– ᠶᠠ ( Е ) –
533 ᠢᠷᠦᠭᠡᠯ ᠲᠡᠢ ᠬᠥᠮᠦᠨ ᠢᠷᠦᠭᠡᠯ ᠳ᠋ᠦ᠍
ᠵᠠᠶᠠᠭ᠎ᠠ ᠲᠠᠢ ᠬᠥᠮᠦᠨ ᠵᠠᠮ ᠳ᠋ᠤ᠌
534 ᠢᠷᠦᠭᠡᠯᠴᠢ ᠶ᠋ᠢᠨ ᠬᠡᠦᠬᠡᠳ ᠢᠷᠦᠭᠡᠯᠴᠢ
ᠬᠠᠷᠢᠶᠠᠯᠴᠢ ᠶ᠋ᠢᠨ ᠬᠡᠦᠬᠡᠳ ᠬᠠᠷᠢᠶᠠᠯᠴᠢ
535 ᠢᠷᠥᠭᠡᠭᠰᠡᠨ ᠡᠴᠡ ᠢᠯᠡᠭᠦᠦ ᠢᠷᠦᠭᠡᠯ ᠲᠡᠢ
ᠬᠡᠯᠡᠭᠰᠡᠨ ᠡᠴᠡ ᠢᠯᠡᠭᠦᠦ ᠬᠡᠮᠵᠢᠶ᠎ᠡ ᠲᠡᠢ ᠶᠠᠪᠤ
536 ᠶᠢᠷᠲᠢᠨᠴᠦ ᠶ᠋ᠢᠨ ᠤᠬᠠᠭᠠᠨ ᠬᠥᠮᠦᠨ ᠳ᠋ᠦ᠍
ᠬᠥᠮᠦᠨ ᠦ᠌ ᠤᠬᠠᠭᠠᠨ ᠡᠷᠳᠡᠮ ᠳ᠋ᠦ᠍
537 ᠶᠢᠰᠦᠨ ᠬᠦᠦ ᠭᠠᠷᠭᠠᠭᠰᠠᠨ ᠡᠬᠡ
ᠶᠡᠬᠡ ᠭᠡᠷ ᠦ᠋ᠨ ᠬᠣᠢᠮᠣᠷ ᠰᠠᠭᠤᠳᠠᠭ
538 ᠶᠢᠰᠦᠨ ᠬᠦᠦ ᠲᠡᠢ ᠬᠥᠮᠦᠨ– ᠬᠣᠲᠠ ᠶ᠋ᠢᠨ ᠠᠬ᠎ᠠ
ᠶᠣᠰᠣ ᠶᠡᠬᠡᠲᠡᠢ ᠬᠥᠮᠦᠨ– ᠰᠠᠭᠠᠬᠠᠯᠲᠠ ᠶ᠋ᠢᠨ ᠠᠬ᠎ᠠ