ᠮᠣᠩᠭᠣᠯ ᠵᠦᠢᠷ ᠰᠡᠴᠡᠨ ᠦᠭᠡ ᠶ᠋ᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠵ ᠶ᠋ᠢᠨ ᠠᠢᠮᠠᠭ >
2026-06-06
ᠣᠩᠱᠢᠭ᠍ᠰᠠᠨ ᠣᠳᠠᠭ᠎ᠠ᠄

- ᠵ (Ж) ᠎-

 
553 ᠵᠢᠭᠠᠬᠠᠨ ᠪᠠᠢᠭ᠎ᠠ ᠦᠭᠡᠢ
ᠬᠥᠮᠦᠨ ᠭᠡᠵᠦ ᠪᠠᠢᠳᠠᠭ ᠦᠭᠡᠢ
ᠵᠢᠪᠠᠷ ᠦᠵᠡᠭᠡ ᠦᠭᠡᠢ
ᠮᠣᠩᠭᠣᠯ ᠭᠡᠵᠦ ᠪᠠᠢᠳᠠᠭ ᠦᠭᠡᠢ
 
554 ᠵᠢᠪᠠᠷ ᠲᠤ ᠲᠥᠷᠥᠭᠰᠡᠨ ᠮᠠᠯ ᠤ᠋ᠨ ᠦᠷ᠎ᠡ
ᠵᠢᠷᠭᠠᠯ ᠳ᠋ᠤ᠌ ᠲᠥᠷᠥᠭᠰᠡᠨ ᠬᠥᠮᠦᠨ ᠦ᠌ ᠦᠷ᠎ᠡ
 
555 ᠵᠢᠷᠠ ᠬᠦᠷᠴᠦ ᠤᠬᠠᠭᠠᠨ ᠣᠷᠣᠭᠠᠳ
ᠵᠢᠷᠠᠨ ᠨᠢᠭᠡ ᠲᠡᠢ ᠦᠬᠦᠬᠦ
 
556 ᠵᠢᠷᠭᠠᠯ ᠦᠵᠡᠭᠡ ᠦᠭᠡᠢ
ᠵᠣᠪᠠᠯᠠᠩ ᠭᠡᠵᠦ ᠦᠭᠡᠢ
ᠵᠣᠪᠠᠯᠠᠩ ᠦᠵᠡᠭᠡ ᠦᠭᠡᠢ
ᠵᠢᠷᠭᠠᠯ ᠭᠡᠵᠦ ᠦᠭᠡᠢ
 
557 ᠵᠢᠷᠭᠠᠯ ᠲᠠᠢ ᠪᠣᠯᠪᠠᠴᠤ
ᠣᠷᠣᠨ ᠳ᠋ᠠᠭᠠᠨ ᠪᠤᠤ ᠳᠠᠭᠤᠯᠠ
ᠵᠣᠪᠠᠯᠠᠩ ᠲᠠᠢ ᠪᠣᠯᠪᠠᠴᠤ
ᠣᠷᠣᠨ ᠳ᠋ᠠᠭᠠᠨ ᠪᠤᠤ ᠤᠬᠢᠯᠠ
 
558 ᠵᠢᠷᠭᠠᠯ ᠤ᠋ᠨ ᠲᠦᠷᠦᠭᠦᠦ ᠵᠣᠪᠠᠯᠠᠩ
ᠵᠣᠪᠠᠯᠠᠩ ᠤ᠋ᠨ ᠬᠣᠢᠨ᠎ᠠ ᠵᠢᠷᠭᠠᠯ
 
559 ᠵᠢᠷᠭᠠᠬᠤ ᠴᠠᠭ ᠲᠤ ᠰᠡᠷᠡᠬᠦ ᠬᠡᠷᠡᠭ ᠲᠡᠢ
ᠵᠣᠪᠠᠬᠤ ᠴᠠᠭ ᠲᠤ ᠬᠠᠲᠠᠭᠤᠵᠢᠬᠤ ᠬᠡᠷᠡᠭ ᠲᠡᠢ
 
560 ᠵᠢᠷᠭᠠᠬᠤ ᠳ᠋ᠤ᠌ ᠵᠠᠪᠬᠠᠢᠷᠠᠬᠤ
ᠵᠣᠪᠠᠬᠤ ᠳ᠋ᠤ᠌ ᠬᠠᠲᠠᠭᠤᠵᠢᠬᠤ
 
561 ᠵᠢᠷᠭᠠᠬᠤ ᠳ᠋ᠠᠭᠠᠨ ᠮᠠᠷᠲᠠᠭᠰᠠᠨ ᠢ᠋ᠶ᠋ᠠᠨ
ᠵᠣᠪᠠᠬᠤ ᠳ᠋ᠠᠭᠠᠨ ᠰᠡᠷᠡᠬᠦ
 
562 ᠵᠢᠭᠦᠷ ᠨᠢ ᠭᠡᠮᠲᠦᠭᠰᠡᠨ ᠰᠢᠪᠠᠭᠤ
ᠳᠡᠭᠡᠷ᠎ᠡ ᠨᠢᠰᠴᠦ ᠴᠢᠳᠠᠬᠤ ᠦᠭᠡᠢ
ᠵᠦᠢᠯ ᠢ᠋ ᠪᠣᠳᠣᠭᠰᠠᠨ ᠬᠥᠮᠦᠨ
ᠲᠠᠪᠠᠲᠠᠢ ᠰᠠᠭᠤᠵᠤ ᠴᠢᠳᠠᠬᠤ ᠦᠭᠡᠢ
 
563 ᠵᠢᠭᠦᠷ ᠦᠭᠡᠢ ᠰᠢᠪᠠᠭᠤ ᠪᠠᠢᠳᠠᠭ ᠦᠭᠡᠢ ᠴᠦ᠍
ᠨᠢᠰᠬᠦ ᠳ᠋ᠡᠭᠡᠨ ᠮᠡᠳᠡᠭᠳᠡᠨ᠎ᠡ
ᠡᠪ ᠦᠭᠡᠢ ᠬᠥᠮᠦᠨ ᠪᠠᠢᠳᠠᠭ ᠦᠭᠡᠢ ᠴᠦ᠍
ᠬᠠᠷᠢᠯᠴᠠᠬᠤ ᠳ᠋ᠠᠭᠠᠨ ᠮᠡᠳᠡᠭᠳᠡᠨ᠎ᠡ
 
564 ᠵᠢᠯ ᠳ᠋ᠡᠭᠡᠨ ᠰᠠᠢᠨ ᠶᠠᠪᠤᠭᠰᠠᠨ ᠨᠢ
ᠰᠢᠨᠡᠯᠡᠬᠦ ᠳ᠋ᠦ᠍ ᠬᠠᠷᠠᠭᠳᠠᠬᠤ
ᠵᠠᠯᠠᠭᠤ ᠳ᠋ᠠᠭᠠᠨ ᠰᠠᠢᠨ ᠶᠠᠪᠤᠭᠰᠠᠨ ᠨᠢ
ᠥᠲᠡᠯᠬᠦ ᠳ᠋ᠦ᠍ ᠬᠠᠷᠠᠭᠳᠠᠬᠤ
 
565 ᠵᠢᠯᠣᠭᠣ ᠦᠭᠡᠢ ᠮᠣᠷᠢ
ᠵᠣᠷᠢᠯᠭ᠎ᠠ ᠦᠭᠡᠢ ᠬᠥᠮᠦᠨ
 
566 ᠵᠣᠷ ᠦᠵᠡᠭᠰᠡᠨ ᠮᠠᠭᠤ ᠡᠮᠴᠢ ᠡᠴᠡ
ᠵᠣᠪᠠᠯᠠᠩ ᠦᠵᠡᠭᠰᠡᠨ ᠴᠢᠪᠠᠭᠠᠨᠴᠠ ᠳᠡᠭᠡᠷ᠎ᠡ
 
567 ᠵᠢᠷᠣᠭ᠎ᠠ ᠮᠣᠷᠢᠲᠠᠨ ᠳ᠋ᠤ᠌ ᠬᠠᠨᠢ ᠴᠥᠭᠡᠨ
ᠵᠣᠯ ᠦᠭᠡᠢ ᠬᠥᠮᠦᠨ ᠳ᠋ᠦ᠍ ᠵᠢᠷᠭᠠᠯ ᠴᠥᠭᠡᠨ
 
568 ᠵᠢᠷᠤᠮ ᠶᠣᠰᠣ ᠶᠠᠷᠢᠭᠰᠠᠨ ᠨᠡᠷ᠎ᠡ ᠪᠡᠷ
ᠵᠢᠰᠤᠷ ᠶᠠᠷᠢᠬᠤ ᠨᠢ ᠰᠢᠪᠰᠢᠭ
ᠢᠷᠡᠯᠲᠡ᠄

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠢᠮᠧᠯ᠄ soninhuudas@gmail.com