌ ᠬᠠᠷᠰᠢ
ᠠᠢᠯ ᠬᠡᠰᠦᠬᠦ ᠠᠵᠢᠯ ᠳ᠋ᠤ᠌ ᠬᠠᠷᠰᠢ
 
170 ᠠᠷᠢᠬᠢ ᠰᠢᠩᠭᠡᠭᠡᠬᠦ ᠬᠣᠳᠣᠭᠣᠳᠣ ᠠ᠋ᠴᠠ ᠪᠣᠯᠬᠤ
ᠡᠷᠳᠡᠮ ᠰᠢᠩᠭᠡᠭᠡᠬᠦ ᠤᠬᠠᠭᠠᠨ ᠠ᠋ᠴᠠ ᠪᠣᠯᠬᠤ
 
171 ᠠᠷᠢᠬᠢᠨ ᠠ᠋ᠴᠠ ᠠᠶᠤᠯ
ᠰᠠᠷᠬᠤᠳ ᠠ᠋ᠴᠠ ᠰᠠᠮᠠᠭᠤᠨ
 
172 ᠠᠷᠢᠬᠢᠨ ᠳ᠋ᠤ᠌ ᠰᠣᠭᠲᠣᠭᠰᠠᠨ ᠰᠡᠴᠡᠨ ᠠᠶᠤᠯ ᠲᠠᠢ
ᠡᠷᠳᠡᠮ ᠳ᠋ᠦ᠍ ᠰᠣᠭᠲᠣᠭᠰᠠᠨ ᠲᠡᠨᠡᠭ ᠠᠶᠤᠯ ᠲᠠᠢ
 
173 ᠠᠷᠢᠬᠢᠨ ᠳ᠋ᠤ᠌ ᠬᠣᠮᠣᠬᠠᠢ ᠪᠦᠷᠢᠯᠬᠦ ᠶ᠋ᠢᠨ ᠳᠣᠬᠢᠶ᠎ᠠ
ᠠᠯᠳᠠᠷ ᠲᠤ᠌ ᠬᠣᠮᠣᠬᠠᠢ ᠰᠠᠭᠠᠷᠠᠬᠤ ᠶ᠋ᠢᠨ ᠳᠣᠬᠢᠶ᠎ᠠ
 
174 ᠠᠷᠢᠬᠢᠨ ᠤ᠋ ᠳᠡᠷᠭᠡᠳᠡ ᠠᠨᠳᠠ ᠣᠯᠠᠨ
ᠠᠶᠤᠯ ᠢᠷᠡᠬᠦ ᠳ᠋ᠦ᠍ ᠠᠳᠠ ᠣᠯᠠᠨ
 
175 ᠠᠷᠢᠬᠢᠨ ᠤ᠋ ᠵᠠᠮ ᠠᠷᠪᠠᠨ ᠬᠡᠴᠡᠯᠡᠭᠦᠷ ᠲᠡᠢ
ᠲᠠᠮᠠᠬᠢᠨ ᠤ᠋ ᠵᠠᠮ ᠲᠠᠪᠤᠨ ᠲᠠᠰᠢᠭᠤᠷ ᠲᠠᠢ
 
176 ᠠᠷᠢᠬᠢᠴᠢᠨ ᠬᠥᠮᠦᠨ ᠦ᠌ ᠵᠢᠷᠦᠬᠡ ᠠᠯᠠᠭ ᠡᠷᠢᠶᠡᠨ
ᠲᠠᠮᠠᠬᠢᠴᠢᠨ ᠬᠥᠮᠦᠨ ᠦ᠌ ᠠᠭᠤᠰᠬᠢ ᠲᠠᠷᠯᠠᠨ ᠴᠣᠬᠣᠷ
 
177 ᠠᠷᠢᠬᠢᠴᠢᠨ ᠬᠥᠮᠦᠨ ᠦ᠌ ᠡᠪᠦᠷ ᠬᠣᠭᠣᠰᠣᠨ
ᠵᠠᠯᠬᠠᠭᠤ ᠬᠥᠮᠦᠨ ᠦ᠌ ᠲᠣᠭᠣᠭ᠎ᠠ ᠬᠣᠭᠣᠰᠣᠨ
 
178 ᠠᠷᠴᠠ ᠽᠠᠨᠳᠠᠨ ᠤ᠋ ᠦᠨᠦᠷ ᠰᠠᠢᠬᠠᠨ
ᠠᠬᠠᠮᠠᠳ ᠬᠥᠮᠦᠨ ᠦ᠌ ᠰᠤᠷᠭᠠᠯ ᠰᠠᠢᠬᠠᠨ
 
179 ᠠᠷᠠᠴᠢᠯᠠᠪᠠᠯ ᠮᠠᠯ ᠥᠰᠴᠦ
ᠠᠷᠪᠢᠯᠠᠪᠠᠯ ᠬᠥᠮᠦᠨ ᠪᠠᠶᠠᠵᠢᠨ᠎ᠠ
 
180 ᠠᠰᠬ᠎ᠠ ᠬᠠᠳᠠᠨ ᠤ᠋ ᠴᠢᠯᠠᠭᠤ ᠬᠠᠲᠠᠭᠤ
ᠠᠪᠤ ᠡᠵᠢ ᠶ᠋ᠢᠨ ᠰᠤᠷᠭᠠᠯ ᠬᠠᠲᠠᠭᠤ
 
181 ᠠᠰᠠᠭᠤᠵᠤ ᠥᠭᠬᠦ ᠪᠡᠷ
ᠠᠶᠠᠭᠠᠯᠠᠵᠤ ᠥᠭ
 
182 ᠠᠲᠠᠭᠠᠲᠠᠨ ᠢ᠋ ᠳᠠᠷᠤᠬᠤ ᠳ᠋ᠤ᠌ ᠠᠷᠭ᠎ᠠ ᠬᠡᠷᠡᠭ ᠲᠡᠢ
ᠠᠮᠢᠳᠤᠷᠠᠯ ᠢ᠋ ᠣᠯᠬᠤ ᠳ᠋ᠤ᠌ ᠠᠵᠢᠯ ᠬᠡᠷᠡᠭ ᠲᠡᠢ
 
183 ᠠᠲᠠᠭᠠᠴᠢ ᠡᠮ᠎ᠡ
ᠠᠷᠪᠠᠨ ᠨᠢᠳᠦ ᠲᠡᠢ
 
184 ᠠᠲᠠᠨ ᠲᠡᠮᠡᠭᠡ ᠠᠴᠢᠶ᠎ᠠ ᠳᠠᠭᠠᠭᠠᠳᠠᠭ
ᠠᠮᠠᠷᠠᠭ ᠪᠣᠯᠬᠤ ᠶ᠋ᠢ ᠰᠡᠳᠬᠢᠯ ᠮᠡᠳᠡᠳᠡᠭ
 
185 ᠠᠬ᠎ᠠ ᠳᠡᠭᠦᠦ ᠨᠠᠷ ᠡᠪ ᠲᠡᠢ ᠪᠣᠯ
ᠠᠪᠳᠠᠷ᠎ᠠ ᠠᠯᠲᠠᠨ ᠠ᠋ᠴᠠ ᠴᠠᠨ᠎ᠠ ᠲᠠᠢ
 
186 ᠠᠬ᠎ᠠ ᠰᠠᠢᠲᠤ ᠶ᠋ᠢᠨ ᠳᠡᠭᠦᠦ ᠰᠡᠴᠡᠨ
ᠠᠵᠢᠯ ᠰᠠᠢᠲᠤ ᠶ᠋ᠢᠨ ᠭᠡᠷ ᠴᠡᠮᠴᠡᠭᠡᠷ
 
187 ᠠᠬ᠎ᠠ ᠳᠡᠭᠦᠦ ᠲᠡᠢ ᠬᠥᠮᠦᠨ ᠲᠠᠯ᠎ᠠ ᠮᠡᠲᠦ ᠠᠭᠤᠵᠢᠮ
ᠠᠬ᠎ᠠ ᠳᠡᠭᠦᠦ ᠦᠭᠡᠢ ᠬᠥᠮᠦᠨ ᠠᠯᠠᠭ᠎ᠠ ᠶ᠋ᠢᠨ ᠴᠢᠨᠡᠭᠡ ᠪᠠᠴᠢᠮ
 
188 ᠠᠬᠠᠮᠠᠳ ᠬᠥᠮᠦᠨ ᠡᠴᠡ ᠠᠶᠤᠬᠤ ᠰᠡᠴᠡᠨ ᠦ᠌ ᠲᠡᠮᠳᠡᠭ
ᠠᠶᠤᠬᠤ ᠦᠭᠡᠢ ᠪᠠᠢᠬᠤ ᠨᠢ ᠲᠡᠨᠡᠭ ᠦ᠋ᠨ ᠲᠡᠮᠳᠡᠭ
 
189 ᠠᠬᠠᠮᠠᠳ ᠢ᠋ᠶ᠋ᠠᠨ ᠲᠠᠨᠢᠬᠤ ᠦᠭᠡᠢ ᠬᠥᠮᠦᠨ ᠠᠳᠤᠭᠤᠰᠤ ᠪᠣᠯᠵᠤ ᠮᠡᠳᠡᠨ᠎ᠡ
ᠠᠷᠠᠳ ᠢ᠋ᠶ᠋ᠠᠨ ᠡᠨᠡᠷᠢᠬᠦ ᠦᠭᠡᠢ ᠨᠣᠶᠠᠨ ᠠᠲᠠᠭᠠᠲᠠᠨ ᠪᠣᠯᠵᠤ ᠮᠡᠳᠡᠨ᠎ᠡ
 
190 ᠠᠴᠢᠲᠠᠨ ᠢ᠋ᠶ᠋ᠠᠨ ᠡᠷᠭᠦᠬᠦ
ᠪᠠᠴᠢᠲᠠᠨ ᠠ᠋ᠴᠠ ᠵᠠᠢᠯᠠᠬᠤ
 
191 ᠠᠶᠠᠭ᠎ᠠ ᠴᠠᠢ ᠶ᠋ᠢᠨ ᠳᠡᠭᠡᠷ᠎ᠡ
ᠠᠷᠪᠠ ᠬᠤᠪᠢᠯᠬᠤ
 
192 ᠠᠶᠠᠭ᠎ᠠ ᠪᠠᠨ ᠭᠣᠯᠣᠬᠤ ᠪᠠᠷ
ᠠᠭᠠᠰᠢ ᠪᠠᠨ ᠭᠣᠯᠣ
 
193 ᠠᠶᠠᠭᠠᠨ ᠤ᠋ ᠬᠠᠷᠢᠭᠤ ᠡᠳᠦᠷ ᠲᠡᠭᠡᠨ
ᠠᠭᠲᠠᠨ ᠤ᠋ ᠬᠠᠷᠢᠭᠤ ᠵᠢᠯ ᠳ᠋ᠡᠭᠡᠨ
 
194 ᠠᠶ᠎ᠠ ᠶ᠋ᠢ ᠣᠯᠪᠠᠯ
ᠠᠷᠳᠠᠭ ᠢ᠋ ᠳᠡᠢᠯᠦᠨ᠎ᠡ
ᠢᠷᠡᠯᠲᠡ᠄

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠢᠮᠧᠯ᠄ soninhuudas@gmail.com