ᠮᠣᠩᠭᠣᠯ ᠵᠦᠢᠷ ᠰᠡᠴᠡᠨ ᠦᠭᠡ ᠶ᠋ᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠪ ᠶ᠋ᠢᠨ ᠠᠢᠮᠠᠭ >
2026-06-06
ᠣᠩᠱᠢᠭ᠍ᠰᠠᠨ ᠣᠳᠠᠭ᠎ᠠ᠄
– ᠪ ( Б ) –
 
195 ᠪᠠᠭᠠᠷᠠᠩ ᠬᠥᠮᠦᠨ ᠳ᠋ᠦ᠍ ᠨᠣᠬᠠᠢ ᠠᠮᠠᠷᠠᠭ
ᠪᠢᠯᠳᠠᠤᠴᠢ ᠬᠥᠮᠦᠨ ᠳ᠋ᠦ᠍ ᠨᠣᠶᠠᠨ ᠠᠮᠠᠷᠠᠭ
 
196 ᠪᠠᠭᠠᠲᠤᠷ ᠪᠡᠶ᠎ᠡ ᠲᠡᠢ
ᠪᠢᠯᠵᠤᠤᠬᠠᠢ ᠶ᠋ᠢᠨ ᠵᠢᠷᠦᠬᠡ ᠲᠡᠢ
 
197 ᠪᠠᠭᠠᠲᠤᠷ ᠬᠥᠮᠦᠨ ᠨᠢᠭᠡ ᠰᠤᠮᠤᠨ ᠳ᠋ᠤ᠌
ᠪᠠᠶᠠᠨ ᠬᠥᠮᠦᠨ ᠨᠢᠭᠡ ᠵᠤᠳ ᠲᠤ᠌
 
198 ᠪᠠᠭᠠᠲᠤᠷ ᠬᠥᠮᠦᠨ ᠨᠡᠷ᠎ᠡ ᠪᠡᠷ ᠢ᠋ᠶ᠋ᠡᠨ
ᠪᠠᠶᠠᠨ ᠬᠥᠮᠦᠨ ᠡᠳ᠋ ᠢ᠋ᠶ᠋ᠡᠷ ᠢ᠋ᠶ᠋ᠡᠨ
 
199 ᠪᠠᠭ᠎ᠠ— ᠶᠡᠬᠡ ᠶ᠋ᠢᠨ ᠡᠬᠡ
ᠪᠠᠭᠰᠢ— ᠱᠠᠪᠢ ᠶ᠋ᠢᠨ ᠡᠬᠡ
 
200 ᠪᠠᠭ᠎ᠠ ᠭᠡᠵᠦ ᠪᠦᠦ ᠪᠠᠰᠤ
ᠶᠡᠬᠡ ᠭᠡᠵᠦ ᠪᠦᠦ ᠪᠡᠷᠲᠡ
 
201 ᠪᠠᠭ᠎ᠠ ᠵᠠᠯᠬᠠᠭᠤ ᠠ᠋ᠴᠠ ᠶᠡᠬᠡ ᠵᠠᠯᠬᠠᠭᠤ
ᠪᠠᠭ᠎ᠠ ᠬᠡᠷᠡᠭ ᠡᠴᠡ ᠶᠡᠬᠡ ᠪᠤᠷᠤᠭᠤ
 
202 ᠪᠠᠭ᠎ᠠ ᠤᠤᠭᠤᠪᠠᠯ ᠪᠠᠯ
ᠪᠠᠯᠠᠢᠷᠠᠲᠠᠯ᠎ᠠ ᠤᠤᠭᠤᠪᠠᠯ ᠮᠠᠯ
 
203 ᠪᠠᠭ᠎ᠠ ᠬᠥᠮᠦᠨ
ᠪᠠᠯ ᠳ᠋ᠤ᠌ ᠬᠠᠭᠤᠷᠲᠠᠨ᠎ᠠ
 
204 ᠪᠠᠭ᠎ᠠ ᠬᠥᠮᠦᠨ ᠳ᠋ᠦ᠍ ᠰᠤᠷᠭᠠᠯ ᠪᠠᠢᠲᠤᠭᠠᠢ
ᠶᠡᠬᠡ ᠬᠥᠮᠦᠨ ᠳ᠋ᠦ᠍ ᠴᠦ᠍ ᠶᠣᠰᠣ ᠪᠠᠢᠳᠠᠭ
 
205 ᠪᠠᠭ᠎ᠠ ᠴᠠᠰᠤᠨ ᠳ᠋ᠤ᠌ ᠭᠠᠵᠠᠷ ᠬᠥᠯᠳᠡᠵᠦ
ᠶᠡᠬᠡ ᠴᠠᠰᠤᠨ ᠳ᠋ᠤ᠌ ᠮᠥᠷᠡᠨ ᠪᠠᠷᠢᠯᠳᠤᠨ᠎ᠠ
 
206 ᠪᠠᠭ᠎ᠠ ᠴᠢᠯᠠᠭᠤ ᠪᠠᠷ ᠶᠡᠬᠡ ᠴᠢᠯᠠᠭᠤ ᠶ᠋ᠢ ᠲᠤᠷᠭᠢᠭᠤᠯᠵᠤ
ᠪᠠᠭ᠎ᠠ ᠶᠠᠭᠤᠮ᠎ᠠ ᠪᠠᠷ ᠶᠡᠬᠡ ᠶᠠᠭᠤᠮ᠎ᠠ ᠬᠢᠬᠦ
 
207 ᠪᠠᠭ᠎ᠠ ᠠ᠋ᠴᠠ ᠶᠡᠬᠡ ᠳ᠋ᠦ᠍ ᠬᠦᠷᠳᠡᠭ
ᠨᠠᠮ ᠠ᠋ᠴᠠ ᠥᠨᠳᠥᠷ ᠲᠦ᠍ ᠠᠬᠢᠳᠠᠭ
 
208 ᠪᠠᠭ᠎ᠠ ᠳ᠋ᠠᠭᠠᠨ ᠲᠡᠪᠡᠨᠡ ᠬᠤᠯᠠᠭᠠᠢᠯᠠᠵᠤ ᠰᠤᠷᠪᠠᠯ
ᠬᠡᠳᠦ ᠳ᠋ᠡᠭᠡᠨ ᠲᠡᠮᠡᠭᠡ ᠬᠤᠯᠠᠭᠠᠢᠯᠠᠬᠤ ᠪᠣᠯᠤᠨ᠎ᠠ
 
209 ᠪᠠᠭᠠᠬᠠᠨ ᠡᠷᠳᠡᠮᠲᠦ ᠮᠠᠭᠲᠠᠭᠠᠯ ᠳ᠋ᠤ᠌ ᠪᠠᠶᠠᠰᠬᠤ
ᠪᠠᠭᠰᠢ ᠯᠠᠮᠠ ᠰᠤᠳᠤᠷ ᠲᠤ᠌ ᠪᠠᠶᠠᠰᠬᠤ
 
210 ᠪᠠᠭᠰᠢ ᠨᠢ ᠮᠠᠭᠤ ᠪᠣᠯ
ᠱᠠᠪᠢ ᠨᠢ ᠮᠠᠭᠤ
 
211 ᠪᠠᠭᠰᠢ ᠪᠠᠨ ᠭᠣᠯᠣᠪᠠᠯ ᠡᠷᠳᠡᠮ ᠬᠣᠯᠠᠳᠠᠨ᠎ᠠ
ᠪᠤᠳᠠᠭ᠎ᠠ ᠪᠠᠨ ᠭᠣᠯᠣᠪᠠᠯ ᠭᠡᠳᠡᠰᠦ ᠥᠯᠥᠰᠦᠨ᠎ᠡ
 
212 ᠪᠠᠭ᠎ᠠ ᠶ᠋ᠢᠨ ᠤᠭᠤᠴᠠ
ᠶᠡᠬᠡ ᠶ᠋ᠢᠨ ᠴᠡᠭᠡᠵᠢ
 
213 ᠪᠠᠭ᠎ᠠ ᠶ᠋ᠢᠨ ᠶᠠᠭᠤᠮ᠎ᠠ ᠰᠣᠳᠣᠨ
ᠪᠠᠯᠴᠢᠷ ᠤ᠋ᠨ ᠶᠠᠭᠤᠮ᠎ᠠ ᠭᠡᠨᠡᠨ
 
214 ᠪᠠᠳᠢᠷᠴᠢᠨ ᠶᠠᠪᠤᠭᠰᠨ ᠭᠠᠵᠠᠷ ᠪᠠᠯᠠᠭ ᠲᠠᠢ
ᠪᠠᠲᠠᠭᠠᠨ᠎ᠠ ᠰᠠᠭᠤᠭᠰᠠᠨ ᠭᠠᠵᠠᠷ ᠥᠳᠥ ᠲᠡᠢ
 
215 ᠪᠠᠳᠮ᠎ᠠ ᠴᠡᠴᠡᠭ ᠦ᠋ᠨ ᠨᠠᠬᠢᠶ᠎ᠠ ᠵᠥᠭᠡᠯᠡᠨ
ᠪᠠᠭ᠎ᠠ ᠬᠡᠦᠬᠡᠳ ᠦ᠋ᠨ ᠭᠠᠷ ᠵᠥᠭᠡᠯᠡᠨ
 
216 ᠪᠠᠳᠮ᠎ᠠ ᠯᠢᠩᠬᠤ᠎ᠠ ᠴᠡᠴᠡᠭ ᠴᠦ᠍
ᠪᠠᠯᠴᠢᠭ ᠰᠢᠪᠠᠷ ᠠ᠋ᠴᠠ ᠤᠷᠭᠤᠳᠠᠭ
 
217 ᠪᠠᠢᠨ᠎ᠠ ᠭᠡᠵᠦ ᠪᠢᠲᠡᠭᠡᠢ ᠪᠡᠷᠲᠡ
ᠪᠠᠭ᠎ᠠ ᠭᠡᠵᠦ ᠪᠢᠲᠡᠭᠡᠢ ᠴᠢᠮᠠᠯᠠ
 
218 ᠪᠠᠢᠬᠤ ᠬᠥᠮᠦᠨ ᠦ᠌ ᠥᠭᠬᠦ ᠶ᠋ᠢ ᠬᠦᠯᠢᠶᠡ
ᠦᠭᠡᠢ ᠬᠥᠮᠦᠨ ᠦ᠌ ᠣᠯᠬᠤ ᠶ᠋ᠢ ᠬᠦᠯᠢᠶᠡ
 
219 ᠪᠠᠢᠰᠢᠩ ᠳ᠋ᠤ᠌ ᠪᠠᠭᠠᠨ᠎ᠠ ᠲᠦᠰᠢᠭ
ᠡᠷ᠎ᠡ ᠳ᠋ᠦ᠍ ᠨᠥᠬᠥᠷ ᠲᠦᠰᠢᠭ
 
220 ᠪᠠᠨᠳᠢ ᠳ᠋ᠤ᠌ ᠡᠷᠳᠡᠮ ᠴᠢᠬᠤᠯᠠ
ᠪᠠᠭᠠᠬᠠᠨ ᠳ᠋ᠤ᠌ ᠬᠡᠮᠨᠡᠯ ᠴᠢᠬᠤᠯᠠ
 
221 ᠪᠠᠷᠠᠬᠤ ᠶᠠᠭᠤᠮᠠᠨ ᠳ᠋ᠤ᠌ ᠪᠠᠭᠰᠢ ᠦᠭᠡᠢ
ᠡᠪᠳᠡᠷᠡᠬᠦ ᠶᠠᠭᠤᠮᠠᠨ ᠳ᠋ᠤ᠌ ᠡᠵᠡᠨ ᠦᠭᠡᠢ
 
222 ᠪᠠᠷᠳᠠᠮ ᠠᠮᠠ
ᠱᠠᠯᠳᠠᠩ ᠭᠤᠶ᠎ᠠ
 
223 ᠪᠠᠷᠳᠠᠮ ᠪᠠᠨᠳᠢ ᠳ᠋ᠤ᠌《ᠪᠠᠨᠽᠠᠷᠠᠭᠴᠢ》
ᠪᠠᠷᠳᠠᠮ ᠬᠡᠦᠬᠡᠨ ᠳ᠋ᠦ᠍ ᠳᠤᠷᠳᠤᠩ
 
224 ᠪᠠᠷᠳᠠᠮ ᠦᠭᠡ ᠪᠡᠷ ᠰᠡᠴᠡᠨ ᠪᠣᠯᠬᠤ ᠦᠭᠡᠢ
ᠪᠠᠯᠠᠮᠠᠳ ᠶᠠᠪᠤᠳᠠᠯ ᠢ᠋ᠶ᠋ᠠᠷ ᠪᠠᠭᠠᠲᠤᠷ ᠪᠣᠯᠬᠤ ᠦᠭᠡᠢ
 
225 ᠪᠠᠯᠴᠢᠷ ᠬᠥᠮᠦᠨ ᠡᠷᠬᠡᠨ ᠳ᠋ᠦ᠍ ᠪᠠᠶᠠᠷᠯᠠᠬᠤ
ᠪᠠᠭᠠᠬᠠᠨ ᠯᠠᠮᠠ ᠰᠠᠭᠤᠳᠠᠯ ᠳ᠋ᠤ᠌ ᠪᠠᠶᠠᠷᠯᠠᠬᠤ
 
226 ᠪᠠᠷᠠᠵᠤ ᠢᠳᠡᠭᠰᠡᠨ ᠪᠠᠶᠠᠨ ᠠ᠋ᠴᠠ
ᠮᠡᠷᠡᠵᠦ ᠢᠳᠡᠭᠰᠡᠨ ᠬᠣᠭᠣᠰᠣᠨ ᠳᠡᠭᠡᠷ᠎ᠡ
 
227 ᠪᠠᠷᠢᠭᠠᠳ ᠮᠣᠷᠳᠠᠬᠤ ᠳᠡᠯ ᠦᠭᠡᠢ
ᠪᠠᠲᠠᠭᠠᠨ᠎ᠠ ᠣᠷᠣᠬᠤ ᠰᠡᠭᠦᠯ ᠦᠭᠡᠢ
 
228 ᠪᠠᠷᠢᠯᠳᠤᠬᠤ ᠠ᠋ᠴᠠ ᠪᠠᠨ ᠲᠠᠬᠢᠯᠵᠠᠬᠤ
ᠬᠢᠬᠦ ᠡᠴᠡ ᠪᠡᠨ ᠬᠡᠬᠦᠯᠵᠡᠬᠦ
 
229 ᠪᠠᠷᠢᠮᠲᠠ ᠦᠭᠡᠢ ᠬᠡᠷᠡᠭ
ᠭᠡᠷᠡᠴᠢ ᠦᠭᠡᠢ ᠵᠠᠷᠭᠤ
 
230 ᠪᠠᠷᠯᠤᠭ ᠤ᠋ᠨ ᠭᠠᠷ
ᠪᠠᠶᠠᠨ ᠤ᠋ ᠮᠠᠲᠠᠯ ᠳ᠋ᠤ᠌
 
231 ᠪᠠᠷᠰ ᠬᠡᠳᠦᠢ ᠲᠣᠭᠰᠢᠨ ᠪᠣᠯᠪᠠᠴᠤ
ᠪᠠᠮᠪᠠᠷ ᠢ᠋ᠶ᠋ᠠᠨ ᠪᠠᠷᠢᠵᠤ ᠢᠳᠡᠬᠦ ᠦᠭᠡᠢ
 
232 ᠪᠠᠷᠰ ᠬᠡᠳᠦᠢ ᠥᠲᠡᠯᠪᠡᠴᠦ ᠡᠷᠢᠶᠡᠨ ᠢ᠋ᠶ᠋ᠡᠷ ᠢ᠋ᠶ᠋ᠡᠨ
ᠦᠬᠡᠷ ᠬᠡᠳᠦᠢ ᠥᠲᠡᠯᠪᠡᠴᠦ ᠡᠪᠡᠷ ᠲᠡᠢ ᠪᠡᠷ ᠢ᠋ᠶ᠋ᠡᠨ
 
233 ᠪᠠᠷᠰ ᠴᠠᠭ ᠲᠤ᠌ ᠪᠣᠰᠬᠤ ᠦᠭᠡᠢ ᠪᠣᠯ
ᠡᠳᠦᠷ ᠦ᠋ᠨ ᠶᠠᠪᠤᠳᠠᠯ ᠬᠣᠴᠣᠷᠤᠨ᠎ᠠ
ᠪᠠᠭ᠎ᠠ ᠨᠠᠰᠤᠨ ᠳ᠋ᠤ᠌ ᠪᠠᠨ ᠰᠤᠷᠬᠤ ᠦᠭᠡᠢ ᠪᠣᠯ
ᠨᠠᠰᠤᠨ ᠤ᠋ ᠶᠠᠪᠤᠳᠠᠯ ᠬᠣᠴᠣᠷᠤᠨ᠎ᠠ
 
234 ᠪᠠᠷᠰ ᠲᠤ᠌ ᠠᠭᠤᠷᠯᠠᠭᠰᠠᠨ ᠠᠭᠤᠷ ᠢ᠋ᠶ᠋ᠠᠨ
ᠪᠠᠲᠠᠭᠠᠨ᠎ᠠ ᠳ᠋ᠤ᠌ ᠭᠠᠷᠭᠠᠬᠤ
 
235 ᠪᠠᠷᠰ ᠤ᠋ᠨ ᠳᠦᠷᠢ ᠲᠡᠢ
ᠪᠢᠯᠵᠤᠤᠬᠠᠢ ᠶ᠋ᠢᠨ ᠵᠢᠷᠦᠬᠡ ᠲᠡᠢ
 
236 ᠪᠠᠲᠠᠭᠠᠨ᠎ᠠ ᠳ᠋ᠤ᠌ ᠰᠡᠯᠡᠮ᠎ᠡ ᠰᠤᠭᠤᠯᠵᠤ
ᠪᠥᠭᠡᠰᠦᠨ ᠳ᠋ᠦ᠍ ᠬᠢᠲᠤᠭ᠎ᠠ ᠭᠠᠷᠭᠠᠬᠤ
 
237 ᠪᠠᠬ᠎ᠠ ᠶ᠋ᠢᠨ ᠰᠠᠨᠠᠭ᠎ᠠ ᠳᠠᠯᠠᠢ ᠳ᠋ᠤ᠌
ᠪᠠᠨᠳᠢ ᠶ᠋ᠢᠨ ᠰᠠᠨᠠᠭ᠎ᠠ ᠰᠢᠷᠡᠭᠡᠨ ᠳ᠋ᠦ᠍
 
238 ᠪᠠᠰᠢᠷᠲᠤ ᠬᠥᠮᠦᠨ ᠲᠡᠢ ᠪᠦᠦ ᠨᠥᠬᠥᠷᠯᠡ
ᠪᠠᠶᠠᠨ ᠬᠥᠮᠦᠨ ᠳ᠋ᠦ᠍ ᠪᠦᠦ ᠵᠢᠰᠤᠷᠳᠠ
 
239 ᠪᠠᠶᠠᠳ ᠤ᠋ᠨ ᠵᠢᠷᠭᠠᠯ
ᠶᠠᠳᠠᠭᠤᠰ ᠤ᠋ᠨ ᠵᠣᠪᠠᠯᠠᠩ
 
240 ᠪᠠᠶᠠᠳ ᠤ᠋ᠨ ᠬᠡᠦᠬᠡᠳ ᠵᠣᠭᠣᠰᠤᠨ ᠳ᠋ᠠᠭᠠᠨ
ᠪᠠᠭᠠᠪᠠᠭᠠᠢ ᠶ᠋ᠢᠨ ᠵᠤᠯᠵᠠᠭ᠎ᠠ ᠨᠦᠬᠡᠨ ᠳ᠋ᠡᠭᠡᠨ
 
241 ᠪᠠᠶᠠᠳ ᠤ᠋ᠨ ᠬᠡᠷᠡᠭᠦᠯ ᠦ᠋ᠨ ᠦᠷ᠎ᠡ
ᠪᠠᠷᠯᠤᠭ ᠤ᠋ᠨ ᠪᠡᠶ᠎ᠡ ᠶ᠋ᠢᠨ ᠴᠢᠰᠤ
 
242 ᠪᠠᠶᠠᠵᠢᠬᠤ ᠳ᠋ᠤ᠌ ᠠᠬ᠎ᠠ ᠳᠡᠭᠦᠦ
ᠦᠭᠡᠢᠷᠡᠬᠦ ᠳ᠋ᠦ᠍ ᠥᠰᠲᠦ ᠳᠠᠢᠰᠤᠨ
 
243 ᠪᠠᠶᠠᠵᠢᠬᠤ ᠳ᠋ᠤ᠌ ᠭᠤᠷᠪᠠᠨ ᠵᠢᠯ
ᠪᠠᠷᠠᠬᠤ ᠳ᠋ᠤ᠌ ᠭᠤᠷᠪᠠᠨ ᠬᠣᠨᠣᠭ
 
244 ᠪᠠᠶᠠᠵᠢᠬᠤ ᠳ᠋ᠤ᠌ ᠡᠪᠦᠯ ᠵᠤᠨ ᠬᠣᠶᠠᠷ
ᠪᠠᠷᠠᠬᠤ ᠳ᠋ᠤ᠌ ᠡᠳᠦᠷ ᠰᠥᠨᠢ ᠬᠣᠶᠠᠷ
 
245 ᠪᠠᠶᠠᠨ ᠭᠡᠵᠦ ᠪᠤᠤ ᠰᠠᠭᠰᠠᠭᠤᠷᠠ
ᠪᠠᠭᠠᠲᠤᠷ ᠭᠡᠵᠦ ᠪᠤᠤ ᠪᠠᠷᠳᠠ
 
246 ᠪᠠᠶᠠᠨ ᠭᠡᠵᠦ ᠮᠥᠩᠬᠡ ᠪᠢᠰᠢ
ᠪᠠᠭᠠᠲᠤᠷ ᠭᠡᠵᠦ ᠦᠷᠭᠦᠯᠵᠢ ᠪᠢᠰᠢ
 
247 ᠪᠠᠶᠠᠨ ᠨᠢᠭᠡ ᠰᠢᠭᠤᠷᠭᠠᠨ ᠳ᠋ᠤ᠌
ᠪᠠᠭᠠᠲᠤᠷ ᠨᠢᠭᠡ ᠰᠤᠮᠤᠨ ᠳ᠋ᠤ᠌
 
248 ᠪᠠᠶᠠᠨ— ᠲᠩᠷᠢ ᠶ᠋ᠢᠨ ᠬᠢ
ᠪᠠᠷᠯᠤᠭ— ᠵᠠᠶᠠᠭᠠᠨ ᠤ᠋ ᠬᠢ
 
249 ᠪᠠᠶᠠᠨ ᠬᠥᠮᠦᠨ ᠪᠡᠴᠢ (ᠠᠷᠭ᠎ᠠ) ᠲᠠᠢ
ᠬᠣᠭᠣᠰᠣᠨ ᠬᠥᠮᠦᠨ ᠬᠣᠴᠢ ᠲᠠᠢ
 
250 ᠪᠠᠶᠠᠨ ᠬᠥᠮᠦᠨ ᠣᠮᠣᠭ ᠲᠠᠢ
ᠪᠠᠭᠠᠲᠤᠷ ᠬᠥᠮᠦᠨ ᠵᠣᠷᠢᠭ ᠲᠠᠢ
 
251 ᠪᠠᠶᠠᠨ ᠬᠥᠮᠦᠨ ᠳ᠋ᠦ᠍ ᠤᠷᠤᠭ ᠣᠯᠠᠳᠠᠬᠤ
ᠪᠠᠭᠠᠲᠤᠷ ᠬᠥᠮᠦᠨ ᠳ᠋ᠦ᠍ ᠨᠥᠬᠥᠷ ᠣᠯᠠᠳᠠᠬᠤ
 
252 ᠪᠠᠶᠠᠨ ᠬᠥᠮᠦᠨ ᠦ᠌ ᠠᠮᠠ ᠶ᠋ᠢ ᠪᠤᠤ ᠬᠠᠷᠠ
ᠪᠤᠰᠤᠳ ᠤ᠋ᠨ ᠲᠤᠰᠠ ᠶ᠋ᠢ ᠪᠦᠦ ᠮᠠᠷᠲᠠ
 
253 ᠪᠠᠶᠠᠨ ᠬᠥᠮᠦᠨ ᠦ᠌ ᠪᠠᠬ᠎ᠠ ᠶᠡᠬᠡ
ᠬᠣᠭᠣᠰᠣᠨ ᠬᠥᠮᠦᠨ ᠦ᠌ ᠵᠣᠪᠠᠯᠠᠩ ᠶᠡᠬᠡ
 
254 ᠪᠠᠶᠠᠨ ᠬᠥᠮᠦᠨ ᠦ᠌ ᠭᠠᠷ ᠠ᠋ᠴᠠ ᠶᠠᠭᠤᠮ᠎ᠠ ᠠᠪᠬᠤ
ᠪᠠᠷᠰ ᠤ᠋ᠨ ᠠᠮᠠᠨ ᠠ᠋ᠴᠠ ᠮᠢᠬ᠎ᠠ ᠠᠪᠬᠤ ᠠᠳᠠᠯᠢ
 
255 ᠪᠠᠶᠠᠨ ᠬᠥᠮᠦᠨ ᠦ᠌ ᠭᠡᠷ ᠲᠦ᠍ ᠪᠢᠯᠳᠠᠤᠴᠢ ᠣᠯᠠᠨ ᠴᠤᠭᠯᠠᠨ᠎ᠠ
ᠪᠠᠭᠠᠷᠠᠩ ᠬᠥᠮᠦᠨ ᠦ᠌ ᠬᠣᠢᠨ᠎ᠠ ᠠ᠋ᠴᠠ ᠨᠣᠬᠠᠢ ᠶᠡᠬᠡ ᠳᠠᠭᠠᠨ᠎ᠠ
 
256 ᠪᠠᠶᠠᠨ ᠬᠥᠮᠦᠨ ᠦ᠌ ᠢᠷᠦᠭᠡᠯ
ᠪᠠᠷᠯᠤᠭ ᠤ᠋ᠨ ᠴᠢᠬᠢᠨ ᠳ᠋ᠦ᠍ ᠬᠠᠷᠢᠶᠠᠯ
 
257 ᠪᠠᠶᠠᠨ ᠬᠥᠮᠦᠨ ᠦ᠌ ᠬᠠᠷᠠᠮ ᠦᠭᠡᠢ ᠨᠢ ᠡᠷᠳᠡᠮ
ᠶᠠᠳᠠᠭᠤ ᠬᠥᠮᠦᠨ ᠦ᠌ ᠰᠢᠨᠤᠯ ᠦᠭᠡᠢ ᠨᠢ ᠡᠷᠳᠡᠮ
 
258 ᠪᠠᠶᠠᠨ ᠶᠠᠪᠤᠬᠤ ᠳ᠋ᠤ᠌ ᠪᠦᠭᠦᠳᠡᠭᠡᠷ ᠰᠠᠳᠤᠨ
ᠪᠠᠷᠠᠭᠳᠠᠭᠠᠳ ᠢᠷᠡᠬᠦ ᠳ᠋ᠦ᠍ ᠪᠦᠭᠦᠳᠡᠭᠡᠷ ᠳᠠᠢᠰᠤᠨ
 
259 ᠪᠠᠶᠠᠨ ᠳ᠋ᠤ᠌ ᠭᠡᠷ ᠥᠩᠭᠡ ᠲᠡᠢ
ᠤᠬᠠᠭᠠᠨᠲᠠᠨ ᠳ᠋ᠤ᠌ ᠡᠷᠳᠡᠮ ᠥᠩᠭᠡ ᠲᠡᠢ
 
260 ᠪᠠᠶᠠᠨ ᠢ᠋ ᠲᠤᠷᠠᠲᠠᠯ᠎ᠠ
ᠶᠠᠳᠠᠭᠤ ᠨᠢ ᠦᠬᠦᠨ᠎ᠡ
 
261 ᠪᠠᠶᠠᠷᠯᠠᠬᠤ ᠳ᠋ᠤ᠌ ᠵᠣᠪᠠᠯᠠᠩ ᠳᠠᠭᠠᠳᠠᠭ
ᠪᠠᠰᠤᠬᠤ ᠳ᠋ᠤ᠌ ᠪᠡᠷᠬᠡ ᠤᠴᠠᠷᠠᠳᠠᠭ
 
262 ᠪᠡᠶ᠎ᠡ ᠥᠲᠡᠯᠪᠡᠴᠦ
ᠰᠠᠨᠠᠭ᠎ᠠ ᠥᠲᠡᠯᠬᠦ ᠦᠭᠡᠢ
 
263 ᠪᠡᠶ᠎ᠡ ᠶ᠋ᠢᠨ ᠠᠮᠤᠷ ᠢ᠋ ᠪᠤᠤ ᠬᠠᠷᠠ
ᠪᠤᠰᠤᠳ ᠲᠤ ᠲᠤᠰᠠᠯᠠᠬᠤ ᠶ᠋ᠢ ᠪᠤᠤ ᠮᠠᠷᠲᠠ
 
264 ᠪᠡᠶ᠎ᠡ ᠪᠡᠨ ᠵᠠᠯᠠᠭᠤ ᠠ᠋ᠴᠠ ᠨᠢ
ᠬᠤᠪᠴᠠᠰᠤ ᠪᠠᠨ ᠰᠢᠨ᠎ᠡ ᠡᠴᠡ ᠨᠢ
 
265 ᠪᠡᠶ᠎ᠡ ᠶ᠋ᠢᠨ ᠪᠥᠬᠡ ᠪᠡᠷ ᠨᠢᠭᠡ ᠶ᠋ᠢ ᠳᠠᠪᠠᠨ᠎ᠠ
ᠪᠢᠯᠢᠭ ᠦ᠋ᠨ ᠪᠥᠬᠡ ᠪᠡᠷ ᠣᠯᠠᠨ ᠢ᠋ ᠳᠠᠪᠠᠨ᠎ᠠ
 
266 ᠪᠡᠶ᠎ᠡ ᠪᠡᠨ ᠵᠠᠰᠠᠭᠠᠳ ᠭᠡᠷ ᠢ᠋ᠶ᠋ᠡᠨ ᠵᠠᠰᠠ
ᠭᠡᠷ ᠢ᠋ᠶ᠋ᠡᠨ ᠵᠠᠰᠠᠭᠠᠳ ᠲᠥᠷᠥ ᠪᠡᠨ ᠵᠠᠰᠠ
 
267 ᠪᠢᠯᠠᠭᠤ ᠪᠠᠷ ᠵᠠᠨᠴᠢᠬᠤ ᠳ᠋ᠤ᠌ ᠢᠨᠢᠶᠡᠬᠦ
ᠪᠤᠯᠠᠭ᠎ᠠ ᠪᠠᠷ ᠢᠯᠢᠬᠦ ᠳ᠋ᠦ᠍ ᠤᠬᠢᠯᠠᠬᠤ
 
268 ᠪᠢᠯᠡᠭᠦᠨ ᠳ᠋ᠦ᠍ ᠣᠢᠷᠠᠳᠤᠭ᠎ᠠ ᠦᠭᠡᠢ ᠬᠢᠲᠤᠭᠠᠨ ᠤ᠋ ᠢᠷ
ᠪᠡᠯᠴᠢᠭᠡᠷ ᠲᠦ᠍ ᠣᠢᠷᠠᠲᠤᠭ᠎ᠠ ᠦᠭᠡᠢ ᠮᠠᠯ ᠤ᠋ᠨ ᠮᠢᠬ᠎ᠠ
 
269 ᠪᠢᠴᠢᠭ ᠦᠭᠡᠢ ᠶ᠋ᠢᠨ ᠮᠡᠳᠡᠯᠭᠡ ᠬᠣᠮᠰᠠ
ᠪᠢᠯᠳᠠᠤᠴᠢ ᠬᠥᠮᠥᠨ ᠦ ᠬᠡᠷᠡᠭ ᠮᠤᠬᠤᠰ
 
270 ᠪᠣᠭᠳᠠ ᠪᠤᠷᠬᠠᠨ ᠪᠣᠯᠪᠠᠴᠤ ᠡᠬᠡ ᠡᠴᠡ ᠲᠥᠷᠥᠳᠡᠭ
ᠪᠤᠤᠷ᠎ᠠ ᠪᠦᠳᠦᠭᠦᠨ ᠪᠣᠯᠪᠠᠴᠤ ᠢᠩᠭᠡᠨ ᠡᠴᠡ ᠲᠥᠷᠥᠳᠡᠭ
 
271 ᠪᠣᠳᠣᠯᠭ᠎ᠠ ᠦᠭᠡᠢ ᠬᠥᠮᠦᠨ ᠦ᠌ ᠨᠣᠢᠷ ᠦᠯᠡᠮᠵᠢ
ᠪᠣᠯᠭᠣᠮᠵᠢ ᠦᠭᠡᠢ ᠬᠥᠮᠦᠨ ᠦ᠌ ᠠᠯᠳᠠᠰ ᠦᠯᠡᠮᠵᠢ
 
272 ᠪᠣᠳᠣᠭᠠᠳ ᠪᠣᠳᠣᠭᠠᠳ
ᠪᠤᠲᠠ ᠶ᠋ᠢᠨ ᠰᠢᠭᠢᠷ᠎ᠡ ᠳᠥᠷᠪᠡ
 
273 ᠪᠣᠯᠭᠤᠭᠠᠭᠠᠳ ᠶᠠᠪᠤᠪᠠᠯ ᠣᠰᠣᠯ ᠦᠭᠡᠢ
ᠪᠣᠯᠭᠣᠭᠠᠳ ᠢᠳᠡᠪᠡᠯ ᠠᠶᠤᠯ ᠦᠭᠡᠢ
 
274 ᠪᠣᠯᠭᠣᠮᠵᠢ ᠦᠭᠡᠢ ᠡᠮᠴᠢ ᠡᠴᠡ
ᠪᠤᠴᠠᠯᠭᠠᠭᠰᠠᠨ ᠤᠰᠤ ᠳᠡᠭᠡᠷ᠎ᠡ
 
275 ᠪᠣᠯᠭᠣᠮᠵᠢ ᠦᠭᠡᠢ ᠶᠠᠪᠤᠳᠠᠯ ᠠ᠋ᠴᠠ ᠭᠠᠢ ᠭᠠᠷᠤᠨ᠎ᠠ
ᠪᠣᠯᠴᠢᠮ ᠦᠭᠡᠢ ᠶᠠᠷᠢᠶᠠᠨ ᠠ᠋ᠴᠠ ᠴᠤᠤ ᠲᠠᠷᠬᠠᠨ᠎ᠠ
 
276 ᠪᠣᠯᠵᠣᠮᠣᠷ ᠰᠢᠪᠠᠭᠤ ᠪᠤᠲᠠ ᠪᠤᠷᠭᠠᠰᠤ ᠪᠠᠨ ᠮᠠᠷᠲᠠᠬᠤ ᠦᠭᠡᠢ
ᠪᠤᠭᠤ ᠭᠥᠷᠥᠭᠡᠰᠦ ᠪᠤᠯᠠᠭ ᠤᠰᠤ ᠪᠠᠨ ᠮᠠᠷᠲᠠᠬᠤ ᠦᠭᠡᠢ
 
277 ᠪᠣᠯᠤᠭ᠎ᠠ ᠦᠭᠡᠢ ᠢᠳᠡᠭᠡ ᠶ᠋ᠢ ᠢᠳᠡᠬᠦ ᠭᠡᠵᠦ ᠪᠦᠦ ᠶᠠᠷᠢ
ᠪᠣᠯᠪᠠᠰᠤᠷᠠᠭ᠎ᠠ ᠦᠭᠡᠢ ᠶᠠᠪᠤᠳᠠᠯ ᠢ᠋ ᠬᠢᠬᠦ ᠭᠡᠵᠦ ᠪᠦᠦ ᠶᠠᠷᠢ
 
278 ᠪᠣᠯᠤᠭ᠎ᠠ ᠦᠭᠡᠢ ᠮᠢᠬ᠎ᠠ ᠢᠳᠡᠪᠡᠯ ᠬᠣᠳᠣᠭᠣᠳᠣᠨ ᠳ᠋ᠤ᠌ ᠬᠡᠮ ᠲᠡᠢ
ᠪᠣᠯᠬᠤ ᠦᠭᠡᠢ ᠦᠭᠡ ᠬᠡᠯᠡᠪᠡᠯ ᠥᠪᠡᠷ ᠲᠦ᠍ ᠬᠡᠮ ᠲᠡᠢ
 
279 ᠪᠣᠯᠤᠭᠰᠠᠨ ᠢᠳᠡᠭᠡᠨ ᠡᠴᠡ ᠪᠦᠦ ᠵᠠᠢᠯᠠ
ᠪᠣᠯᠣᠰᠢ ᠦᠭᠡᠢ ᠬᠥᠮᠦᠨ ᠦ᠌ ᠦᠭᠡᠨ ᠳ᠋ᠦ᠍ ᠪᠦᠦ ᠣᠷᠣ
 
280 ᠪᠣᠭᠣᠯ ᠬᠥᠮᠦᠨ ᠳ᠋ᠦ᠍ ᠨᠣᠶᠠᠨ ᠣᠯᠠᠨ
ᠪᠣᠭᠲᠣᠰ ᠤ᠋ᠨ ᠮᠢᠬᠠᠨ ᠳ᠋ᠤ᠌ ᠰᠢᠷᠪᠥᠰᠥ ᠣᠯᠠᠨ
 
281 ᠪᠣᠣᠬᠠᠢ ᠶ᠋ᠢᠨ ᠲᠦᠷᠦᠭᠦᠨ ᠳ᠋ᠦ᠍ ᠬᠡᠷᠢᠶ᠎ᠡ
ᠪᠣᠷᠣᠭᠠᠨ ᠤ᠋ ᠡᠮᠦᠨ᠎ᠡ ᠰᠠᠯᠬᠢ
 
282 ᠪᠣᠷᠣ ᠭᠡᠷ ᠲᠡᠭᠡᠨ ᠪᠣᠭᠳᠠ
ᠬᠠᠷ᠎ᠠ ᠭᠡᠷ ᠲᠡᠭᠡᠨ ᠬᠠᠭᠠᠨ
 
283 ᠪᠣᠷᠣᠭ᠎ᠠ ᠣᠷᠣᠭᠰᠠᠨ ᠭᠠᠵᠠᠷ ᠴᠢᠭᠢᠭ ᠲᠡᠢ
ᠪᠣᠷᠳᠣᠭᠤᠷ ᠬᠢᠭᠰᠡᠨ ᠭᠠᠵᠠᠷ ᠰᠢᠮ᠎ᠡ ᠲᠡᠢ
 
284 ᠪᠣᠷᠣᠭ᠎ᠠ ᠲᠠᠢ ᠪᠣᠯᠪᠠᠴᠤ ᠪᠣᠯᠵᠣᠭᠠᠨ ᠳ᠋ᠠᠭᠠᠨ
ᠬᠤᠷ᠎ᠠ ᠲᠠᠢ ᠪᠣᠯᠪᠠᠴᠤ ᠬᠤᠭᠤᠴᠠᠭᠠᠨ ᠳ᠋ᠠᠭᠠᠨ
 
285 ᠪᠣᠰᠤᠭ᠎ᠠ ᠭᠡᠢᠴᠢᠨ ᠢ᠋ ᠵᠣᠴᠢᠯᠠᠬᠤ ᠳ᠋ᠤ᠌ ᠪᠡᠷᠬᠡ
ᠪᠣᠰᠬᠠᠳᠠᠭ ᠮᠣᠷᠢ ᠶ᠋ᠢ ᠤᠨᠤᠬᠤ ᠳ᠋ᠤ᠌ ᠪᠡᠷᠬᠡ
 
286 ᠪᠥᠬᠡ ᠦᠭᠡᠢ ᠭᠠᠵᠠᠷ ᠣᠩᠭᠣᠳ ᠭᠠᠯᠵᠠᠭᠤᠷᠠᠵᠤ
ᠪᠤᠬ᠎ᠠ ᠦᠭᠡᠢ ᠭᠠᠵᠠᠷ ᠱᠠᠷ ᠭᠠᠯᠵᠠᠭᠤᠷᠠᠬᠤ
 
287 ᠪᠥᠭᠡᠷ᠎ᠡ ᠪᠡᠨ ᠪᠥᠭᠰᠡᠨ ᠳ᠋ᠡᠭᠡᠨ
ᠴᠠᠷ ᠢ᠋ᠶ᠋ᠠᠨ ᠴᠡᠭᠡᠵᠢᠨ ᠳ᠋ᠡᠭᠡᠨ
 
288 ᠪᠥᠭᠡᠰᠦᠨ ᠳ᠋ᠦ᠍ ᠰᠦᠬᠡ
ᠪᠦᠯᠡᠭᠡᠨ ᠳ᠋ᠦ᠍ ᠵᠢᠳᠠ
 
289 ᠪᠥᠬᠡ ᠬᠥᠮᠦᠨ
ᠪᠦᠳᠦᠭᠦᠨ ᠡᠪᠡᠰᠦᠨ ᠳ᠋ᠦ᠍
 
290 ᠪᠥᠬᠡ ᠶ᠋ᠢᠨ ᠳᠡᠭᠡᠷ᠎ᠡ ᠪᠥᠬᠡ
ᠡᠷ᠎ᠡ ᠶ᠋ᠢᠨ ᠳᠡᠭᠡᠷ᠎ᠡ ᠡᠷ᠎ᠡ
 
291 ᠪᠣᠳᠣᠭᠠᠴᠢ ᠪᠣᠳᠣᠭᠠᠴᠢ ᠭᠡᠬᠦᠯᠡᠷ
ᠰᠠᠬᠠᠯ ᠢ᠋ᠶ᠋ᠠᠨ ᠪᠣᠳᠣᠬᠤ
 
292 ᠪᠣᠳᠣᠭ ᠤ᠋ᠨ ᠦᠵᠦᠭᠦᠷ ᠬᠦᠷᠦᠭᠡ ᠦᠭᠡᠢ ᠬᠠᠳᠠᠭ
ᠪᠤᠵᠠᠷ ᠤ᠋ᠨ ᠦᠵᠦᠭᠦᠷ ᠬᠦᠷᠦᠭᠡ ᠦᠭᠡᠢ ᠰᠦ
 
293 ᠪᠤᠵᠠᠷ ᠠᠷᠭ᠎ᠠ ᠪᠠᠷ ᠣᠯᠤᠭᠰᠠᠨ
ᠪᠤᠯᠠᠭ᠎ᠠ ᠨᠥᠮᠥᠷᠴᠦ ᠶᠠᠪᠤᠭᠰᠠᠨ ᠠ᠋ᠴᠠ
ᠠᠷᠢᠭᠤᠨ ᠬᠥᠯᠥᠰᠥ ᠪᠡᠷ ᠢ᠋ᠶ᠋ᠡᠨ ᠣᠯᠤᠭᠰᠠᠨ
ᠠᠳᠠᠰᠬ᠎ᠠ ᠨᠥᠮᠥᠷᠴᠦ ᠶᠠᠪᠤᠭᠰᠠᠨ ᠨᠢ ᠳᠡᠭᠡᠷ᠎ᠡ
 
294 ᠪᠤᠵᠠᠭᠠᠢ ᠳᠡᠭᠡᠷᠡᠩᠭᠦᠢ ᠪᠦᠦ ᠵᠠᠩᠨᠠ
ᠪᠤᠵᠠᠷ ᠬᠢᠯᠢᠨᠴᠡ ᠶ᠋ᠢ ᠪᠦᠦ ᠡᠭᠦᠰᠬᠡ
 
295 ᠪᠤᠯᠠᠭ ᠪᠤᠯᠠᠭ ᠤ᠋ᠨ ᠤᠰᠤ ᠣᠨᠳᠣᠣ
ᠭᠠᠵᠠᠷ ᠭᠠᠵᠠᠷ ᠤ᠋ᠨ ᠵᠠᠩᠰᠢᠯ ᠣᠨᠳᠣᠣ
 
296 ᠪᠤᠯᠭᠤᠷᠠᠭᠰᠠᠨ ᠴᠢᠯᠠᠭᠤ ᠪᠤᠴᠠᠭᠠᠳ
ᠪᠠᠢᠷᠢᠨ ᠳ᠋ᠠᠭᠠᠨ ᠪᠠᠭᠲᠠᠬᠤ ᠦᠭᠡᠢ
 
297 ᠪᠤᠯᠠᠭ ᠤ᠋ᠨ ᠤᠰᠤ ᠣᠷᠬᠢᠪᠠᠴᠤ ᠬᠦᠢᠲᠡᠨ
ᠪᠤᠷᠤᠭᠤ ᠰᠠᠨᠠᠭ᠎ᠠ ᠢᠨᠢᠶᠡᠪᠡᠴᠦ ᠬᠤᠳᠠᠯ
 
298 ᠪᠤᠯᠠᠭ ᠤ᠋ᠨ ᠤᠰᠤ ᠶ᠋ᠢ ᠳᠠᠷᠤᠵᠤ ᠪᠣᠯᠬᠤ ᠦᠭᠡᠢ
ᠪᠤᠶᠠᠨ ᠲᠠᠢ ᠬᠥᠮᠦᠨ ᠢ᠋ ᠪᠤᠯᠠᠵᠤ ᠪᠣᠯᠬᠤ ᠦᠭᠡᠢ
 
299 ᠪᠤᠯᠠᠭ ᠤ᠋ᠨ ᠡᠬᠢ ᠨᠢ ᠲᠤᠩᠭᠠᠯᠠᠭ ᠪᠣᠯ
ᠠᠳᠠᠭ ᠨᠢ ᠮᠥᠨ ᠲᠤᠩᠭᠠᠯᠠᠭ
 
300 ᠪᠤᠯᠲᠤ ᠪᠠᠷ ᠢ᠋ᠶ᠋ᠠᠨ( ᠨᠡᠢᠲᠡ ᠪᠡᠷ ᠢ᠋ᠶ᠋ᠡᠨ) ᠴᠢᠷᠮᠠᠢᠪᠠᠯ
ᠪᠦᠲᠦᠬᠦ ᠦᠭᠡᠢ ᠶᠠᠪᠤᠳᠠᠯ ᠦᠭᠡᠢ
 
301 ᠪᠤᠮᠠᠨ ᠲᠠᠮᠠᠭ᠎ᠠ ᠪᠠᠨ ᠳᠠᠷᠤᠭᠰᠠᠨ ᠪᠠᠶᠠᠨ ᠠ᠋ᠴᠠ
ᠪᠣᠳᠣᠯᠭ᠎ᠠ ᠮᠡᠷᠭᠡᠨ ᠲᠡᠢ ᠭᠤᠢᠷᠠᠨᠴᠢᠨ ᠳᠡᠭᠡᠷ᠎ᠡ
 
302 ᠪᠤᠮᠠᠨ ᠬᠡᠷᠡᠭ ᠦ᠋ᠨ ᠪᠣᠭᠣᠮᠲᠠ ᠨᠢ ᠨᠢᠭᠡ
ᠲᠦᠮᠡᠨ ᠬᠡᠷᠡᠭ ᠦ᠋ᠨ ᠲᠣᠪᠴᠢ ᠨᠢ ᠨᠢᠭᠡ
 
303 ᠪᠤᠷᠤᠭᠤ ᠵᠠᠮ ᠢ᠋ᠶ᠋ᠠᠷ ᠪᠤᠳᠠᠭ᠎ᠠ ᠲᠡᠭᠡᠭᠡᠪᠡᠯ
ᠪᠤᠴᠠᠬᠤ ᠵᠠᠮ ᠳ᠋ᠠᠭᠠᠨ ᠰᠢᠷᠣᠢ ᠲᠡᠭᠡᠭᠡᠨ᠎ᠡ
 
304 ᠪᠤᠷᠤᠭᠤ ᠨᠣᠮᠲᠠᠨ ᠠ᠋ᠴᠠ ᠤᠷᠰᠢᠭ ᠲᠠᠰᠤᠷᠠᠬᠤ ᠦᠭᠡᠢ
ᠪᠤᠵᠠᠷ ᠶᠠᠭᠤᠮᠠᠨ ᠠ᠋ᠴᠠ ᠢᠯᠠᠭ᠎ᠠ ᠲᠠᠰᠤᠷᠠᠬᠤ ᠦᠭᠡᠢ
 
305 ᠪᠤᠷᠤᠭᠤ ᠥᠰᠬᠡᠭᠰᠡᠨ ᠬᠡᠦᠬᠡᠳ
ᠪᠤᠬ᠎ᠠ ᠶ᠋ᠢᠨ ᠬᠦᠵᠦᠭᠦᠨ ᠡᠴᠡ ᠬᠠᠲᠠᠭᠤ
 
306 ᠪᠤᠷᠤᠭᠤ ᠰᠠᠨᠠᠭ᠎ᠠ ᠲᠠᠢ ᠬᠥᠮᠦᠨ ᠦ᠌ ᠳᠣᠲᠣᠷ᠎ᠠ
ᠪᠤᠯᠤ ᠬᠠᠷ᠎ᠠ ᠴᠢᠯᠠᠭᠤ
ᠰᠠᠢᠬᠠᠨ ᠰᠠᠨᠠᠭ᠎ᠠ ᠲᠠᠢ ᠬᠥᠮᠦᠨ ᠦ᠌ ᠳᠣᠲᠣᠷ᠎ᠠ
ᠰᠠᠷᠠ ᠨᠠᠷᠠ
 
307 ᠪᠤᠷᠤᠭᠤ ᠬᠠᠷᠠᠭᠰᠠᠨ ᠨᠦᠬᠡᠨ ᠳ᠋ᠦ᠍
ᠨᠠᠷᠠᠨ ᠤ᠋ ᠭᠡᠷᠡᠯ ᠲᠣᠰᠳᠠᠭ ᠦᠭᠡᠢ
ᠪᠤᠷᠤᠭᠤ ᠰᠠᠨᠠᠭ᠎ᠠ ᠲᠠᠢ ᠬᠥᠮᠦᠨ ᠳ᠋ᠦ᠍
ᠪᠤᠶᠠᠨ ᠤ᠋ ᠭᠡᠷᠡᠯ ᠲᠣᠰᠳᠠᠭ ᠦᠭᠡᠢ
 
308 ᠪᠤᠷᠤᠭᠤ ᠶᠠᠭᠤᠮ᠎ᠠ ᠶ᠋ᠢ ᠪᠤᠤ ᠥᠮᠥᠭᠡᠷᠡ
ᠪᠤᠰᠤᠳ ᠤ᠋ᠨ ᠶᠠᠭᠤᠮᠠᠨ ᠳ᠋ᠤ᠌ ᠪᠤᠤ ᠰᠢᠨᠤ
 
309 ᠪᠤᠷᠤᠭᠤ ᠶᠠᠪᠤᠳᠠᠯ ᠢ᠋
ᠪᠤᠷᠬᠠᠨ ᠲᠩᠷᠢ ᠴᠦ᠍ ᠲᠠᠭᠠᠯᠠᠬᠤ ᠦᠭᠡᠢ
 
310 ᠪᠤᠷᠤᠭᠤ ᠳ᠋ᠤ᠌ ᠨᠢᠳᠦ ᠬᠤᠷᠴᠠ
ᠪᠣᠯᠤᠭᠰᠠᠨ ᠳ᠋ᠤ᠌ ᠰᠢᠳᠦ ᠬᠤᠷᠴᠠ
 
311 ᠪᠤᠷᠬᠠᠨ ᠦᠭᠡᠢ ᠭᠠᠵᠠᠷ ᠪᠤᠭ ᠣᠯᠠᠨ
ᠪᠤᠶᠠᠨ ᠲᠠᠢ ᠭᠠᠵᠠᠷ ᠨᠢᠭᠦᠯ ᠣᠯᠠᠨ
 
312 ᠪᠤᠷᠬᠠᠨ ᠦᠭᠡᠢ ᠭᠠᠵᠠᠷ ᠤ᠋ᠨ ᠪᠤᠭ ᠭᠠᠯᠵᠠᠭᠤᠷᠠᠬᠤ
ᠪᠤᠬ᠎ᠠ ᠦᠭᠡᠢ ᠭᠠᠵᠠᠷ ᠤ᠋ᠨ ᠱᠠᠷ ᠭᠠᠯᠵᠠᠭᠤᠷᠠᠬᠤ
 
313 ᠪᠣᠭᠳᠠ ᠰᠢᠲᠦᠭᠡᠨ ᠢ᠋ᠶ᠋ᠡᠨ ᠢᠲᠡᠭᠡᠭᠰᠡᠭᠡᠷ ᠡᠪᠡᠳᠴᠢᠨ ᠳ᠋ᠦ᠍ ᠠᠪᠲᠠᠬᠤ
ᠪᠤᠬ᠎ᠠ ᠮᠠᠯ ᠳ᠋ᠠᠭᠠᠨ ᠢᠲᠡᠭᠡᠭᠰᠡᠭᠡᠷ ᠦᠨᠢᠶ᠎ᠡ ᠪᠡᠨ ᠬᠤᠰᠠᠷᠠᠭᠠᠬᠤ
 
314 ᠪᠤᠷᠲᠠᠭ ᠢ᠋ᠶ᠋ᠠᠨ ᠤᠬᠢᠶᠠᠪᠠᠯ ᠴᠡᠪᠡᠷ ᠪᠣᠯᠤᠨ᠎ᠠ
ᠪᠤᠷᠤᠭᠤ ᠪᠠᠨ ᠬᠠᠯᠠᠪᠠᠯ ᠨᠥᠬᠥᠷ ᠪᠣᠯᠤᠨ᠎ᠠ
 
315 ᠪᠤᠰᠤᠳ ᠢ᠋ ᠡᠯᠡᠭᠯᠡᠬᠦ ᠡᠴᠡ ᠤᠷᠢᠳ
ᠥᠪᠡᠷ ᠦ᠋ᠨ ᠢ᠋ᠶ᠋ᠡᠨ ᠪᠡᠶ᠎ᠡ ᠶ᠋ᠢ ᠰᠢᠨᠵᠢ
 
316 ᠪᠠᠭᠤᠷᠠᠢ ᠳᠠᠢᠰᠤᠨ ᠢ᠋ ᠪᠤᠤ ᠪᠠᠰᠤ
ᠪᠠᠯᠠᠮᠠᠳ ᠳᠠᠢᠰᠤᠨ ᠠ᠋ᠴᠠ ᠪᠤᠤ ᠠᠶᠤ
 
317 ᠪᠤᠭᠤᠷᠤᠯ ᠠ᠋ᠴᠠ ᠦᠭᠡ ᠲᠤᠭᠤᠯ
ᠪᠣᠯᠤᠭᠰᠠᠨ ᠢᠳᠡᠭᠡᠨ ᠡᠴᠡ ᠠᠮᠠ ᠬᠥᠷ
 
318 ᠪᠤᠬ᠎ᠠ ᠥᠲᠡᠯᠪᠡᠴᠦ ᠪᠢᠷᠠᠭᠤᠨ ᠳ᠋ᠠᠭᠠᠨ ᠵᠥᠪ
ᠴᠢᠨᠣ᠎ᠠ ᠥᠲᠡᠯᠪᠡᠴᠦ ᠢᠰᠢᠭᠡᠨ ᠳ᠋ᠡᠭᠡᠨ ᠵᠥᠪ
 
319 ᠪᠤᠬ᠎ᠠ ᠥᠲᠡᠯᠪᠡᠯ ᠪᠢᠷᠠᠭᠤᠨ ᠤ᠋ ᠳᠣᠭᠣᠭᠢ
ᠬᠥᠮᠦᠨ ᠬᠥᠭᠰᠢᠷᠡᠪᠡᠯ ᠬᠡᠦᠬᠡᠳ ᠦ᠋ᠨ ᠳᠣᠭᠣᠭᠢ
 
320 ᠪᠤᠴᠠᠬᠤ ᠪᠡᠷᠢ ᠳ᠋ᠦ᠍
ᠦᠨᠢᠶ᠎ᠡ ᠨᠡᠢᠯᠡᠬᠦ ᠬᠠᠮᠢᠶ᠎ᠠ ᠦᠭᠡᠢ
 
321 ᠪᠤᠴᠠᠬᠤ ᠰᠢᠪᠠᠭᠤ ᠶ᠋ᠢ ᠭᠠᠷᠤᠨ ᠪᠦᠦ ᠬᠠᠷᠠ
ᠢᠷᠡᠬᠦ ᠰᠢᠪᠠᠭᠤ ᠶ᠋ᠢ ᠬᠠᠷᠠᠨ ᠪᠦᠦ ᠣᠷᠣ
 
322 ᠪᠤᠴᠠᠬᠤ ᠪᠠᠨ ᠪᠣᠳᠣᠭᠰᠠᠨ ᠡᠬᠡᠨᠡᠷ ᠦ᠋ᠨ ᠴᠢᠷᠠᠢ ᠬᠦᠢᠲᠡᠨ
ᠪᠤᠷᠭᠢᠯᠵᠤ ᠪᠤᠴᠠᠯᠤᠭᠰᠠᠨ ᠴᠠᠢ ᠶ᠋ᠢᠨ ᠠᠭᠤᠷ ᠨᠣᠢᠲᠠᠨ
 
323 ᠪᠣᠰᠢᠭᠣ ᠲᠠᠤᠯᠠᠢ
ᠪᠣᠷᠪᠢᠨ ᠳ᠋ᠠᠭᠠᠨ ᠪᠠᠭᠠᠰᠤ ᠲᠠᠢ
 
324 ᠪᠤᠶᠠᠨ ᠢ᠋ᠶ᠋ᠠᠨ ᠪᠠᠷᠠᠵᠤ
ᠪᠤᠵᠠᠷ ᠢ᠋ ᠬᠠᠢᠬᠤ
 
325 ᠪᠤᠶᠠᠨ ᠦᠭᠡᠢ ᠬᠥᠮᠦᠨ ᠳ᠋ᠦ᠍ ᠪᠤᠷᠬᠠᠨ ᠬᠣᠯᠠ
ᠰᠦᠰᠦᠭ ᠦᠭᠡᠢ ᠬᠥᠮᠦᠨ ᠳ᠋ᠦ᠍ ᠰᠦᠮ᠎ᠡ ᠬᠣᠯᠠ
 
326 ᠪᠤᠶᠠᠨ ᠲᠠᠢ ᠰᠠᠨᠠᠭᠠᠨ ᠠ᠋ᠴᠠ ᠪᠦᠦ ᠬᠣᠯᠠᠳ
ᠪᠣᠳᠢ ᠰᠡᠳᠬᠢᠯ ᠢ᠋ ᠪᠦᠦ ᠮᠠᠷᠲᠠ
 
327 ᠪᠤᠶᠠᠨ ᠲᠠᠢ ᠬᠥᠮᠦᠨ ᠳ᠋ᠦ᠍ ᠪᠤᠷᠬᠠᠨ ᠪᠥᠬᠥᠢᠨ᠎ᠡ
ᠪᠤᠶᠠᠨ ᠦᠭᠡᠢ ᠬᠥᠮᠦᠨ ᠢ᠋ ᠪᠤᠭ ᠬᠦᠯᠢᠶᠡᠨ᠎ᠡ
 
328 ᠪᠦᠭᠦᠳᠡ ᠶ᠋ᠢᠨ ᠡᠬᠢ — ᠡᠬᠡ
ᠪᠦᠲᠦᠭᠡᠬᠦ ᠶ᠋ᠢᠨ ᠡᠬᠢ — ᠡᠪ
 
329 ᠪᠦᠭᠦᠳᠡᠭᠡᠷ ᠬᠡᠯᠡᠯᠴᠡᠪᠡᠯ ᠪᠤᠷᠤᠭᠤ ᠦᠭᠡᠢ
ᠪᠦᠯᠢᠶᠡᠨ ᠤᠰᠤ ᠪᠠᠷ ᠤᠬᠢᠶᠠᠪᠠᠯ ᠬᠬᠢᠷ ᠦᠭᠡᠢ
 
330 ᠪᠦᠳᠦᠷᠢᠭᠰᠡᠨ ᠮᠣᠷᠢᠨ ᠳ᠋ᠤ᠌ ᠳᠣᠪᠣ ᠣᠯᠠᠨ
ᠵᠦᠳᠡᠷᠡᠭᠰᠡᠨ ᠬᠥᠮᠦᠨ ᠳ᠋ᠦ᠍ ᠭᠠᠵᠠᠷ ᠬᠣᠯᠠ
 
331 ᠪᠦᠷᠬᠦᠭ ᠰᠥᠨᠢ ᠪᠡᠷ ᠲᠥᠭᠡᠷᠢᠵᠦ ᠮᠡᠳᠡᠨ᠎ᠡ
ᠪᠦᠲᠦᠯ ᠦᠭᠡᠢ ᠶᠠᠪᠤᠪᠠᠯ ᠵᠦᠳᠡᠷᠡᠵᠦ ᠮᠡᠳᠡᠨ᠎ᠡ
 
332 ᠪᠦᠰᠡᠭᠦᠢ ᠬᠥᠮᠦᠨ ᠳ᠋ᠦ᠍ ᠠᠷᠢᠬᠢ ᠵᠣᠬᠢᠬᠤ ᠦᠭᠡᠢ
ᠪᠦᠳᠦᠭᠦᠨ ᠭᠡᠭᠦᠦ ᠳ᠋ᠦ᠍ ᠡᠮᠡᠭᠡᠯ ᠵᠣᠬᠢᠬᠤ ᠦᠭᠡᠢ
 
333 ᠪᠦᠲᠦᠯ ᠦᠭᠡᠢ ᠯᠠᠮᠠ ᠶ᠋ᠢᠨ
ᠪᠦᠷᠢᠶ᠎ᠡ ᠨᠢ ᠬᠠᠭᠠᠷᠬᠠᠢ
 
334 ᠪᠦᠲᠦᠭᠡᠶ᠎ᠡ ᠭᠡᠪᠡᠯ ᠪᠡᠷᠬᠡ ᠡᠴᠡ ᠪᠦᠦ ᠠᠶᠤ
ᠬᠢᠶ᠎ᠡ ᠭᠡᠪᠡᠯ ᠬᠡᠯᠡᠬᠦ ᠡᠴᠡ ᠪᠦᠦ ᠠᠶᠤ
 
335 ᠪᠦᠲᠦᠭᠡᠬᠦ ᠠᠵᠢᠯ ᠳ᠋ᠤ᠌
ᠪᠡᠶ᠎ᠡ ᠪᠡᠨ ᠪᠦᠦ ᠨᠦᠬᠡ
 
336 ᠪᠡᠯᠡᠭ ᠦ᠋ᠨ ᠮᠣᠷᠢᠨ ᠤ᠋ ᠰᠢᠲᠦ ᠶ᠋ᠢ ᠦᠵᠡᠳᠡᠭ ᠦᠭᠡᠢ
ᠪᠡᠷᠭᠡᠨ ᠦ᠌ ᠣᠷᠣ ᠶ᠋ᠢ ᠰᠡᠬᠦᠵᠦ ᠬᠠᠷᠠᠳᠠᠭ ᠦᠭᠡᠢ
 
337 ᠪᠡᠯᠡᠳᠬᠡᠯ ᠰᠠᠢᠲᠠᠢ ᠪᠣᠯ ᠶᠠᠪᠤᠳᠠᠯ ᠪᠦᠲᠦᠨ᠎ᠡ
ᠪᠢᠯᠡᠭᠦᠦ ᠰᠠᠢᠲᠠᠢ ᠪᠣᠯ ᠬᠢᠲᠤᠭ᠎ᠠ ᠬᠤᠷᠴᠠᠳᠤᠨ᠎ᠠ
 
338 ᠪᠡᠯᠴᠢᠭᠡᠷ ᠰᠠᠢᠲᠠᠢ ᠪᠣᠯ ᠮᠠᠯ ᠲᠠᠷᠭᠤᠨ
ᠪᠡᠬᠡ ᠰᠠᠢᠲᠠᠢ ᠪᠣᠯ ᠪᠢᠴᠢᠭ ᠲᠣᠳᠣᠷᠬᠠᠢ
 
339 ᠪᠡᠷᠢᠶᠡᠳ ᠦ᠋ᠨ ᠨᠢᠳᠦᠨ ᠳ᠋ᠦ᠍
ᠳᠠᠯᠠᠢ ᠬᠠᠷᠠᠮ
 
340 ᠪᠡᠷᠬᠡ ᠳ᠋ᠦ᠍ ᠪᠤᠤ ᠴᠢᠬᠤᠯᠳᠠ
ᠬᠢᠯᠪᠠᠷ ᠲᠤ᠌ ᠪᠤᠤ ᠲᠠᠰᠢᠭᠤᠷᠠ
 
341 ᠪᠢᠯᠳᠠᠤᠴᠢ ᠬᠥᠮᠦᠨ ᠳᠡᠢᠯᠦᠭᠰᠡᠨ ᠲᠠᠯ᠎ᠠ ᠳ᠋ᠤᠨᠢ
ᠪᠢᠴᠢᠬᠠᠨ ᠬᠡᠦᠬᠡᠳ ᠢᠨᠢᠶᠡᠭᠰᠡᠨ ᠲᠠᠯ᠎ᠠ ᠳ᠋ᠤᠨᠢ
 
342 ᠪᠢᠷ᠎ᠠ ᠪᠠᠨ ᠮᠡᠳᠡᠵᠦ ᠶᠠᠪᠤ
ᠬᠢᠷᠢ ᠪᠡᠨ ᠮᠡᠳᠡᠵᠦ ᠬᠢ
ᠢᠷᠡᠯᠲᠡ᠄

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠢᠮᠧᠯ᠄ soninhuudas@gmail.com