ᠮᠣᠩᠭᠣᠯ ᠵᠦᠢᠷ ᠰᠡᠴᠡᠨ ᠦᠭᠡ ᠶ᠋ᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠶᠣ ᠶ᠋ᠢᠨ ᠠᠢᠮᠠᠭ >
2026-06-06
ᠣᠩᠱᠢᠭ᠍ᠰᠠᠨ ᠣᠳᠠᠭ᠎ᠠ᠄
– ᠶᠣ ( Ё ) –
 
539 ᠶᠣᠣᠯᠠᠵᠤ ᠲᠥᠷᠥᠬᠦ ᠦᠭᠡᠢ ᠪᠣᠯ ᠦᠷ᠎ᠡ ᠪᠢᠰᠢ
ᠶᠣᠰᠣᠯᠠᠵᠤ ᠠᠪᠬᠤ ᠦᠭᠡᠢ ᠪᠣᠯ ᠡᠬᠡᠨᠡᠷ ᠪᠢᠰᠢ
 
540 ᠢᠷᠣᠭᠠᠷ ᠮᠡᠳᠡᠬᠦ ᠦᠭᠡᠢ ᠬᠥᠮᠦᠨ
ᠣᠷᠣᠢ ᠠ᠋ᠴᠠ ᠨᠢ ᠪᠠᠷᠢᠳᠠᠭ
ᠣᠷᠣᠢ ᠮᠡᠳᠡᠬᠦ ᠦᠭᠡᠢ ᠬᠥᠮᠦᠨ
ᠢᠷᠣᠭᠠᠷ ᠠ᠋ᠴᠠ ᠨᠢ ᠪᠠᠷᠢᠳᠠᠭ
 
541 ᠢᠷᠣᠭᠠᠷ ᠦᠭᠡᠢ ᠠᠯᠲᠠᠨ ᠠ᠋ᠴᠠ
ᠢᠷᠣᠭᠠᠷ ᠲᠠᠢ ᠵᠡᠰ ᠳᠡᠭᠡᠷ᠎ᠡ
 
542 ᠢᠷᠣᠭᠠᠷ ᠦᠭᠡᠢ ᠰᠠᠪᠠᠨ ᠳ᠋ᠤ᠌ ᠶᠠᠭᠤᠮ᠎ᠠ ᠲᠣᠭᠲᠠᠬᠤ ᠦᠭᠡᠢ
ᠢᠷᠦᠭᠡᠯ ᠲᠡᠢ ᠬᠥᠮᠦᠨ ᠳ᠋ᠦ᠍ ᠢᠷᠣ᠎ᠠ ᠤᠴᠠᠷᠠᠬᠤ ᠦᠭᠡᠢ
 
543 ᠶᠣᠰᠣ ᠳᠠᠭᠠᠭᠤᠯᠵᠤ ᠦᠭᠡ ᠬᠡᠯᠡ
ᠦᠶ᠎ᠡ ᠳᠠᠭᠠᠭᠤᠯᠵᠤ ᠮᠢᠬ᠎ᠠ ᠤᠭᠲᠤᠯ
 
544 ᠶᠣᠰᠣ ᠶᠣᠮᠪᠣᠭᠣᠷ
ᠲᠥᠷᠥ ᠲᠥᠮᠪᠥᠭᠡᠷ
 
545 ᠶᠣᠰᠣ ᠶᠣᠰᠣᠨ ᠳ᠋ᠠᠭᠠᠨ
ᠶᠣᠯᠣ ᠠᠭᠤᠯᠠᠨ ᠳ᠋ᠠᠭᠠᠨ
 
546 ᠶᠣᠰᠣ ᠮᠡᠳᠡᠬᠦ ᠬᠥᠮᠦᠨ ᠳ᠋ᠦ᠍
ᠢᠷᠣ᠎ᠠ ᠬᠠᠯᠳᠠᠬᠤ ᠦᠭᠡᠢ
 
547 ᠶᠣᠰᠣ ᠰᠥᠷᠭᠡᠪᠡᠯ ᠮᠥᠬᠥᠬᠦ
ᠵᠢᠷᠤᠮ ᠳᠠᠭᠠᠪᠠᠯ ᠳᠡᠭᠵᠢᠬᠦ
 
548 ᠶᠣᠰᠣ ᠶ᠋ᠢ ᠪᠤᠷᠬᠠᠨ ᠳᠠᠭᠠᠨ᠎ᠠ
ᠢᠷᠣ᠎ᠠ ᠶ᠋ᠢ ᠴᠢᠳᠬᠥᠷ ᠳᠠᠭᠠᠨ᠎ᠠ
 
549 ᠶᠣᠰᠣ ᠶ᠋ᠢ ᠢᠷᠣᠭᠠᠷ ᠠ᠋ᠴᠠ ᠨᠢ
ᠤᠴᠢᠷ ᠢ᠋ ᠤᠭ ᠠ᠋ᠴᠠ ᠨᠢ
 
550 ᠶᠣᠰᠣᠲᠠᠢ ᠬᠥᠮᠦᠨ ᠵᠥᠭᠡᠯᠡᠨ
ᠶᠣᠪᠣᠴᠢᠭᠤᠷ ᠬᠥᠮᠦᠨ ᠪᠠᠴᠢᠭᠤ
 
551 ᠶᠣᠰᠤᠲᠠᠠ ᠢ ᠬᠦᠨᠳᠦᠯᠡ
ᠨᠠᠰᠤᠲᠠᠨ ᠢ᠋ ᠪᠠᠶᠠᠷᠯᠠᠭᠤᠯ
 
552 ᠶᠣᠰᠣᠴᠢᠯᠠᠨ ᠶᠠᠪᠤᠪᠠᠯ
ᠰᠡᠳᠬᠢᠴᠢᠯᠡᠨ ᠪᠦᠲᠦᠨ᠎ᠡ
ᠢᠷᠡᠯᠲᠡ᠄

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠢᠮᠧᠯ᠄ soninhuudas@gmail.com