ᠮᠣᠩᠭᠣᠯ ᠵᠦᠢᠷ ᠰᠡᠴᠡᠨ ᠦᠭᠡ ᠶ᠋ᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠵ ᠶ᠋ᠢᠨ ᠠᠢᠮᠠᠭ З>
2026-06-06
ᠣᠩᠱᠢᠭ᠍ᠰᠠᠨ ᠣᠳᠠᠭ᠎ᠠ᠄
– ᠵ (З) –
 
569 ᠵᠠ ᠭᠡᠪᠡᠯ ᠶᠣ ᠦᠭᠡᠢ
ᠬᠠᠲᠠᠭᠤ ᠡᠷ᠎ᠡ ᠶ᠋ᠢᠨ ᠶᠣᠰᠣ
ᠵᠠᠢᠯᠠ ᠭᠡᠪᠡᠯ ᠪᠣᠰᠬᠤ ᠦᠭᠡᠢ
ᠬᠡᠳᠡᠷ ᠡᠷ᠎ᠡ ᠶ᠋ᠢᠨ ᠶᠣᠰᠣ
 
570 ᠵᠠᠭᠠᠨ ᠬᠡᠴᠢᠨᠡᠨ(ᠭᠡᠴᠢᠨᠡᠬᠡᠨ) ᠲᠣᠮᠣ ᠴᠤ᠌
ᠵᠠᠮ ᠤ᠋ᠨ ᠠᠶ᠎ᠠ ᠶ᠋ᠢ ᠳᠠᠭᠠᠨ᠎ᠠ
ᠵᠠᠩᠵᠤᠨ ᠬᠡᠴᠢᠨᠡᠨ ᠮᠠᠲᠠᠯ ᠲᠠᠢ ᠴᠤ᠌
ᠬᠠᠤᠯᠢ ᠶᠣᠰᠣ ᠪᠠᠨ ᠳᠠᠭᠠᠨ᠎ᠠ
 
571 ᠵᠠᠭᠠᠨ ᠤ᠋ ᠰᠡᠭᠦᠯ ᠪᠣᠯᠬᠤ ᠪᠠᠷ
ᠣᠭᠣᠲᠣᠨ᠎ᠠ ᠶ᠋ᠢᠨ ᠲᠣᠯᠣᠭᠠᠢ ᠪᠣᠯ
 
572 ᠵᠢᠭᠠᠷ ᠦᠭᠡᠢ ᠪᠡᠬᠡ
ᠴᠠᠭᠠᠰᠤᠨ ᠳ᠋ᠤ᠌ ᠰᠢᠩᠭᠡᠬᠦ ᠦᠭᠡᠢ
ᠵᠠᠶᠠᠭ᠎ᠠ ᠦᠭᠡᠢ ᠬᠥᠮᠦᠨ
ᠵᠠᠮ ᠳ᠋ᠤ᠌ ᠤᠴᠠᠷᠠᠬᠤ ᠦᠭᠡᠢ
 
573 ᠵᠠᠪᠠᠭᠠᠨ ᠬᠥᠮᠦᠨ ᠡᠪᠡᠳᠬᠦ ᠨᠢ ᠣᠯᠠᠨ
ᠵᠠᠯᠬᠠᠭᠤ ᠬᠥᠮᠦᠨ ᠦᠷᠭᠡᠯᠡᠬᠦ ᠨᠢ ᠣᠯᠠᠨ
 
574 ᠵᠠᠪᠢᠯᠠᠬᠤ ᠨᠢ ᠵᠠᠩᠵᠤᠨ
ᠵᠠᠯᠭᠢᠬᠤ ᠨᠢ ᠮᠠᠩᠭᠤᠰ
 
575 ᠵᠠᠪᠰᠠᠷ ᠤ᠋ᠨ ᠭᠡᠮ ᠡᠵᠡᠨ ᠡᠴᠡ
ᠵᠠᠮ ᠤ᠋ᠨ ᠬᠣᠯᠠ ᠤᠨᠤᠭᠠᠨ ᠠ᠋ᠴᠠ
 
576 ᠵᠠᠪᠬᠠᠢ ᠬᠥᠮᠦᠨ ᠬᠠᠨᠢ ᠦᠭᠡᠢ
ᠵᠠᠯᠬᠠᠭᠤ ᠬᠥᠮᠦᠨ ᠬᠣᠭᠣᠯᠠ ᠦᠭᠡᠢ
 
577 ᠵᠠᠭᠠᠯᠮᠠᠢ ᠶ᠋ᠢᠨ ᠰᠠᠢᠨ ᠨᠢᠭᠡ ᠱᠦᠭᠦᠷᠳᠡᠯ ᠲᠡᠢ
ᠵᠠᠯᠠᠭᠤ ᠶ᠋ᠢᠨ ᠰᠠᠢᠨ ᠨᠢᠭᠡ ᠦᠭᠡ ᠲᠡᠢ
 
578 ᠵᠢᠭᠠᠰᠤ ᠲᠠᠷᠢᠬᠢᠨ ᠠ᠋ᠴᠠ ᠪᠠᠨ ᠭᠤᠲᠤᠬᠤ
ᠵᠠᠯᠬᠠᠭᠤ ᠲᠠᠪᠠᠭ ᠠ᠋ᠴᠠ ᠪᠠᠨ ᠭᠤᠲᠤᠬᠤ
 
579 ᠵᠢᠭᠠᠰᠤ ᠤᠰᠤᠨ ᠤ᠋ ᠪᠠᠨ ᠬᠢᠷᠢ ᠪᠡᠷ ᠲᠤᠢᠯᠠᠳᠠᠭ
ᠬᠥᠮᠦᠨ ᠬᠦᠴᠦᠨ ᠦ᠌ ᠪᠡᠨ ᠬᠢᠷᠢ ᠪᠡᠷ ᠠᠮᠢᠳᠤᠷᠠᠳᠠᠭ
 
580 ᠵᠢᠭᠠᠰᠤᠨ ᠳ᠋ᠤ᠌ ᠭᠠᠵᠠᠷ ᠬᠡᠷᠡᠭ ᠦᠭᠡᠢ
ᠵᠠᠯᠠᠭᠤ ᠳ᠋ᠤ᠌ ᠵᠠᠯᠬᠠᠭᠤ ᠬᠡᠷᠡᠭ ᠦᠭᠡᠢ
 
581 ᠵᠠᠳᠠᠭᠠᠢ ᠬᠡᠦᠬᠡᠨ ᠦ᠌ ᠬᠤᠷᠢᠮ ᠵᠦᠳᠡᠷᠡᠭᠦᠦ
ᠵᠠᠷᠭᠤ ᠲᠠᠢ ᠬᠥᠮᠦᠨ ᠦ᠌ ᠴᠢᠷᠠᠢ ᠵᠦᠳᠡᠷᠡᠭᠦᠦ
 
582 ᠵᠠᠵᠢᠯᠤᠭ᠎ᠠ ᠦᠭᠡᠢ ᠵᠠᠯᠭᠢᠬᠤ
ᠬᠣᠳᠣᠭᠣᠳᠣᠨ ᠳ᠋ᠤ᠌ ᠮᠠᠭᠤ
ᠪᠣᠳᠣᠭ᠎ᠠ ᠦᠭᠡᠢ ᠬᠡᠯᠡᠬᠦ
ᠶᠠᠪᠤᠳᠠᠯ ᠳ᠋ᠤ᠌ ᠮᠠᠭᠤ
 
583 ᠵᠠᠢᠳᠠᠩ ᠤᠨᠤᠭ᠎ᠠ ᠪᠥᠭᠰᠡᠨ ᠳ᠋ᠦ᠍ ᠮᠠᠭᠤ
ᠵᠠᠯᠢ ᠮᠡᠬᠡ ᠪᠡᠶ᠎ᠡ ᠳ᠋ᠦ᠍ ᠮᠠᠭᠤ
 
584 ᠵᠠᠢᠳᠠᠩ ᠤᠨᠤᠪᠠᠯ ᠪᠥᠭᠰᠡ ᠬᠤᠯᠠᠭᠤᠨ᠎ᠠ
ᠵᠠᠪᠬᠠᠢ ᠶᠠᠪᠤᠪᠠᠯ ᠰᠢᠪᠰᠢᠭ ᠲᠠᠷᠢᠨ᠎ᠠ
 
585 ᠵᠠᠯᠪᠠᠷᠢᠭᠰᠠᠨ ᠦᠨᠡᠨᠴᠢ
ᠵᠠᠨᠤᠭᠰᠠᠨ ᠬᠤᠳᠠᠯᠴᠢ
 
586 ᠵᠠᠯᠭᠢᠵᠤ ᠢᠳᠡᠪᠡᠯ ᠬᠣᠣᠷ ᠪᠣᠯᠤᠨ᠎ᠠ
ᠵᠠᠵᠢᠯᠵᠤ ᠢᠳᠡᠪᠡᠯ ᠬᠣᠭᠣᠯᠠ ᠪᠣᠯᠤᠨ᠎ᠠ
 
587 ᠵᠠᠯᠢᠯᠠᠬᠤ ᠭᠡᠳ ᠵᠠᠮ ᠢ᠋ᠶ᠋ᠠᠨ ᠠᠯᠳᠠᠨ᠎ᠠ
ᠵᠠᠩᠳᠤᠷᠬᠤ ᠭᠡᠳ ᠬᠦᠨᠳᠦ ᠪᠡᠨ ᠠᠯᠳᠠᠨ᠎ᠠ
 
588 ᠵᠠᠯᠢᠬᠠᠢ ᠬᠥᠮᠦᠨ ᠳ᠋ᠦ᠍ ᠡᠷᠬᠡ ᠥᠭᠪᠡᠯ
ᠵᠢᠷᠠᠨ ᠦᠵᠦᠭᠦᠷᠲᠦ ᠵᠡᠭᠦᠦ ᠠᠳᠠᠯᠢ
 
589 ᠵᠠᠯᠢᠬᠠᠢ ᠬᠥᠮᠦᠨ ᠦ᠌ ᠨᠢᠯᠪᠤᠰᠤ
ᠵᠣᠪᠬᠢᠨ ᠳᠣᠲᠣᠷ᠎ᠠ ᠪᠠᠨ
 
590 ᠵᠠᠯᠢᠬᠠᠢ ᠶᠠᠪᠤᠳᠠᠯᠲᠠᠨ ᠲᠠᠢ
ᠠᠷᠭ᠎ᠠ ᠪᠤᠤ ᠵᠥᠪᠯᠡ
ᠵᠠᠩ ᠢ᠋ᠶ᠋ᠠᠨ ᠬᠤᠪᠢᠯᠭᠠᠭᠴᠢ ᠬᠥᠮᠦᠨ ᠲᠡᠢ
ᠤᠳᠠᠭᠠᠨ ᠪᠤᠤ ᠬᠠᠨᠢᠯᠠ
 
591 ᠵᠠᠯᠠᠭᠤ ᠨᠠᠰᠤ ᠬᠦᠰᠡᠭᠡᠳ ᠣᠯᠳᠠᠳᠠᠭ ᠦᠭᠡᠢ
ᠬᠥᠭᠰᠢᠨ ᠨᠠᠰᠤ ᠬᠤᠰᠤᠭᠠᠳ ᠠᠷᠢᠯᠳᠠᠭ ᠦᠭᠡᠢ
 
592 ᠵᠠᠯᠠᠭᠤ ᠨᠠᠰᠤᠨ ᠳ᠋ᠤ᠌ ᠵᠢᠰᠦ ᠴᠢᠮᠡᠭ
ᠥᠲᠡᠯᠬᠦ ᠨᠠᠰᠤᠨ ᠳ᠋ᠤ᠌ ᠡᠳ᠋ ᠴᠢᠮᠡᠭ
 
593 ᠵᠠᠯᠠᠭᠤ ᠨᠢ ᠬᠥᠭᠰᠢᠨ ᠢ᠋ᠶ᠋ᠡᠨ ᠪᠠᠰᠤᠨ᠎ᠠ
ᠬᠥᠭᠰᠢᠨ ᠨᠢ ᠵᠠᠯᠠᠭᠤ ᠪᠠᠨ ᠭᠣᠯᠣᠨ᠎ᠠ
 
594 ᠵᠠᠯᠠᠭᠤ ᠬᠥᠮᠦᠨ ᠠᠯᠳᠠᠳᠠᠭ
ᠽᠠᠨᠳᠠᠨ ᠮᠣᠳᠣ ᠮᠤᠷᠤᠢᠳᠠᠭ
 
595 ᠵᠠᠯᠠᠭᠤ ᠬᠥᠮᠦᠨ ᠪᠡᠶ᠎ᠡ ᠶ᠋ᠢᠨ ᠥᠩᠭᠡ ᠪᠡᠷ
ᠬᠥᠭᠰᠢᠨ ᠬᠥᠮᠦᠨ ᠬᠤᠪᠴᠠᠰᠤᠨ ᠤ᠋ ᠥᠩᠭᠡ ᠪᠡᠷ
 
596 ᠵᠠᠯᠠᠭᠤ ᠬᠥᠮᠦᠨ ᠭᠡᠨᠡᠨ
ᠡᠪᠦᠭᠡᠨ ᠬᠥᠮᠦᠨ ᠬᠠᠰᠢᠷ
 
597 ᠵᠠᠯᠠᠭᠤ ᠬᠥᠮᠦᠨ ᠵᠠᠪ ᠦᠭᠡᠢ
ᠽᠠᠨᠳᠠᠨ ᠮᠣᠳᠣ ᠶᠠᠷ᠎ᠠ ᠦᠭᠡᠢ
 
598 ᠵᠠᠯᠠᠭᠤ ᠬᠥᠮᠦᠨ ᠨᠡᠷ᠎ᠡ ᠳ᠋ᠦ᠍ ᠳᠤᠷ᠎ᠠ ᠲᠠᠢ
ᠬᠥᠭᠰᠢᠨ ᠬᠥᠮᠦᠨ ᠳᠡᠷ᠎ᠡ ᠳ᠋ᠦ᠍ ᠳᠤᠷ᠎ᠠ ᠲᠠᠢ
 
599 ᠵᠠᠯᠠᠭᠤ ᠬᠥᠮᠦᠨ ᠬᠤᠷᠤᠭᠤ ᠨᠡᠮᠡᠬᠦ ᠳ᠋ᠦ᠍
ᠬᠥᠭᠰᠢᠨ ᠬᠥᠮᠦᠨ ᠤᠬᠠᠭᠠᠨ ᠨᠡᠮᠡᠳᠡᠭ
 
600 ᠵᠠᠯᠠᠭᠤ ᠬᠥᠮᠦᠨ ᠶᠠᠪᠤᠨ ᠵᠢᠷᠭᠠᠳᠠᠭ
ᠬᠥᠭᠰᠢᠨ ᠬᠥᠮᠦᠨ ᠰᠠᠭᠤᠨ ᠵᠢᠷᠭᠠᠳᠠᠭ
 
601 ᠵᠠᠯᠠᠭᠤ ᠬᠥᠮᠦᠨ ᠳ᠋ᠦ᠍ ᠦᠰ ᠪᠦᠦ ᠳᠡᠯᠪᠢ
ᠵᠢᠵᠢᠭ ᠮᠠᠢᠮᠠᠢ ᠳ᠋ᠤ᠌ ᠥᠷᠢ ᠪᠦᠦ ᠳᠡᠯᠪᠢ
 
602 ᠵᠠᠯᠠᠭᠤ ᠬᠥᠮᠦᠨ ᠦ᠌ ᠵᠠᠮ ᠤ᠋ᠨ ᠬᠦᠵᠦᠭᠦᠦ ᠤᠷᠲᠤ
ᠵᠠᠯᠬᠠᠭᠤ ᠬᠥᠮᠦᠨ ᠦ᠌ ᠦᠭᠡ ᠶ᠋ᠢᠨ ᠬᠦᠵᠦᠭᠦᠦ ᠤᠷᠲᠤ
 
603 ᠵᠠᠯᠠᠭᠤ ᠬᠥᠮᠦᠨ ᠦ᠌ ᠵᠣᠷᠢᠭ ᠠ᠋ᠴᠠ
ᠴᠢᠨᠳᠠᠮᠤᠨᠢ ᠡᠷᠳᠡᠨᠢ ᠪᠦᠲᠦᠬᠦ
 
604 ᠵᠠᠯᠠᠭᠤ ᠴᠠᠭ ᠲᠤ᠌ ᠡᠴᠢᠭᠡ ᠡᠬᠡ ᠶ᠋ᠢᠨ ᠡᠷᠬᠡ ᠪᠡᠷ
ᠢᠳᠡᠷ ᠴᠠᠭ ᠲᠤ᠌ ᠡᠬᠡᠨᠡᠷ ᠦ᠋ᠨ ᠡᠷᠬᠡ ᠪᠡᠷ
ᠥᠲᠡᠯᠬᠦ ᠴᠠᠭ ᠲᠤ᠌ ᠦᠷ᠎ᠡ ᠬᠡᠦᠬᠡᠳ ᠦ᠋ᠨ ᠡᠷᠬᠡ ᠪᠡᠷ
 
605 ᠵᠠᠯᠠᠭᠤ ᠶ᠋ᠢ ᠳᠦᠷᠢ ᠪᠡᠷ ᠨᠢ ᠲᠠᠨᠢᠬᠤ
ᠵᠠᠯᠬᠠᠭᠤ ᠶ᠋ᠢ ᠶᠠᠪᠤᠭᠰᠠᠨ ᠢ᠋ᠶ᠋ᠠᠷ ᠨᠢ ᠮᠡᠳᠡᠬᠦ
 
606 ᠵᠠᠯᠠᠭᠤ ᠳ᠋ᠠᠭᠠᠨ ᠵᠣᠪᠠᠪᠠᠯ
ᠥᠲᠡᠯᠬᠦ ᠳ᠋ᠡᠭᠡᠨ ᠵᠢᠷᠭᠠᠨ᠎ᠠ
 
607 ᠵᠠᠯᠬᠠᠭᠤ ᠠᠶᠤᠮᠠᠬᠠᠢ ᠬᠣᠶᠠᠷ
ᠵᠣᠷᠢᠭ ᠠᠵᠢᠯ ᠬᠣᠶᠠᠷ ᠲᠤ᠌ ᠬᠣᠣᠷ ᠲᠠᠢ
 
608 ᠵᠠᠯᠬᠠᠭᠤ ᠬᠥᠮᠦᠨ ᠦᠭᠡ ᠣᠯᠠᠨ ᠲᠠᠢ
ᠵᠠᠯᠠᠭᠤ ᠬᠥᠮᠦᠨ ᠬᠦᠴᠦ ᠶᠡᠬᠡ ᠲᠡᠢ
 
609 ᠵᠠᠯᠬᠠᠭᠤ ᠬᠥᠮᠦᠨ ᠦ᠌ ᠲᠣᠯᠣᠭᠠᠢ ᠡᠪᠡᠳᠬᠦ ᠣᠯᠠᠨ
ᠵᠠᠯᠢᠬᠠᠢ ᠬᠥᠮᠦᠨ ᠦ᠌ ᠬᠤᠳᠠᠯ ᠬᠡᠯᠡᠬᠦ ᠣᠯᠠᠨ
 
610 ᠵᠠᠯᠬᠠᠭᠤ ᠠ᠋ᠴᠠ ᠵᠠᠶᠠᠭ᠎ᠠ ᠵᠠᠢᠯᠠᠬᠤ
ᠵᠠᠯᠢᠲᠠᠨ ᠠ᠋ᠴᠠ ᠰᠢᠳᠤᠷᠭᠤ ᠬᠣᠯᠠᠳᠠᠬᠤ
 
611 ᠵᠠᠯᠬᠠᠭᠤ ᠶ᠋ᠢᠨ ᠭᠠᠳᠠᠨ᠎ᠠ ᠲᠦᠯᠡᠭᠡ ᠦᠭᠡᠢ
ᠵᠠᠯᠭᠢᠳᠠᠭ ᠤ᠋ᠨ ᠭᠡᠷ ᠲᠦ᠍ ᠬᠣᠭᠣᠯᠠ ᠦᠭᠡᠢ
 
612 ᠵᠠᠯᠬᠠᠭᠤ ᠶ᠋ᠢᠨ ᠮᠠᠭᠤ ᠵᠠᠪᠠᠭ ᠲᠠᠭᠠᠨ ᠬᠦᠷᠳᠡᠭ ᠦᠭᠡᠢ
ᠵᠠᠶᠠᠭᠠᠨ ᠤ᠋ ᠮᠠᠭᠤ ᠤᠰᠤᠨ ᠳ᠋ᠤ᠌ ᠬᠦᠷᠳᠡᠭ ᠦᠭᠡᠢ
 
613 ᠵᠠᠯᠬᠠᠭᠤ ᠳ᠋ᠤ᠌ ᠥᠬᠢᠨ ᠢ᠋ᠶ᠋ᠡᠨ ᠪᠦᠦ ᠥᠭ
ᠰᠣᠭᠲᠣᠭᠤ ᠳ᠋ᠤ᠌ ᠮᠣᠷᠢ ᠪᠠᠨ ᠪᠦᠦ ᠥᠭ
 
614 ᠵᠠᠮ ᠡᠪᠳᠡᠳᠡᠭ ᠦᠶᠡᠷ
ᠵᠠᠩ ᠡᠪᠳᠡᠳᠡᠭ ᠠᠷᠢᠬᠢ
 
615 ᠵᠠᠮ ᠤ᠋ᠨ ᠤᠷᠲᠤ ᠶ᠋ᠢ ᠲᠡᠮᠡᠭᠡ ᠲᠤᠭᠤᠯᠤᠨ᠎ᠠ
ᠵᠠᠷᠭᠤ ᠶ᠋ᠢᠨ ᠤᠴᠢᠷ ᠢ᠋ ᠲᠦᠰᠢᠮᠡᠯ ᠣᠯᠤᠨ᠎ᠠ
 
616 ᠵᠠᠮ ᠤ᠋ᠨ ᠴᠢᠯᠠᠭᠤ ᠮᠣᠷᠢᠨ ᠳ᠋ᠤ᠌ ᠬᠠᠷᠰᠢ
ᠵᠠᠯᠬᠠᠭᠤ ᠬᠥᠮᠦᠨ ᠠᠵᠢᠯ ᠳ᠋ᠤ᠌ ᠬᠠᠷᠰᠢ
 
617 ᠵᠠᠩ ᠵᠠᠩ ᠢ᠋ᠶ᠋ᠠᠨ ᠮᠡᠳᠡᠯᠴᠡᠪᠡᠯ ᠬᠡᠯᠡᠯᠴᠡᠬᠦ ᠳ᠋ᠦ᠍ ᠠᠮᠠᠷ
ᠵᠠᠮ ᠵᠠᠮ ᠢ᠋ᠶ᠋ᠠᠨ ᠣᠯᠤᠯᠴᠠᠪᠠᠯ ᠶᠠᠪᠤᠬᠤ ᠳ᠋ᠤ᠌ ᠠᠮᠠᠷ
 
618 ᠵᠠᠩ ᠨᠢ ᠳᠡᠭᠡᠭᠦᠷ
ᠵᠠᠶᠠᠭ᠎ᠠ ᠨᠢ ᠳᠣᠭᠤᠤᠷ
 
619 ᠵᠠᠩ ᠰᠠᠢᠲᠠᠢ ᠠᠢᠯ ᠳ᠋ᠤ᠌ ᠬᠥᠮᠦᠨ ᠣᠯᠠᠨ ᠴᠤᠭᠯᠠᠳᠠᠭ
ᠵᠠᠮᠠᠭ ᠰᠠᠢᠲᠠᠢ ᠨᠠᠭᠤᠷ ᠲᠤ᠌ ᠵᠢᠭᠠᠰᠤ ᠣᠯᠠᠨ ᠴᠤᠭᠯᠠᠳᠠᠭ
 
620 ᠵᠠᠩ ᠢ᠋ᠶ᠋ᠠᠷ ᠢ᠋ᠶ᠋ᠠᠨ ᠶᠠᠪᠤᠪᠠᠯ ᠪᠡᠶ᠎ᠡ ᠳ᠋ᠦ᠍ ᠠᠮᠠᠷ
ᠵᠠᠮ ᠢ᠋ᠶ᠋ᠠᠷ ᠢ᠋ᠶ᠋ᠠᠨ ᠶᠠᠪᠤᠪᠠᠯ ᠮᠣᠷᠢᠨ ᠳ᠋ᠤ᠌ ᠠᠮᠠᠷ
 
621 ᠵᠠᠩ ᠢ᠋ ᠨᠢ ᠮᠡᠳᠡᠬᠦ ᠦᠭᠡᠢ
ᠮᠣᠷᠢᠨ ᠤ᠋ ᠠᠷᠤ ᠪᠠᠷ ᠪᠤᠤ ᠲᠤᠭᠤᠷᠢ
ᠵᠠᠬ᠎ᠠ ᠶ᠋ᠢ ᠨᠢ ᠮᠡᠳᠡᠬᠦ ᠦᠭᠡᠢ
ᠣᠢ ᠶ᠋ᠢᠨ ᠳᠤᠮᠳᠠᠭᠤᠷ ᠪᠦᠦ ᠭᠠᠷ
 
622 ᠵᠠᠩᠭᠤᠤ ᠬᠡᠳᠦᠢ ᠪᠢᠴᠢᠬᠠᠨ ᠪᠣᠯᠪᠠᠴᠤ
ᠬᠥᠯ ᠢ᠋ ᠬᠠᠳᠬᠤᠬᠤ ᠱᠣᠷᠣ ᠲᠠᠢ
ᠵᠠᠯᠢᠬᠠᠢ ᠬᠡᠳᠦᠢ ᠴᠥᠭᠡᠨ ᠪᠣᠯᠪᠠᠴᠤ
ᠤᠯᠤᠰ ᠢ᠋ ᠮᠥᠬᠥᠭᠡᠬᠦ ᠮᠡᠬᠡ ᠲᠡᠢ
 
623 ᠽᠠᠨᠳᠠᠨ ᠮᠣᠳᠣ ᠴᠤ᠌ ᠤᠨᠠᠳᠠᠭ
ᠵᠠᠯᠠᠭᠤ ᠬᠥᠮᠦᠨ ᠴᠦ᠍ ᠥᠲᠡᠯᠳᠡᠭ
 
624 ᠵᠠᠩᠳᠤᠷᠴᠤ ᠪᠠᠢᠬᠤ ᠠᠭᠠᠰᠢ ᠲᠠᠢ
ᠵᠠᠪᠢᠯᠠᠵᠤ ᠰᠠᠭᠤᠬᠤ ᠰᠠᠨᠠᠭ᠎ᠠ ᠲᠠᠢ
 
625 ᠵᠠᠷᠠᠭᠠᠨ ᠤ᠋ ᠥᠷᠭᠡᠰᠦ ᠭᠠᠳᠠᠨ᠎ᠠ ᠪᠠᠨ
ᠵᠠᠯᠢᠬᠠᠢ ᠶ᠋ᠢᠨ ᠥᠷᠭᠡᠰᠦ ᠳᠣᠲᠣᠨ᠎ᠠ ᠪᠠᠨ
 
626 ᠵᠠᠷᠠᠭᠠᠨ ᠤ᠋ ᠦᠰᠦ ᠥᠷᠭᠡᠰᠦ ᠲᠡᠢ
ᠵᠠᠯᠠᠭᠤ ᠬᠥᠮᠦᠨ ᠣᠮᠣᠭ ᠲᠠᠢ
 
627 ᠵᠠᠷᠤᠬᠤ ᠳᠡᠭᠦᠦ ᠲᠡᠢ
ᠵᠠᠬᠢᠷᠬᠤ ᠠᠬ᠎ᠠ ᠲᠠᠢ
 
628 ᠵᠠᠷᠭᠤ ᠶ᠋ᠢ ᠰᠢᠭᠦᠬᠦ ᠳ᠋ᠦ᠍ ᠬᠡᠴᠡᠭᠦᠦ
ᠵᠠᠪᠬᠠᠷᠠᠯ ᠢ᠋ ᠵᠠᠰᠠᠬᠤ ᠳ᠋ᠤ᠌ ᠪᠡᠷᠬᠡ
 
629 ᠵᠠᠶᠠᠭᠠᠨ ᠳ᠋ᠠᠭᠠᠨ ᠨᠠᠢᠳᠠᠬᠤ ᠪᠠᠷ
ᠵᠣᠷᠢᠭ ᠲᠠᠭᠠᠨ ᠨᠡᠢᠲᠡ
 
630 ᠵᠠᠶᠠᠭᠠᠲᠤ ᠬᠥᠮᠦᠨ ᠵᠠᠷᠭᠤ ᠦᠭᠡᠢ
ᠢᠷᠦᠭᠡᠯᠲᠦ ᠬᠥᠮᠦᠨ ᠬᠡᠷᠡᠭᠦᠯ ᠦᠭᠡᠢ
 
631 ᠵᠣᠪᠠᠯᠭ᠎ᠠ ᠪᠣᠯᠪᠠᠯ ᠬᠡᠷᠢᠶ᠎ᠡ ᠪᠡᠶᠡᠰᠦᠨ᠎ᠡ
ᠵᠣᠪᠠᠯᠠᠩ ᠪᠣᠯᠪᠠᠯ ᠮᠠᠢᠮᠠᠢᠴᠢᠳ ᠪᠡᠶᠡᠰᠦᠨ᠎ᠡ
 
632 ᠵᠣᠪᠠᠯᠠᠩ ᠵᠣᠪᠠᠯᠠᠩ ᠤ᠋ᠨ ᠳᠤᠮᠳᠠ ᠠ᠋ᠴᠠ
ᠰᠠᠨᠠᠭᠠᠨ ᠤ᠋ ᠵᠣᠪᠠᠯᠠᠩ ᠬᠡᠴᠡᠭᠦᠦ
 
633 ᠵᠣᠪᠠᠯᠠᠩ ᠢᠷᠡᠪᠡᠯ ᠴᠢᠨᠦᠬᠢ
ᠵᠣᠭᠣᠰ ᠣᠯᠳᠠᠪᠠᠯ ᠮᠢᠨᠦᠬᠢ ᠭᠡᠬᠦ
 
634 ᠵᠣᠪᠠᠯᠠᠩ ᠮᠡᠳᠡᠬᠦ ᠦᠭᠡᠢ ᠭᠡᠭᠡᠨ ᠡᠴᠡ
ᠵᠣᠪᠠᠯᠠᠩ ᠮᠡᠳᠡᠬᠦ ᠴᠢᠳᠬᠥᠷ ᠳᠡᠭᠡᠷ᠎ᠡ
 
635 ᠵᠣᠪᠠᠯᠠᠩ ᠢ᠋ ᠰᠥᠷᠭᠡ
ᠵᠢᠷᠭᠠᠯ ᠢ᠋ ᠳᠠᠭ᠎ᠠ
 
636 ᠵᠣᠪᠠᠯᠠᠩ ᠤ᠋ᠨ ᠪᠠᠭ᠎ᠠ ᠨᠢ
ᠵᠢᠷᠭᠠᠯ ᠤ᠋ᠨ ᠶᠡᠬᠡ ᠨᠢ
 
637 ᠵᠣᠪᠠᠯᠠᠩ ᠤ᠋ᠨ ᠳᠣᠲᠣᠷ᠎ᠠ ᠵᠢᠷᠭᠠᠯ ᠪᠣᠢ
ᠵᠣᠭᠣᠰ ᠤ᠋ᠨ ᠳᠣᠲᠣᠷ᠎ᠠ ᠵᠣᠪᠠᠯᠠᠩ ᠪᠣᠢ
 
638 ᠵᠣᠪᠠᠯᠠᠩ ᠳ᠋ᠤ᠌ ᠪᠤᠤ ᠭᠤᠨᠢ
ᠵᠢᠷᠭᠠᠯ ᠳ᠋ᠤ᠌ ᠪᠤᠤ ᠲᠠᠰᠢᠭᠤᠷᠠ
 
639 ᠵᠣᠪᠠᠯᠠᠩ ᠲᠠᠢ ᠦᠶ᠎ᠡ ᠳ᠋ᠦ᠍ ᠨᠢᠯᠪᠤᠰᠤ
ᠭᠠᠩ ᠲᠠᠢ ᠴᠠᠭ ᠪᠣᠷᠣᠭ᠎ᠠ
 
640 ᠵᠣᠪᠠᠬᠤ ᠦᠭᠡᠢ ᠪᠣᠯ
ᠵᠣᠭᠣᠰ ᠣᠯᠳᠠᠬᠤ ᠦᠭᠡᠢ
 
641 ᠵᠣᠪᠠᠬᠤ ᠠ᠋ᠴᠠ ᠠᠶᠤᠪᠠᠯ
ᠵᠣᠷᠢᠭᠰᠠᠨ ᠳ᠋ᠠᠭᠠᠨ ᠬᠦᠷᠬᠦ ᠦᠭᠡᠢ
 
642 ᠵᠣᠪᠠᠬᠤ ᠴᠠᠭ ᠲᠤ᠌
ᠨᠥᠬᠥᠷ ᠦ᠋ᠨ ᠴᠢᠨᠠᠷ ᠲᠠᠨᠢᠭᠳᠠᠨ᠎ᠠ
 
643 ᠵᠣᠳᠣᠬᠤ ᠶ᠋ᠢᠨ ᠮᠠᠭᠤ ᠴᠢᠮᠬᠢᠬᠦ
ᠬᠡᠯᠡᠬᠦ ᠶ᠋ᠢᠨ ᠮᠠᠭᠤ ᠵᠥᠭᠡᠬᠦ
 
644 ᠵᠣᠵᠢᠭ ᠬᠥᠮᠦᠨ ᠵᠣᠪᠠᠯᠠᠩ ᠳ᠋ᠤ᠌ ᠤᠴᠠᠷᠠᠨ᠎ᠠ
ᠵᠣᠵᠢᠭ ᠮᠠᠯ ᠴᠢᠨᠣ᠎ᠠ ᠳ᠋ᠤ᠌ ᠪᠠᠷᠢᠭᠳᠠᠨ᠎ᠠ
 
645 ᠵᠣᠯ— ᠵᠣᠪᠠᠭᠠᠵᠤ ᠢᠷᠡᠳᠡᠭ
ᠵᠣᠪᠠᠯ— ᠵᠣᠷᠢᠭ ᠢ᠋ᠶ᠋ᠠᠷ ᠢ᠋ᠶ᠋ᠠᠨ ᠢᠷᠡᠳᠡᠭ
 
646 ᠵᠣᠯ ᠢᠷᠡᠬᠦ ᠳ᠋ᠦ᠍ ᠪᠤᠤ ᠭᠡᠳᠡᠢ
ᠵᠣᠪᠠᠯ ᠢᠷᠡᠬᠦ ᠳ᠋ᠦ᠍ ᠪᠤᠤ ᠪᠦᠬᠦᠢ
 
647 ᠵᠤᠯᠭᠠᠯ ᠦᠭᠡᠢ ᠲᠠᠨᠢᠯ ᠲᠠᠢ ᠪᠣᠯᠬᠤ ᠦᠭᠡᠢ
ᠵᠣᠪᠠᠯ ᠦᠭᠡᠢ ᠡᠷᠳᠡᠮ ᠲᠡᠢ ᠪᠣᠯᠬᠤ ᠦᠭᠡᠢ
 
648 ᠵᠣᠯ ᠢ᠋ ᠪᠤᠤ ᠢᠳᠡᠭᠡ
ᠵᠣᠪᠠᠯ ᠠ᠋ᠴᠠ ᠪᠤᠤ ᠰᠢᠨᠲᠠᠷᠠ
 
649 ᠵᠣᠭᠣᠰ ᠦᠭᠡᠢ ᠪᠣᠯ ᠵᠣᠭᠰᠣᠭ᠎ᠠ ᠶᠢᠷᠲᠢᠨᠴᠦ
ᠵᠣᠭᠣᠰ ᠲᠠᠢ ᠪᠣᠯ ᠵᠢᠷᠣᠭ᠎ᠠ ᠶᠢᠷᠲᠢᠨᠴᠦ
 
650 ᠵᠣᠭᠣᠰ ᠤ᠋ᠨ ᠳᠡᠭᠡᠷ᠎ᠡ ᠲᠤᠯᠤᠭᠰᠠᠨ ᠨᠥᠬᠥᠷᠯᠡᠯ ᠬᠡᠪᠡᠷᠡᠭ
ᠵᠣᠪᠠᠯᠠᠩ ᠳᠡᠭᠡᠷ᠎ᠡ ᠲᠦᠰᠢᠭᠰᠡᠨ ᠵᠢᠷᠭᠠᠯ ᠪᠠᠲᠤ
 
651 ᠵᠣᠭᠣᠰ ᠢ᠋ᠶ᠋ᠠᠷ ᠨᠠᠭᠠᠳᠪᠠᠯ ᠬᠥᠷᠥᠩᠭᠡ ᠪᠡᠨ ᠪᠠᠷᠠᠨ᠎ᠠ
ᠵᠢᠯᠣᠭᠣ ᠦᠭᠡᠢ ᠶᠠᠪᠤᠪᠠᠯ ᠬᠥᠮᠦᠨ ᠢ᠋ᠶ᠋ᠡᠨ ᠪᠠᠷᠠᠨ᠎ᠠ
 
652 ᠵᠣᠷᠢᠭ ᠢ᠋ᠶ᠋ᠠᠷ ᠢ᠋ᠶ᠋ᠠᠨ ᠶᠠᠪᠤᠪᠠᠯ ᠵᠣᠪᠠᠳᠠᠭ
ᠵᠣᠵᠢᠭᠯᠠᠵᠤ ᠶᠠᠪᠤᠪᠠᠯ ᠭᠠᠭᠴᠠᠭᠠᠷᠳᠠᠳᠠᠭ
 
653 ᠵᠣᠷᠢᠭ ᠶᠡᠬᠡᠲᠦ
ᠵᠡᠪᠰᠡᠭ ᠶᠡᠬᠡᠲᠦ ᠶ᠋ᠢ ᠢᠯᠠᠬᠤ
 
654 ᠵᠣᠷᠢᠭ ᠦᠭᠡᠢ ᠬᠥᠮᠦᠨ ᠳ᠋ᠦ᠍ ᠵᠠᠮ ᠬᠣᠯᠠ
ᠰᠦᠰᠦᠭ ᠦᠭᠡᠢ ᠬᠥᠮᠦᠨ ᠳ᠋ᠦ᠍ ᠪᠤᠷᠬᠠᠨ ᠬᠣᠯᠠ
 
655 ᠵᠣᠷᠢᠭᠯᠠᠪᠠᠯ ᠪᠦᠲᠦᠨ᠎ᠡ
ᠴᠥᠬᠥᠷᠡᠪᠡᠯ ᠭᠤᠲᠤᠨ᠎ᠠ
 
656 ᠵᠣᠷᠢᠭ ᠢ᠋ᠶ᠋ᠠᠷ ᠢᠯᠠᠨ᠎ᠠ
ᠰᠤᠷᠠᠭ ᠢ᠋ᠶ᠋ᠠᠷ ᠣᠯᠤᠨ᠎ᠠ
 
657 ᠵᠣᠷᠢᠭ ᠲᠠᠢ ᠬᠥᠮᠦᠨ ᠨᠢᠭᠡ ᠦᠬᠦᠳᠡᠭ
ᠵᠣᠷᠢᠭ ᠦᠭᠡᠢ ᠬᠥᠮᠦᠨ ᠮᠢᠩᠭ᠎ᠠ ᠦᠬᠦᠳᠡᠭ
 
658 ᠵᠣᠷᠢᠭ ᠲᠠᠢ ᠬᠥᠮᠦᠨ ᠴᠢᠳᠠᠯ ᠲᠠᠢ
ᠵᠣᠷᠢᠯᠭ᠎ᠠ ᠲᠠᠢ ᠬᠥᠮᠦᠨ ᠵᠢᠳᠬᠦᠯ ᠲᠡᠢ
 
659 ᠵᠣᠷᠢᠭᠰᠠᠨ ᠡᠷ᠎ᠡ ᠵᠠᠭᠤᠷ᠎ᠠ ᠠ᠋ᠴᠠ ᠪᠤᠴᠠᠳᠠᠭ ᠦᠭᠡᠢ
ᠬᠠᠷᠪᠤᠭᠰᠠᠨ ᠰᠤᠮᠤ ᠬᠠᠳᠠᠨ ᠠ᠋ᠴᠠ ᠬᠠᠯᠲᠤᠷᠢᠳᠠᠭ ᠦᠭᠡᠢ
 
660 ᠵᠥᠪ ᠵᠥᠪ ᠲᠤ ᠰᠢᠳᠤᠷᠭᠤ ᠵᠥᠪ
ᠵᠥᠭᠡᠯᠡᠨ ᠵᠥᠭᠡᠯᠡᠨ ᠳ᠋ᠦ᠍ ᠡᠶ᠎ᠡ ᠵᠥᠭᠡᠯᠡᠨ
 
661 ᠵᠥᠪ ᠣᠯᠠᠨ ᠲᠠᠯ᠎ᠠ ᠲᠠᠢ
ᠪᠤᠷᠤᠭᠤ ᠨᠢᠭᠡ ᠲᠠᠯ᠎ᠠ ᠲᠠᠢ
 
662 ᠵᠥᠪ ᠦᠭᠡ
ᠬᠤᠷᠴᠠ ᠬᠢᠲᠤᠭ᠎ᠠ ᠠᠳᠠᠯᠢ
 
663 ᠵᠥᠪ ᠲᠤ ᠮᠢᠩᠭᠠᠨ ᠡᠵᠡᠨ
ᠪᠤᠷᠤᠭᠤ ᠳ᠋ᠤ᠌ ᠨᠢᠭᠡ ᠡᠵᠡᠨ
 
664 ᠵᠥᠪᠯᠡᠵᠦ ᠬᠡᠯᠡᠬᠦ ᠳ᠋ᠦ᠍ ᠠᠮᠠᠷᠬᠠᠨ
ᠵᠥᠪᠯᠡᠭᠰᠡᠨ ᠢ᠋ ᠬᠢᠬᠦ ᠳ᠋ᠦ᠍ ᠪᠡᠷᠬᠡ
 
665 ᠵᠥᠪ ᠲᠡᠢ ᠶᠠᠪᠤᠬᠤ ᠬᠥᠮᠦᠨ ᠢ᠋ ᠪᠦᠦ ᠳᠠᠷᠤᠯᠠ
ᠪᠤᠷᠤᠭᠤ ᠲᠠᠢ ᠶᠠᠪᠤᠬᠤ ᠬᠥᠮᠦᠨ ᠢ᠋ ᠪᠦᠦ ᠠᠰᠠᠷᠠ
 
666 ᠵᠥᠭᠡᠯᠡᠨ ᠦᠭᠡ ᠵᠥᠭᠡᠬᠡᠢ ᠰᠢᠭ
ᠬᠠᠲᠠᠭᠤ ᠦᠭᠡ ᠬᠠᠷ᠎ᠠ ᠤᠰᠤ ᠰᠢᠭ᠋
 
667 ᠵᠤᠳ ᠪᠣᠯᠬᠤ
ᠵᠤᠨ ᠠ᠋ᠴᠠ ᠪᠠᠨ
 
668 ᠵᠤᠳ ᠪᠣᠯᠬᠤ ᠳ᠋ᠤ᠌ ᠨᠣᠬᠠᠢ ᠲᠠᠷᠭᠤᠯᠠᠵᠤ
ᠵᠣᠪᠠᠯᠠᠩ ᠪᠣᠯᠬᠤ ᠳ᠋ᠤ᠌ ᠮᠠᠢᠮᠠᠢᠴᠢᠨ ᠪᠠᠶᠠᠵᠢᠨ᠎ᠠ
 
669 ᠵᠤᠳ ᠵᠠᠯᠭᠠᠬᠤ ᠳ᠋ᠤ᠌ ᠭᠠᠢ ᠲᠠᠢ
ᠵᠢᠰᠦᠷ ᠵᠢᠷᠤᠮᠲᠠᠨ ᠳ᠋ᠤ᠌ ᠭᠠᠢ ᠲᠠᠢ
 
670 ᠵᠤᠳ ᠨᠢᠭᠡ ᠵᠢᠯ ᠦ᠋ᠨ ᠬᠢ
ᠵᠤᠷᠠᠮ᠎ᠠ ᠮᠢᠩᠭᠠᠨ ᠵᠢᠯ ᠦ᠋ᠨ ᠬᠢ
 
671 ᠵᠤᠳ ᠤ᠋ᠨ ᠮᠠᠯ ᠢ᠋ ᠤᠷᠤᠭᠤ ᠡᠷᠢ
ᠵᠤᠨ ᠤ᠋ ᠮᠠᠯ ᠢ᠋ ᠥᠭᠡᠳᠡ ᠡᠷᠢ
 
672 ᠵᠤᠳ ᠤ᠋ᠨ ᠲᠦᠷᠦᠭᠦᠦ ᠮᠠᠨᠠᠨ
ᠵᠢᠰᠤᠷ ᠤ᠋ᠨ ᠲᠦᠷᠦᠭᠦᠦ ᠬᠥᠭᠡᠷᠦᠬᠦᠢ
 
673 ᠵᠤᠨ ᠵᠤᠳ ᠲᠠᠢ ᠲᠡᠮᠡᠴᠡᠵᠦ
ᠵᠤᠯᠵᠠᠭᠠᠨ ᠨᠣᠭᠣᠭ᠎ᠠ ᠬᠤᠷᠢᠶᠠᠬᠤ
 
674 ᠵᠤᠨ ᠨᠠᠮᠤᠷ ᠴᠤᠭᠯᠠᠭᠤᠯᠵᠤ
ᠡᠪᠦᠯ ᠬᠠᠪᠤᠷ ᠢᠳᠡᠳᠡᠭ
 
675 ᠵᠤᠨ ᠪᠢᠲᠡᠭᠡᠢ ᠰᠠᠭᠤ
ᠵᠤᠳ ᠲᠤ ᠪᠢᠲᠡᠭᠡᠢ ᠰᠠᠨᠳᠤᠷ
 
676 ᠵᠢᠰᠤᠷ ᠲᠤ ᠨᠢᠭᠤᠷ ᠦᠭᠡᠢ
ᠵᠤᠳ ᠲᠤ ᠢᠯᠴᠢ ᠦᠭᠡᠢ
 
677 ᠵᠢᠰᠤᠷᠴᠢ ᠬᠥᠮᠦᠨ ᠵᠥᠭᠡᠯᠡᠨ ᠦᠭᠡ ᠪᠡᠷ
ᠵᠣᠯᠪᠢᠩ ᠨᠣᠬᠠᠢ ᠰᠢᠷᠪᠠᠭ᠎ᠠ ᠰᠡᠭᠦᠯ ᠢ᠋ᠶ᠋ᠡᠷ
 
678 ᠵᠢᠰᠤᠷᠴᠢ ᠬᠥᠮᠦᠨ ᠵᠤᠯᠤᠭ ᠢ᠋ᠶ᠋ᠠᠨ ᠪᠠᠷᠠᠨ᠎ᠠ
ᠵᠠᠭᠤᠳᠠᠭ ᠨᠣᠬᠠᠢ ᠰᠢᠳᠦ ᠪᠡᠨ ᠪᠠᠷᠠᠨ᠎ᠠ
 
679 ᠵᠢᠰᠤᠷᠴᠢ ᠬᠥᠮᠦᠨ ᠮᠠᠭᠤ ᠪᠣᠯᠪᠠᠴᠤ ᠪᠤᠰᠤᠳ ᠢ᠋ ᠴᠢᠳᠠᠨ᠎ᠠ
ᠵᠠᠭᠤᠳᠠᠭ ᠨᠣᠬᠠᠢ ᠤᠶᠠᠭ᠎ᠠ ᠲᠠᠢ ᠪᠣᠯᠪᠠᠴᠤ ᠬᠥᠮᠦᠨ ᠠᠶᠤᠯᠭᠠᠨ᠎ᠠ
 
680 ᠵᠠᠭᠤᠨ ᠬᠥᠮᠦᠨ ᠦ᠌ ᠵᠢᠰᠦ ᠦᠵᠡᠬᠦ ᠪᠡᠷ
ᠨᠢᠭᠡ ᠬᠥᠮᠦᠨ ᠦ᠌ ᠨᠡᠷ᠎ᠡ ᠶ᠋ᠢ ᠲᠣᠭᠲᠠᠭ᠎ᠠ
 
681 ᠵᠠᠭᠤᠨ ᠦᠬᠡᠷ ᠲᠡᠢ ᠶᠠᠪᠤᠭᠰᠠᠨ ᠠ᠋ᠴᠠ
ᠵᠠᠭᠤᠨ ᠨᠥᠬᠥᠷ ᠲᠡᠢ ᠶᠠᠪᠤᠭᠰᠠᠨ ᠨᠢ ᠳᠡᠭᠡᠷ᠎ᠡ
 
682 ᠵᠠᠭᠤᠨ ᠢᠮᠠᠭᠠᠨ ᠳ᠋ᠤ᠌
ᠵᠢᠷᠠᠨ ᠤᠬᠤᠨ᠎ᠠ
 
683 ᠵᠦᠳᠡᠷᠡᠭᠰᠡᠨ ᠮᠣᠷᠢᠨ ᠳ᠋ᠤ᠌ ᠵᠢᠯᠣᠭᠣ ᠬᠦᠨᠳᠦ
ᠶᠠᠳᠠᠷᠠᠭᠰᠠᠨ ᠬᠥᠭᠰᠢᠨ ᠳ᠋ᠦ᠍ ᠠᠮᠢᠰᠬᠤᠯ ᠬᠦᠨᠳᠦ
 
684 ᠵᠦᠢ ᠦᠭᠡᠢ ᠣᠯᠵᠠ ᠠ᠋ᠴᠠ
ᠵᠦᠢᠲᠡᠢ ᠭᠠᠷᠤᠵᠠ
 
685 ᠵᠦᠢᠷ ᠦᠭᠡᠨ ᠳ᠋ᠦ᠍ ᠬᠤᠳᠠᠯ ᠦᠭᠡᠢ
ᠵᠦᠢ ᠶᠣᠰᠣᠨ ᠳ᠋ᠤ᠌ ᠪᠤᠷᠤᠭᠤ ᠦᠭᠡᠢ
 
686 ᠵᠦᠢᠷ ᠦᠭᠡᠢ ᠦᠭᠡ ᠪᠠᠢᠳᠠᠭ ᠦᠭᠡᠢ
ᠵᠦᠢᠳᠡᠯ ᠦᠭᠡᠢ ᠳᠡᠪᠡᠯ ᠪᠠᠢᠳᠠᠭ ᠦᠭᠡᠢ
 
687 ᠵᠢᠷᠦᠬᠡ ᠨᠢ ᠬᠠᠷ᠎ᠠ ᠪᠣᠯ
ᠬᠡᠯᠡ ᠨᠢ ᠠᠯᠲᠠ ᠪᠠᠢᠪᠠᠴᠤ ᠲᠤᠰᠠ ᠦᠭᠡᠢ
 
688 ᠵᠢᠰᠦ ᠨᠢ ᠴᠠᠭᠠᠨ
ᠵᠢᠷᠦᠬᠡ ᠨᠢ ᠬᠠᠷ᠎ᠠ
 
689 ᠵᠢᠰᠦ ᠶ᠋ᠢ ᠨᠢ ᠲᠠᠨᠢᠬᠤ ᠳ᠋ᠤ᠌ ᠬᠢᠯᠪᠠᠷ
ᠵᠢᠷᠦᠬᠡ ᠶ᠋ᠢ ᠨᠢ ᠲᠠᠨᠢᠬᠤ ᠳ᠋ᠤ᠌ ᠪᠡᠷᠬᠡ
 
690 ᠵᠢᠰᠦ ᠶ᠋ᠢ ᠨᠢ ᠦᠵᠡᠬᠦ ᠪᠡᠷ
ᠵᠢᠷᠦᠬᠡ ᠶ᠋ᠢ ᠨᠢ ᠦᠵᠡ
 
691 ᠵᠢᠰᠦ ᠪᠡᠨ ᠮᠡᠳᠡᠬᠦ ᠦᠭᠡᠢ ᠲᠣᠯᠢ ᠪᠠᠨ ᠮᠠᠭᠤᠯᠠᠬᠤ
ᠵᠢᠷᠦᠬᠡ ᠪᠡᠨ ᠮᠡᠳᠡᠬᠦ ᠦᠭᠡᠢ ᠬᠠᠨᠢ ᠪᠠᠨ ᠮᠠᠭᠤᠯᠠᠬᠤ
 
692 ᠵᠡᠭᠦᠦ ᠣᠷᠣᠬᠤ ᠵᠠᠪᠰᠠᠷ ᠦᠭᠡᠢ
ᠵᠥᠭᠡᠢ ᠬᠠᠳᠬᠤᠬᠤ ᠵᠠᠢ ᠦᠭᠡᠢ
 
693 ᠵᠡᠭᠦᠦ ᠪᠡᠷ ᠴᠢᠴᠢᠭᠰᠡᠨ ᠰᠢᠷᠬ᠎ᠠ ᠬᠣᠣᠷ ᠲᠠᠢ
ᠵᠥᠭᠡᠯᠡᠨ ᠢ᠋ᠶ᠋ᠡᠷ ᠬᠡᠯᠡᠭᠰᠡᠨ ᠦᠭᠡ ᠨᠣᠴᠢᠲᠠᠢ
 
694 ᠵᠡᠭᠦᠳᠦᠨ ᠡᠴᠡ ᠪᠡᠨ ᠰᠣᠴᠢᠵᠤ ᠰᠡᠷᠡᠭᠰᠡᠨ
ᠬᠥᠮᠦᠨ ᠦ᠌ ᠵᠢᠷᠦᠬᠡ ᠠᠮᠤᠷ ᠦᠭᠡᠢ
ᠵᠦᠢᠯ ᠵᠦᠢᠯ ᠢ᠋ ᠪᠣᠳᠣᠭᠰᠠᠨ
ᠬᠥᠮᠦᠨ ᠦ᠌ ᠰᠡᠳᠬᠢᠯ ᠠᠮᠤᠷ ᠦᠭᠡᠢ
 
695 ᠵᠡᠭᠦᠳᠦ ᠪᠡᠨ ᠶᠠᠷᠢᠬᠤ ᠭᠡᠳ
ᠬᠤᠯᠠᠭᠠᠢ ᠪᠠᠨ ᠶᠠᠷᠢᠬᠤ
 
696 ᠵᠡᠭᠦᠨ ᠴᠢᠬᠢ ᠪᠡᠷ ᠣᠷᠣᠵᠤ
ᠪᠠᠷᠠᠭᠤᠨ ᠴᠢᠬᠢ ᠪᠡᠷ ᠨᠢ ᠭᠠᠷᠬᠤ
 
697 ᠵᠢᠮᠡᠯᠡᠬᠦ ᠦᠭᠡᠨ ᠦ᠌ ᠢᠯᠡ ᠨᠢ
ᠮᠠᠭᠲᠠᠬᠤ ᠦᠭᠡᠨ ᠦ᠌ ᠳᠠᠯᠳᠠ ᠨᠢ
 
698 ᠵᠢᠮᠠ ᠳ᠋ᠤ᠌ ᠬᠠᠲᠠᠬᠤ ᠪᠠᠷ
ᠵᠢᠪᠡ ᠳ᠋ᠦ᠍ ᠬᠠᠲᠠᠭᠰᠠᠨ ᠨᠢ ᠳᠡᠭᠡᠷ᠎ᠡ
 
699 ᠵᠡᠰ ᠦ᠋ᠨ ᠰᠠᠢᠨ ᠨᠢ ᠵᠢᠪᠡᠷᠡᠳᠡᠭ ᠦᠭᠡᠢ
ᠵᠢᠭᠡ ᠨᠠᠭᠠᠴᠤ ᠬᠣᠶᠠᠷ ᠮᠠᠷᠲᠠᠯᠴᠠᠳᠠᠭ ᠦᠭᠡᠢ
 
700 ᠵᠢᠭᠡᠯᠡᠭᠡ ᠶᠡᠬᠡᠳᠡᠪᠡᠯ ᠥᠷᠢ ᠪᠣᠯᠤᠨ᠎ᠠ
ᠵᠠᠯᠢ ᠬᠡᠲᠦᠷᠡᠪᠡᠯ ᠱᠤᠯᠤᠮ ᠪᠣᠯᠤᠨ᠎ᠠ
 
701 ᠵᠢᠭᠡᠯᠡ ᠶ᠋ᠢᠨ ᠦᠭᠡ ᠪᠡᠷ ᠰᠡᠴᠡᠨ ᠪᠣᠯᠬᠤ ᠦᠭᠡᠢ
ᠵᠢᠰᠠ ᠶ᠋ᠢᠨ ᠮᠠᠯ ᠢ᠋ᠶ᠋ᠠᠷ ᠪᠠᠶᠠᠨ ᠪᠣᠯᠬᠤ ᠦᠭᠡᠢ
 
702 ᠵᠢᠭᠡᠯᠡᠭᠦᠯᠦᠭᠰᠡᠨ ᠶᠠᠭᠤᠮ᠎ᠠ
ᠭᠡᠭᠡᠭᠰᠡᠨ ᠲᠡᠢ ᠠᠳᠠᠯᠢ
ᠢᠷᠡᠯᠲᠡ᠄

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠢᠮᠧᠯ᠄ soninhuudas@gmail.com