ᠮᠣᠩᠭᠣᠯ ᠵᠦᠢᠷ ᠰᠡᠴᠡᠨ ᠦᠭᠡ ᠶ᠋ᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠮ ᠶ᠋ᠢᠨ ᠠᠢᠮᠠᠭ>
2026-06-06
ᠣᠩᠱᠢᠭ᠍ᠰᠠᠨ ᠣᠳᠠᠭ᠎ᠠ᠄
– ᠮ (M) –
 
758 ᠮᠠᠨᠢ ᠲᠣᠭᠠᠯᠠᠬᠤ ᠳ᠋ᠤ᠌ ᠡᠷᠢᠭᠡ ᠬᠡᠷᠡᠭ ᠲᠡᠢ
ᠮᠠᠯ ᠬᠠᠷᠢᠭᠤᠯᠬᠤ ᠳ᠋ᠤ᠌ ᠰᠢᠯᠪᠢᠭᠦᠷ ᠬᠡᠷᠡᠭ ᠲᠡᠢ
 
759 ᠮᠠᠭᠠᠳ ᠳᠡᠭᠡᠳᠦᠰ ᠢ᠋ ᠣᠯᠵᠤ ᠨᠥᠬᠥᠷᠯᠡ
ᠮᠠᠭᠤ ᠶᠠᠪᠤᠳᠠᠯᠲᠠᠨ ᠠ᠋ᠴᠠ ᠨᠠᠰᠤᠳᠠ ᠬᠣᠯᠠᠳᠠ
 
760 ᠮᠠᠭᠲᠠᠪᠠᠯ ᠲᠩᠷᠢ ᠲᠤᠯᠭᠠᠵᠤ
ᠮᠠᠭᠤᠯᠠᠪᠠᠯ ᠭᠠᠵᠠᠷ ᠣᠷᠣᠭᠤᠯᠬᠤ
 
761 ᠮᠠᠭᠲᠠᠯ᠎ᠠ ᠭᠡᠵᠦ ᠪᠤᠤ ᠪᠡᠶᠡᠰ
ᠮᠠᠭᠤᠯᠠᠯ᠎ᠠ ᠭᠡᠵᠦ ᠪᠤᠤ ᠭᠤᠨᠢ
 
762 ᠮᠠᠭᠲᠠᠭᠰᠠᠨ ᠬᠥᠮᠦᠨ ᠦ᠌
ᠮᠠᠯᠠᠭᠠᠢ ᠨᠢ ᠴᠣᠭᠣᠷᠬᠠᠢ
 
763 ᠮᠠᠭᠲᠠᠭᠰᠠᠨ ᠬᠡᠦᠬᠡᠨ ᠬᠤᠷᠢᠮ ᠳ᠋ᠠᠭᠠᠨ
ᠪᠠᠷᠳᠠᠭᠰᠠᠨ ᠪᠥᠬᠡ ᠠᠮᠠᠨ ᠳ᠋ᠠᠭᠠᠨ
 
764 ᠮᠠᠢᠵᠢᠭᠢ ᠬᠢᠰᠬᠢᠭᠴᠢᠳ ᠦ᠋ᠨ ᠬᠥᠯ ᠴᠡᠴᠡᠷᠡᠵᠦ
ᠮᠠᠭᠤ ᠰᠠᠨᠠᠭᠠᠲᠠᠨ ᠤ᠋ ᠵᠢᠷᠦᠬᠡ ᠴᠡᠴᠡᠷᠡᠬᠦ
 
765 ᠮᠠᠢᠯᠠᠭᠰᠠᠭᠠᠷ ᠮᠠᠢᠯᠠᠭᠰᠠᠭᠠᠷ ᠮᠠᠯ ᠪᠣᠯᠳᠠᠭ
ᠤᠬᠢᠯᠠᠭᠰᠠᠭᠠᠷ ᠤᠬᠢᠯᠠᠭᠰᠠᠭᠠᠷ ᠬᠥᠮᠦᠨ ᠪᠣᠯᠳᠠᠭ
 
766 ᠮᠠᠯ ᠭᠡᠬᠦ ᠳ᠋ᠦ᠍ ᠶᠠᠰᠤ ᠨᠢ ᠬᠠᠪᠲᠠᠢᠵᠤ
ᠮᠢᠬ᠎ᠠ ᠭᠡᠬᠦ ᠳ᠋ᠦ᠍ ᠮᠠᠩᠨᠠᠢ ᠨᠢ ᠲᠡᠨᠢᠢᠬᠦ
 
767 ᠮᠠᠯ ᠥᠰᠬᠡᠬᠦ ᠳ᠋ᠦ᠍ ᠲᠤᠰᠠ ᠦᠭᠡᠢ ᠪᠣᠯ
ᠮᠢᠬ᠎ᠠ ᠢᠳᠡᠬᠦ ᠪᠡᠷ ᠬᠢᠲᠤᠭ᠎ᠠ ᠪᠠᠨ ᠪᠤᠤ ᠬᠤᠷᠴᠠᠯᠠ
 
768 ᠮᠠᠯ ᠲᠠᠷᠭᠤ ᠮᠠᠭᠤ ᠲᠠᠢ ᠨᠢ
ᠮᠠᠯᠯᠠᠭ᠎ᠠ ᠮᠠᠭᠤ ᠶ᠋ᠢᠨ ᠰᠢᠨᠵᠢ
 
769 ᠮᠠᠯ ᠲᠡᠵᠢᠭᠡᠪᠡᠯ ᠠᠮᠠ ᠲᠣᠰᠣᠳᠠᠨ᠎ᠠ
ᠬᠥᠮᠦᠨ ᠲᠡᠵᠢᠭᠡᠪᠡᠯ ᠬᠦᠴᠦ ᠨᠡᠮᠡᠨ᠎ᠡ
 
770 ᠮᠠᠯ ᠡᠵᠡᠨ ᠢ᠋ᠶ᠋ᠡᠷ ᠢ᠋ᠶ᠋ᠡᠨ ᠪᠣᠯᠳᠠᠭ
ᠮᠠᠯᠠᠭᠠᠢ ᠲᠣᠯᠣᠭᠠᠢ ᠪᠠᠷ ᠢ᠋ᠶ᠋ᠠᠨ ᠪᠣᠯᠳᠠᠭ
 
771 ᠮᠠᠩᠬᠠᠨ ᠳ᠋ᠤ᠌ ᠤᠨᠤᠬᠤ ᠳ᠋ᠤ᠌ ᠲᠡᠮᠡᠭᠡ
ᠮᠢᠬ᠎ᠠ ᠶ᠋ᠢ ᠨᠢ ᠢᠳᠡᠬᠦ ᠳ᠋ᠦ᠍ ᠬᠣᠨᠢ
 
772 ᠮᠠᠷᠭᠠᠰᠢ ᠶ᠋ᠢᠨ ᠥᠭᠡᠬᠦᠨ ᠡᠴᠡ
ᠥᠨᠥᠳᠥᠷ ᠦ᠋ᠨ ᠠᠭᠤᠰᠬᠢ
 
773 ᠮᠢᠬ᠎ᠠ ᠢᠳᠡᠶ᠎ᠡ ᠭᠡᠪᠡᠯ ᠮᠠᠯ ᠢ᠋ᠶ᠋ᠠᠨ ᠮᠠᠯᠯᠠ
ᠲᠠᠯᠬ᠎ᠠ ᠢᠳᠡᠶ᠎ᠡ ᠭᠡᠪᠡᠯ ᠲᠠᠷᠢᠶ᠎ᠠ ᠪᠠᠨ ᠳᠠᠷᠢ
 
774 ᠮᠢᠬ᠎ᠠ ᠢᠳᠡᠵᠦ ᠥᠰᠦᠭᠰᠡᠨ ᠴᠢᠨᠣ᠎ᠠ ᠶ᠋ᠢᠨ
ᠰᠠᠨᠠᠭ᠎ᠠ ᠨᠢ ᠬᠡᠵᠢᠶᠡᠳᠡ ᠬᠣᠨᠢᠨ ᠳ᠋ᠤ᠌
 
775 ᠮᠢᠬ᠎ᠠ ᠣᠭᠲᠣᠯᠤᠭᠰᠠᠨ ᠬᠥᠮᠦᠨ ᠭᠠᠷ ᠢ᠋ᠶ᠋ᠠᠨ ᠲᠣᠰᠣᠳᠠᠳᠠᠭ
ᠵᠠᠬ᠎ᠠ ᠭᠠᠷᠤᠭᠰᠠᠨ ᠬᠥᠮᠦᠨ ᠮᠥᠩᠭᠥ ᠪᠡᠨ ᠪᠠᠷᠠᠳᠠᠭ
 
776 ᠮᠢᠬᠠᠨ ᠬᠡᠯᠡ ᠬᠠᠵᠠᠢᠵᠤ
ᠮᠠᠢᠵᠢᠭᠢ ᠭᠤᠲᠤᠯ ᠬᠠᠯᠲᠤᠷᠢᠳᠠᠭ
 
777 ᠮᠢᠬᠠᠨ ᠤ᠋ ᠲᠠᠷᠭᠤᠨ ᠨᠢ
ᠦᠭᠡᠨ ᠦ᠌ ᠴᠥᠭᠡᠨ ᠨᠢ
 
778 ᠮᠢᠬᠠᠨ ᠤ᠋ ᠬᠠᠭᠠᠨ ᠨᠢᠳᠦ
ᠶᠠᠰᠤᠨ ᠤ᠋ ᠬᠠᠭᠠᠨ ᠰᠢᠳᠦ
 
779 ᠮᠢᠬᠠᠨ ᠤ᠋ ᠰᠢᠷᠬ᠎ᠠ ᠡᠳᠡᠭᠡᠳᠡᠭ
ᠦᠭᠡᠨ ᠦ᠌ ᠰᠢᠷᠬ᠎ᠠ ᠡᠳᠡᠭᠡᠳᠡᠭ ᠦᠭᠡᠢ
 
780 ᠮᠣᠭᠠᠢ ᠭᠤᠷᠪᠠ ᠲᠠᠰᠤᠷᠠᠪᠠᠴᠤ
ᠬᠦᠷᠪᠡᠯ ᠦ᠋ᠨ ᠴᠢᠨᠡᠭᠡ
 
781 ᠮᠣᠭᠠᠢ ᠮᠣᠳᠣ ᠣᠷᠢᠶᠠᠵᠤ
ᠮᠠᠭᠤ ᠰᠠᠨᠠᠭ᠎ᠠ ᠪᠡᠶ᠎ᠡ ᠣᠷᠢᠶᠠᠨ᠎ᠠ
 
782 ᠮᠣᠭᠠᠢ ᠮᠥᠷ ᠢ᠋ᠶ᠋ᠡᠨ ᠲᠠᠨᠢᠬᠤ ᠦᠭᠡᠢ
ᠬᠥᠮᠦᠨ ᠪᠡᠶ᠎ᠡ ᠪᠡᠨ ᠮᠡᠳᠡᠬᠦ ᠦᠭᠡᠢ
 
783 ᠮᠣᠭᠠᠢ ᠮᠡᠯᠡᠬᠡᠢ ᠮᠠᠭᠤ ᠪᠣᠯᠪᠠᠴᠤ
ᠯᠤᠤᠰ ᠤ᠋ᠨ ᠬᠠᠭᠠᠨ ᠤ᠋ ᠲᠥᠷᠥᠯ
 
784 ᠮᠣᠭᠠᠢ ᠬᠠᠯᠢᠰᠤ ᠪᠠᠨ ᠬᠡᠭᠡᠪᠡᠴᠦ
ᠴᠢᠨᠠᠷ ᠢ᠋ᠶ᠋ᠠᠨ ᠭᠡᠭᠡᠬᠦ ᠦᠭᠡᠢ
 
785 ᠮᠣᠭᠠᠢ ᠬᠣᠣᠷᠤᠨ ᠳ᠋ᠠᠭᠠᠨ ᠰᠢᠷᠠᠯᠠᠵᠤ
ᠮᠠᠭᠤ ᠬᠥᠮᠦᠨ ᠨᠢᠭᠦᠯ ᠳ᠋ᠡᠭᠡᠨ ᠬᠠᠷᠠᠯᠠᠨ᠎ᠠ
 
786 ᠮᠣᠭᠠᠢ ᠶ᠋ᠢ ᠨᠠᠷᠢᠨ ᠭᠡᠵᠦ ᠪᠦᠦ ᠡᠨᠳᠡ᠂ ᠬᠠᠳᠬᠤᠵᠤ ᠪᠣᠯᠬᠤ
ᠮᠣᠷᠢ ᠶ᠋ᠢ ᠨᠣᠮᠣᠬᠠᠨ ᠭᠡᠵᠦ ᠪᠦᠦ ᠡᠨᠳᠡ᠂ ᠬᠠᠢᠷᠴᠤ ᠪᠣᠯᠬᠤ
 
787 ᠮᠣᠭᠠᠢ ᠳ᠋ᠤ᠌ ᠨᠢᠭᠡ ᠬᠠᠳᠬᠤᠭᠤᠯᠤᠭᠰᠠᠨ ᠬᠥᠮᠦᠨ
ᠮᠣᠳᠣᠨ ᠤ᠋ ᠦᠨᠳᠦᠰᠦ ᠡᠴᠡ ᠴᠦ᠍ ᠠᠶᠤᠬᠤ
 
788 ᠮᠣᠭᠠᠢ ᠶ᠋ᠢᠨ ᠬᠣᠣᠷ ᠰᠢᠳᠦᠨ ᠳ᠋ᠡᠭᠡᠨ
ᠮᠠᠭᠤ ᠬᠥᠮᠦᠨ ᠦ᠌ ᠬᠣᠣᠷ ᠵᠢᠷᠦᠬᠡᠨ ᠳ᠋ᠡᠭᠡᠨ
 
789 ᠮᠣᠭᠠᠢ ᠶ᠋ᠢᠨ ᠬᠦᠰᠡᠯᠡᠩ ᠪᠢᠯᠵᠤᠤᠬᠠᠢ ᠶ᠋ᠢᠨ ᠳᠡᠭᠡᠷ᠎ᠡ
ᠮᠤᠤᠷ ᠤ᠋ᠨ ᠬᠦᠰᠡᠯᠡᠩ ᠬᠤᠯᠤᠭᠠᠨ᠎ᠠ ᠶ᠋ᠢᠨ ᠳᠡᠭᠡᠷ᠎ᠡ
 
790 ᠮᠣᠭᠠᠢ ᠶ᠋ᠢᠨ ᠡᠷᠢᠶᠡᠨ ᠭᠠᠳᠠᠨ᠎ᠠ ᠪᠠᠨ
ᠬᠥᠮᠦᠨ ᠦ᠌ ᠡᠷᠢᠶᠡᠨ ᠳᠣᠲᠣᠷ᠎ᠠ ᠪᠠᠨ
 
791 ᠮᠣᠳᠣ ᠬᠡᠳᠦᠢ ᠥᠨᠳᠥᠷ ᠪᠣᠯᠪᠠᠴᠤ
ᠦᠨᠳᠦᠰᠦ ᠦᠭᠡᠢ ᠪᠣᠯ ᠤᠷᠭᠤᠬᠤ ᠦᠭᠡᠢ
ᠮᠣᠷᠢ ᠬᠡᠳᠦᠢ ᠬᠤᠷᠳᠤᠨ ᠪᠣᠯᠪᠠᠴᠤ
ᠵᠢᠯᠣᠭᠣ ᠦᠭᠡᠢ ᠪᠣᠯ ᠳᠠᠪᠬᠢᠬᠤ ᠦᠭᠡᠢ
 
792 ᠮᠣᠳᠣᠨ ᠤ᠋ ᠨᠠᠪᠴᠢ ᠰᠢᠷᠠᠯᠠᠪᠠᠴᠤ
ᠦᠨᠳᠦᠰᠦ ᠨᠢ ᠰᠢᠷᠠᠯᠠᠬᠤ ᠦᠭᠡᠢ
ᠬᠥᠮᠦᠨ ᠦ᠌ ᠨᠠᠰᠤ ᠬᠥᠭᠰᠢᠷᠡᠪᠡᠴᠦ
ᠵᠣᠷᠢᠭ ᠨᠢ ᠬᠥᠭᠰᠢᠷᠡᠬᠦ ᠦᠭᠡᠢ
 
793 ᠮᠣᠳᠣᠨ ᠬᠢᠷᠥᠭᠡ ᠲᠡᠮᠦᠷ ᠲᠦ᠍ ᠵᠣᠬᠢᠬᠤ ᠦᠭᠡᠢ
ᠮᠠᠭᠤ ᠰᠠᠨᠠᠭ᠎ᠠ ᠪᠡᠶ᠎ᠡ ᠳ᠋ᠦ᠍ ᠵᠣᠬᠢᠬᠤ ᠦᠭᠡᠢ
 
794 ᠮᠣᠩᠭᠣᠯ ᠬᠥᠮᠦᠨ ᠠᠮᠠᠨ ᠪᠡᠯᠭᠡ ᠪᠡᠷ
ᠬᠢᠲᠠᠳ ᠬᠥᠮᠦᠨ ᠠᠯᠠᠭᠠᠨ ᠪᠢᠴᠢᠭ ᠢ᠋ᠶ᠋ᠡᠷ
 
795 ᠮᠣᠩᠭᠣᠯ ᠬᠥᠮᠦᠨ ᠶᠣᠰᠣ ᠪᠠᠨ ᠳᠡᠭᠡᠳᠦᠯᠡᠳᠡᠭ
ᠮᠣᠷᠢᠲᠠᠨ ᠠᠷᠠᠳ ᠬᠦᠯᠦᠭ ᠢ᠋ᠶ᠋ᠡᠨ ᠪᠢᠰᠢᠷᠡᠳᠡᠭ
 
796 ᠮᠣᠩᠭᠣᠯ ᠬᠥᠮᠦᠨ ᠮᠣᠷᠢ ᠪᠠᠨ ᠮᠠᠭᠲᠠᠵᠤ
ᠮᠣᠳᠣᠴᠢᠨ ᠬᠥᠮᠦᠨ ᠬᠢᠷᠥᠭᠡ ᠪᠡᠨ ᠮᠠᠭᠲᠠᠨ᠎ᠠ
 
797 ᠮᠣᠷᠳᠠᠬᠤ ᠨᠢ ᠬᠠᠵᠠᠭᠠᠢ ᠪᠣᠯ
ᠮᠣᠷᠢᠯᠠᠬᠤ ᠨᠢ ᠴᠦ᠍ ᠬᠠᠵᠠᠭᠠᠢ
 
798 ᠮᠣᠷᠢ ᠮᠢᠩᠭᠠᠨ ᠭᠠᠵᠠᠷ ᠶᠠᠪᠤᠪᠠᠴᠤ
ᠲᠥᠷᠥᠭᠰᠡᠨ ᠨᠤᠲᠤᠭ ᠢ᠋ᠶ᠋ᠠᠨ ᠮᠠᠷᠲᠠᠬᠤ ᠦᠭᠡᠢ
 
799 ᠮᠣᠷᠢ ᠰᠠᠢᠲᠠᠢ ᠬᠥᠮᠦᠨ ᠵᠠᠮ ᠮᠡᠳᠡᠬᠦ ᠦᠭᠡᠢ
ᠬᠠᠨᠢ ᠰᠠᠢᠲᠠᠢ ᠬᠥᠮᠦᠨ ᠵᠣᠪᠠᠯᠠᠩ ᠮᠡᠳᠡᠬᠦ ᠦᠭᠡᠢ
 
800 ᠮᠣᠷᠢᠨ ᠠ᠋ᠴᠠ ᠪᠠᠭᠤᠵᠤ ᠪᠣᠯᠬᠤ
ᠦᠭᠡᠨ ᠡᠴᠡ ᠪᠡᠨ ᠪᠤᠴᠠᠵᠤ ᠦᠯᠦ ᠪᠣᠯᠬᠤ
 
801 ᠮᠣᠷᠢᠨ ᠠ᠋ᠴᠠ ᠰᠠᠢᠨ ᠤᠨᠤᠭ᠎ᠠ ᠦᠭᠡᠢ
ᠲᠡᠮᠡᠭᠡᠨ ᠡᠴᠡ ᠰᠠᠢᠨ ᠬᠥᠰᠬᠡ ᠦᠭᠡᠢ
 
802 ᠮᠣᠷᠢᠨ ᠤ᠋ ᠴᠢᠮᠡᠭ ᠡᠮᠡᠭᠡᠯ
ᠮᠣᠳᠣᠨ ᠤ᠋ ᠴᠢᠮᠡᠭ ᠮᠥᠴᠢᠷ
 
803 ᠮᠣᠷᠢ ᠦᠭᠡᠢ ᠮᠣᠩᠭᠣᠯ
ᠳᠠᠯᠠᠪᠴᠢ ᠦᠭᠡᠢ ᠪᠦᠷᠭᠦᠳ ᠠᠳᠠᠯᠢ
 
804 ᠮᠣᠷᠢ ᠲᠠᠢ ᠶᠠᠪᠠᠭᠠᠨ ᠬᠣᠶᠠᠷ ᠨᠡᠢᠯᠡᠳᠡᠭ ᠦᠭᠡᠢ
ᠮᠣᠳᠣ ᠴᠢᠯᠠᠭᠤ ᠬᠣᠶᠠᠷ ᠲᠣᠬᠢᠷᠠᠳᠠᠭ ᠦᠭᠡᠢ
 
805 ᠮᠥᠩᠭᠥ ᠦᠨᠡᠨ ᠢ᠋ ᠣᠯᠵᠤ
ᠦᠨᠡᠨ ᠦᠨᠡᠨ ᠢ᠋ᠶ᠋ᠡᠨ ᠣᠯᠬᠤ ᠦᠭᠡᠢ ᠪᠣᠯᠬᠤ
 
806 ᠮᠥᠩᠭᠥᠨ ᠠᠶᠠᠭ᠎ᠠ ᠪᠠᠷᠢᠵᠤ
ᠪᠤᠳᠠᠭ᠎ᠠ ᠭᠤᠶᠤᠬᠤ
 
807 ᠮᠥᠩᠭᠥ ᠮᠠᠭᠤᠳᠠᠪᠠᠯ ᠡᠵᠡᠨ ᠳ᠋ᠡᠭᠡᠨ
ᠬᠡᠦᠬᠡᠨ ᠮᠠᠭᠤᠳᠠᠪᠠᠯ ᠲᠥᠷᠬᠥᠮ ᠳ᠋ᠡᠭᠡᠨ
 
808 ᠮᠥᠩᠭᠥ ᠲᠡᠢ ᠬᠥᠮᠦᠨ
ᠲᠠᠮᠤ ᠶ᠋ᠢᠨ ᠠᠮᠠᠨ ᠳᠡᠭᠡᠷ᠎ᠡ ᠵᠢᠷᠭᠠᠳᠠᠭ
 
809 ᠮᠥᠷᠥ ᠪᠦᠲᠦᠨ ᠡᠴᠡ
ᠨᠡᠷ᠎ᠡ ᠪᠦᠲᠦᠨ ᠨᠢ ᠳᠡᠭᠡᠷ᠎ᠡ
 
810 ᠮᠥᠷᠡᠨ ᠭᠣᠣᠯ ᠢ᠋
ᠬᠣᠪᠣᠭᠣ ᠪᠠᠷ ᠰᠢᠷᠭᠢᠭᠡᠵᠦ ᠪᠣᠯᠬᠤ ᠦᠭᠡᠢ
ᠣᠭᠲᠠᠷᠭᠤᠢ ᠶ᠋ᠢᠨ ᠰᠣᠯᠣᠩᠭ᠎ᠠ ᠶ᠋ᠢ
ᠭᠠᠷ ᠢ᠋ᠶ᠋ᠠᠷ ᠪᠠᠷᠢᠵᠤ ᠪᠣᠯᠬᠤ ᠦᠭᠡᠢ
 
811 ᠮᠥᠷᠡᠨ ᠳᠠᠯᠠᠢ ᠠ᠋ᠴᠠ ᠡᠭᠦᠯᠡ ᠭᠠᠷᠬᠤ
ᠮᠡᠷᠭᠡᠨ ᠤᠬᠠᠭᠠᠨ ᠠ᠋ᠴᠠ ᠠᠷᠭ᠎ᠠ ᠭᠠᠷᠬᠤ
 
812 ᠮᠥᠷᠦᠨ ᠳ᠋ᠡᠭᠡᠨ ᠲᠣᠬᠢᠷᠠᠭᠰᠠᠨ ᠬᠤᠪᠴᠠᠰᠤ ᠡᠮᠦᠰᠴᠦ
ᠮᠣᠷᠢᠨ ᠳ᠋ᠠᠭᠠᠨ ᠲᠣᠬᠢᠷᠠᠭᠰᠠᠨ ᠡᠮᠡᠭᠡᠯ ᠲᠣᠬᠣᠬᠤ
 
813 ᠮᠥᠷᠡᠨ ᠦ᠌ ᠣᠢᠷ᠎ᠠ ᠰᠠᠭᠤᠭᠰᠠᠨ ᠬᠥᠮᠦᠨ
ᠤᠰᠤᠨ ᠳ᠋ᠠᠭᠠᠨ ᠰᠠᠢᠨ
 
814 ᠮᠥᠰᠥ ᠴᠠᠰᠤᠨ ᠤ᠋ ᠤᠰᠤ ᠨᠢᠭᠡ
ᠮᠥᠷᠭᠥᠯ ᠵᠠᠯᠪᠠᠷᠢᠯ ᠤ᠋ᠨ ᠰᠦᠰᠦᠭ ᠨᠢᠭᠡ
 
815 ᠮᠥᠰᠥᠨ ᠳᠡᠭᠡᠷ᠎ᠡ ᠶᠠᠪᠤᠬᠤ ᠬᠥᠮᠦᠨ ᠲᠣᠯᠣᠭᠠᠢ ᠪᠠᠨ
ᠮᠥᠩᠭᠥᠨ ᠳᠡᠭᠡᠷ᠎ᠡ ᠶᠠᠪᠤᠬᠤ ᠬᠥᠮᠦᠨ ᠠᠮᠢ ᠪᠠᠨ
 
816 ᠮᠥᠴᠢᠷ ᠢ᠋ ᠨᠢ ᠬᠤᠭᠤᠯᠬᠤ ᠳ᠋ᠤ᠌
ᠦᠨᠳᠦᠰᠦ ᠨᠢ ᠦᠯᠡᠳᠡᠳᠡᠭ
 
817 ᠮᠥᠬᠥᠬᠦ ᠴᠠᠭ ᠢᠷᠡᠪᠡᠯ
ᠮᠢᠩᠭᠠᠨ ᠪᠤᠷᠬᠠᠨ ᠴᠤ᠌ ᠬᠡᠷᠡᠭ ᠦᠭᠡᠢ
 
818 ᠮᠥᠴᠢᠷ ᠪᠦᠲᠦᠨ ᠮᠣᠳᠣ ᠪᠠᠢᠳᠠᠭ ᠦᠭᠡᠢ
ᠡᠯᠢᠭᠡ ᠪᠦᠲᠦᠨ ᠬᠥᠮᠦᠨ ᠪᠠᠢᠳᠠᠭ ᠦᠭᠡᠢ
 
819 ᠮᠤᠩᠬᠠᠭ ᠢ᠋ᠶ᠋ᠠᠨ ᠲᠡᠳᠬᠦᠬᠦ ᠦᠭᠡᠢ ᠮᠡᠷᠭᠡᠳ ᠠᠯᠳᠠᠷ ᠦᠭᠡᠢ
ᠲᠦᠰᠢᠭ ᠢ᠋ᠶ᠋ᠡᠨ ᠬᠠᠷᠠᠳᠠᠬᠤ ᠮᠤᠩᠬᠠᠭ ᠬᠠᠨᠢ ᠦᠭᠡᠢ
 
820 ᠮᠤᠩᠬᠠᠭ ᠤ᠋ᠨ ᠡᠷᠳᠡᠮ ᠠᠮᠠᠨ ᠳ᠋ᠤᠨᠢ
ᠮᠡᠷᠭᠡᠨ ᠦ᠌ ᠡᠷᠳᠡᠮ ᠴᠡᠭᠡᠵᠢᠨ ᠳ᠋ᠦ᠍ᠨᠢ
 
821 ᠮᠤᠷᠤᠢ ᠰᠤᠮᠤ ᠶ᠋ᠢ ᠵᠠᠰᠠᠪᠠᠯ ᠫᠠᠢ ᠤᠨᠤᠵᠤ ᠪᠣᠯᠤᠨ᠎ᠠ
ᠮᠤᠩᠬᠠᠭ ᠬᠥᠮᠦᠨ ᠢ᠋ ᠰᠤᠷᠭᠠᠪᠠᠯ ᠰᠡᠴᠡᠨ ᠪᠣᠯᠵᠤ ᠮᠡᠳᠡᠨ᠎ᠡ
 
822 ᠮᠠᠭᠤ ᠠᠮᠢᠳᠤ ᠶᠠᠪᠤᠬᠤ ᠪᠠᠷ
ᠰᠠᠢᠨ ᠨᠡᠷ᠎ᠡ ᠲᠡᠢ ᠦᠬᠦᠭᠰᠡᠨ ᠨᠢ ᠳᠡᠭᠡᠷ᠎ᠡ
 
823 ᠮᠠᠭᠤ ᠠᠨᠳᠠ ᠠ᠋ᠴᠠ
ᠰᠠᠢᠨ ᠲᠠᠨᠢᠯ ᠳᠡᠭᠡᠷ᠎ᠡ
 
824 ᠮᠠᠭᠤ ᠳᠠᠢᠰᠤᠨ ᠲᠠᠨᠢᠳᠠᠭ ᠲᠠᠭᠠᠨ ᠪᠠᠭᠠᠲᠤᠷ
ᠮᠠᠭᠤ ᠡᠷ᠎ᠡ ᠡᠮ᠎ᠡ ᠳ᠋ᠡᠭᠡᠨ ᠪᠠᠭᠠᠲᠤᠷ
 
825 ᠮᠠᠭᠤ ᠳᠤᠤᠭᠠᠷᠤᠭᠰᠠᠨ ᠠ᠋ᠴᠠ
ᠳᠠᠭᠤ ᠦᠭᠡᠢ ᠪᠠᠢᠭᠰᠠᠨ ᠨᠢ ᠳᠡᠭᠡᠷ᠎ᠡ
 
826 ᠮᠠᠭᠤ ᠵᠠᠰᠠᠭ ᠲᠥᠷᠥ ᠶ᠋ᠢᠨ ᠡᠪᠡᠳᠴᠢᠨ
ᠮᠠᠭᠤ ᠡᠵᠡᠨ ᠭᠡᠷ ᠦ᠋ᠨ ᠡᠪᠡᠳᠴᠢᠨ
 
827 ᠮᠠᠭᠤ ᠢᠳᠡᠰᠢ ᠵᠢᠯ ᠦ᠋ᠨ ᠭᠠᠢ
ᠮᠠᠭᠤ ᠡᠬᠡᠨᠡᠷ ᠨᠠᠰᠤᠨ ᠤ᠋ ᠭᠠᠢ
 
828 ᠮᠠᠭᠤ ᠢᠨᠢᠶᠡᠬᠦ ᠪᠡᠷ
ᠰᠠᠢᠨ ᠤᠬᠢᠯᠠ
 
829 ᠮᠠᠭᠤ ᠯᠠᠮᠠ ᠰᠦᠮ᠎ᠡ ᠶ᠋ᠢᠨ ᠪᠣᠯᠠᠢ
ᠮᠠᠭᠤ ᠡᠮ᠎ᠡ ᠭᠡᠷ ᠦ᠋ᠨ ᠪᠣᠯᠠᠢ
 
830 ᠮᠠᠭᠤ ᠮᠢᠬᠠᠨ ᠤ᠋ ᠳᠠᠯᠳᠠ ᠨᠢ
ᠮᠠᠭᠤ ᠦᠭᠡᠨ ᠦ᠌ ᠢᠯᠡ ᠨᠢ
 
831 ᠮᠠᠭᠤ ᠮᠣᠷᠢ ᠡᠳᠦᠷ ᠦ᠋ᠨ ᠠᠶᠠᠨ ᠢ᠋ ᠳᠠᠭᠠᠭᠠᠬᠤ ᠦᠭᠡᠢ
ᠮᠤᠩᠬᠠᠭ ᠬᠥᠮᠦᠨ ᠦᠭᠡᠨ ᠦ᠌ ᠭᠠᠰᠢᠭᠤᠨ ᠢ᠋ ᠳᠠᠭᠠᠭᠠᠬᠤ ᠦᠭᠡᠢ
 
832 ᠮᠠᠭᠤ ᠨᠣᠮᠲᠤ ᠲᠣᠭᠠᠯᠠᠭᠠᠴᠢ
ᠮᠠᠭᠤ ᠣᠶᠣᠳᠠᠯᠴᠢ ᠦᠭᠡᠯᠡᠭᠡᠴᠢ
 
833 ᠮᠠᠭᠤ ᠨᠣᠬᠠᠢ ᠮᠠᠯ ᠤᠷᠤᠭᠤ ᠬᠤᠴᠠᠳᠠᠭ
ᠮᠠᠭᠤ ᠡᠷ᠎ᠡ ᠡᠮ᠎ᠡ ᠳ᠋ᠡᠭᠡᠨ ᠨᠣᠶᠠᠷᠬᠠᠳᠠᠭ
 
834 ᠮᠠᠭᠤ ᠨᠣᠬᠠᠢ ᠬᠠᠲᠠᠪᠴᠢᠨ ᠤ᠋ ᠪᠤᠭ
ᠮᠠᠭᠤ ᠡᠮ᠎ᠡ ᠭᠡᠷ ᠦ᠋ᠨ ᠪᠤᠭ
 
835 ᠮᠠᠭᠤ ᠨᠢᠭᠤᠬᠤ ᠪᠠᠷ
ᠰᠠᠢᠨ ᠢᠯᠡᠴᠢᠯᠡ
 
836 ᠮᠠᠭᠤ ᠨᠡᠷ᠎ᠡ ᠪᠡᠨ ᠳᠠᠬᠢᠨ ᠪᠤᠤ ᠳᠠᠭᠤᠳᠠᠭᠤᠯ
ᠮᠠᠭᠤ ᠠᠭᠠᠰᠢ ᠪᠠᠨ ᠳᠠᠬᠢᠨ ᠪᠤᠤ ᠦᠵᠡᠭᠦᠯ
 
837 ᠮᠠᠭᠤ ᠨᠢ ᠮᠠᠭᠤ ᠳ᠋ᠠᠭᠠᠨ ᠵᠠᠩᠵᠤᠨ
ᠮᠤᠨᠠ ᠭᠠᠳᠠᠰᠤᠨ ᠳ᠋ᠠᠭᠠᠨ ᠵᠠᠩᠵᠤᠨ
 
838 ᠮᠠᠭᠤ ᠰᠠᠨᠠᠭ᠎ᠠ ᠪᠡᠶ᠎ᠡ ᠪᠡᠨ ᠣᠳᠤᠨ᠎ᠠ
ᠮᠤᠢᠬᠤᠷ ᠶᠠᠪᠤᠳᠠᠯ ᠪᠡᠶ᠎ᠡ ᠪᠡᠨ ᠬᠣᠣᠷᠯᠠᠨ᠎ᠠ
 
839 ᠮᠠᠭᠤ ᠰᠠᠨᠠᠭ᠎ᠠ ᠪᠤᠶᠠᠨ ᠢ᠋ᠶ᠋ᠠᠨ ᠪᠠᠷᠠᠨ᠎ᠠ
ᠮᠤᠯᠭᠤᠤ ᠲᠡᠨᠡᠭ ᠬᠦᠨᠳᠦ ᠪᠡᠨ ᠪᠠᠷᠠᠨ᠎ᠠ
 
840 ᠮᠠᠭᠤ ᠰᠠᠨᠠᠭᠠᠨ ᠤ᠋ ᠦᠵᠦᠭᠦᠷ ᠲᠦ᠍ ᠴᠢᠰᠤ
ᠰᠠᠢᠨ ᠰᠠᠨᠠᠭᠠᠨ ᠤ᠋ ᠦᠵᠦᠭᠦᠷ ᠲᠦ᠍ ᠲᠣᠰᠣ
 
841 ᠮᠠᠭᠤ ᠰᠠᠨᠠᠭᠠᠲᠤ ᠴᠢᠬᠢ ᠳᠦᠯᠡᠢ
ᠰᠠᠢᠨ ᠰᠠᠨᠠᠭᠠᠲᠤ ᠨᠢᠳᠦ ᠬᠤᠷᠴᠠ
 
842 ᠮᠠᠭᠤ ᠤᠬᠢᠶᠠᠬᠤ ᠪᠠᠷ
ᠰᠠᠢᠨ ᠰᠡᠭᠰᠦᠷ
 
843 ᠮᠠᠭᠤ ᠦᠵᠡᠭᠰᠡᠨ ᠡᠴᠡ
ᠰᠠᠢᠨ ᠰᠣᠨᠣᠰ
 
844 ᠮᠠᠭᠤ ᠬᠣᠭᠣᠯᠠᠨ ᠠ᠋ᠴᠠ
ᠰᠠᠢᠬᠠᠨ ᠴᠠᠢ ᠳᠡᠭᠡᠷ᠎ᠡ
 
845 ᠮᠠᠭᠤ ᠬᠥᠮᠦᠨ ᠠᠢᠯ ᠠ᠋ᠴᠠ ᠢᠴᠢᠳᠡᠭ
ᠰᠠᠢᠨ ᠬᠥᠮᠦᠨ ᠦᠭᠡᠨ ᠡᠴᠡ ᠢᠴᠢᠳᠡᠭ
 
846 ᠮᠠᠭᠤ ᠬᠥᠮᠦᠨ ᠠᠷᠢᠬᠢᠨ ᠳ᠋ᠤ᠌ ᠴᠢᠩᠭᠠᠷᠠᠨ᠎ᠠ
ᠣᠯᠣᠰᠣᠨ ᠳᠡᠭᠡᠰᠦ ᠤᠰᠤᠨ ᠳ᠋ᠤ᠌ ᠴᠢᠩᠭᠠᠷᠠᠨ᠎ᠠ
 
847 ᠮᠠᠭᠤ ᠬᠥᠮᠦᠨ ᠪᠡᠶ᠎ᠡ ᠪᠡᠨ ᠪᠠᠷᠰ ᠮᠡᠲᠦ ᠰᠠᠨᠠᠨ᠎ᠠ
ᠰᠠᠢᠨ ᠬᠥᠮᠦᠨ ᠪᠡᠶ᠎ᠡ ᠪᠡᠨ ᠮᠡᠰᠡ ᠮᠡᠲᠦ ᠰᠠᠨᠠᠨ᠎ᠠ
 
848 ᠮᠠᠭᠤ ᠬᠥᠮᠦᠨ ᠢᠳᠡᠭᠰᠡᠨ ᠤᠤᠭᠤᠭᠰᠠᠨ ᠢ᠋ᠶ᠋ᠠᠨ
ᠰᠠᠢᠨ ᠬᠥᠮᠦᠨ ᠶᠠᠪᠤᠭᠰᠠᠨ ᠦᠵᠡᠭᠰᠡᠨ ᠢ᠋ᠶ᠋ᠡᠨ
 
849 ᠮᠠᠭᠤ ᠬᠥᠮᠦᠨ ᠰᠣᠨᠵᠢᠭᠤᠴᠢ
ᠮᠤᠬᠤᠷ ᠦᠬᠡᠷ ᠰᠡᠵᠢᠭᠡᠴᠢ
 
850 ᠮᠠᠭᠤ ᠬᠥᠮᠦᠨ ᠦᠭᠡ ᠬᠡᠯᠡ ᠪᠡᠷ ᠢ᠋ᠶ᠋ᠡᠨ ᠲᠤᠰᠠᠯᠠᠬᠤ
ᠰᠠᠢᠨ ᠬᠥᠮᠦᠨ ᠠᠯᠲᠠ ᠮᠥᠩᠭᠥ ᠪᠡᠷ ᠢ᠋ᠶ᠋ᠡᠨ ᠲᠤᠰᠠᠯᠠᠬᠤ
 
851 ᠮᠠᠭᠤ ᠬᠥᠮᠦᠨ ᠬᠡᠷᠡᠯᠳᠦᠬᠦ ᠦᠭᠡᠢ ᠬᠥᠮᠦᠨ ᠦᠭᠡᠢ
ᠬᠠᠷ᠎ᠠ ᠬᠡᠷᠢᠶ᠎ᠡ ᠰᠠᠭᠤᠬᠤ ᠦᠭᠡᠢ ᠮᠣᠳᠣ ᠦᠭᠡᠢ
 
852 ᠮᠠᠭᠤ ᠬᠥᠮᠦᠨ ᠴᠢᠯᠥᠭᠡᠨ ᠢ᠋ᠶ᠋ᠡᠷ
ᠴᠢᠨᠣ᠎ᠠ ᠪᠣᠷᠣᠭᠠᠨ ᠢ᠋ᠶ᠋ᠠᠷ
 
853 ᠮᠠᠭᠤ ᠬᠥᠮᠦᠨ ᠶᠠᠬᠢᠷ
ᠮᠠᠭᠤ ᠮᠣᠳᠣ ᠲᠠᠬᠢᠷ
 
854 ᠮᠠᠭᠤ ᠬᠥᠮᠦᠨ ᠳ᠋ᠦ᠍ ᠦᠭᠡ ᠬᠡᠯᠡᠭᠰᠡᠨ
ᠮᠠᠩᠬᠠᠨ ᠳ᠋ᠤ᠌ ᠤᠰᠤ ᠬᠢᠭᠰᠡᠨ ᠠᠳᠠᠯᠢ
 
855 ᠮᠠᠭᠤ ᠬᠥᠮᠦᠨ ᠳ᠋ᠦ᠍ ᠬᠦᠷᠭᠡᠭᠰᠡᠨ ᠲᠤᠰᠠ
ᠬᠤᠵᠢᠷ ᠲᠠᠢ ᠭᠠᠵᠠᠷ ᠲᠠᠷᠢᠭᠰᠠᠨ ᠲᠠᠷᠢᠶ᠎ᠠ ᠠᠳᠠᠯᠢ
 
856 ᠮᠠᠭᠤ ᠬᠥᠮᠦᠨ ᠦ᠌ ᠳᠠᠭᠤ ᠶᠡᠬᠡ
ᠮᠠᠭᠤ ᠢᠮᠠᠭᠠᠨ ᠤ᠋ ᠮᠠᠢᠯᠠᠬᠤ ᠨᠢ ᠶᠡᠬᠡ
 
857 ᠮᠠᠭᠤ ᠬᠥᠮᠦᠨ ᠦ᠌ ᠦᠬᠦᠯ ᠪᠢᠮᠪᠠ ᠳ᠋ᠤ᠌
ᠮᠠᠭᠤ ᠨᠣᠬᠠᠢ ᠶ᠋ᠢᠨ ᠦᠬᠦᠯ ᠬᠠᠶᠠᠭᠠᠨ ᠳ᠋ᠤ᠌
 
858 ᠮᠠᠭᠤ ᠬᠥᠮᠦᠨ ᠢ᠋ ᠠᠷᠭ᠎ᠠ ᠪᠠᠷ
ᠮᠤᠬᠤᠷ ᠦᠬᠡᠷ ᠢ᠋ ᠲᠥᠷᠥ᠍ ᠪᠠᠷ
 
859 ᠮᠠᠭᠤ ᠬᠥᠮᠦᠨ ᠢ᠋ ᠵᠠᠷᠤ
ᠵᠠᠷᠤᠭᠰᠠᠨ ᠬᠣᠢᠨ᠎ᠠ ᠪᠠᠨ ᠦᠷᠦ
 
860 ᠮᠠᠭᠤ ᠬᠥᠮᠦᠨ ᠢ᠋ ᠲᠡᠵᠢᠭᠡᠬᠦ ᠪᠡᠷ
ᠰᠠᠢᠨ ᠨᠣᠬᠠᠢ ᠶ᠋ᠢ ᠲᠡᠵᠢᠭᠡᠭᠰᠡᠨ ᠨᠢ ᠳᠡᠭᠡᠷ᠎ᠡ
 
861 ᠮᠠᠭᠤ ᠬᠥᠮᠦᠨ ᠢ᠋ ᠡᠨᠡᠷᠢᠪᠡᠯ
ᠮᠣᠭᠠᠢ ᠶ᠋ᠢ ᠡᠪᠦᠷᠯᠡᠭᠰᠡᠨ ᠲᠡᠢ ᠠᠳᠠᠯᠢ
 
862 ᠮᠠᠭᠤ ᠴᠦ᠍ ᠭᠡᠰᠡᠨ ᠨᠡᠷ᠎ᠡ ᠪᠡᠨ
ᠮᠠᠭᠤᠬᠠᠢ ᠴᠦ᠍ ᠭᠡᠰᠡᠨ ᠵᠢᠰᠦ ᠪᠡᠨ
 
863 ᠮᠠᠭᠤ ᠴᠢᠨᠣ᠎ᠠ ᠬᠤᠷᠠᠭ᠎ᠠ ᠳᠠᠭᠠᠷᠢᠳᠠᠭ
ᠮᠠᠭᠤ ᠬᠤᠯᠠᠭᠠᠢᠴᠢ ᠬᠠᠶᠠᠭ᠎ᠠ ᠪᠠᠨ ᠬᠠᠳᠤᠷᠳᠠᠭ
 
864 ᠮᠠᠭᠤ ᠡᠮ᠎ᠡ ᠶ᠋ᠢᠨ ᠨᠢᠭᠤᠷ ᠬᠦ ᠲᠡᠢ
ᠮᠠᠭᠤ ᠪᠢᠴᠢᠭᠡᠴᠢ ᠶ᠋ᠢᠨ ᠭᠠᠷ ᠪᠡᠬᠡ ᠲᠡᠢ
 
865 ᠮᠠᠭᠤ ᠡᠮᠡᠭᠡᠯ ᠮᠣᠷᠢᠨ ᠤ᠋ ᠳᠠᠢᠰᠤᠨ
ᠮᠠᠭᠤ ᠡᠮ᠎ᠡ ᠡᠷ᠎ᠡ ᠶ᠋ᠢᠨ ᠳᠠᠢᠰᠤᠨ
 
866 ᠮᠠᠭᠤ ᠡᠷ᠎ᠡ ᠠᠢᠯᠴᠢ
ᠮᠠᠭᠤ ᠡᠮ᠎ᠡ ᠴᠡᠢᠴᠢ
 
867 ᠮᠠᠭᠤ ᠡᠷ᠎ᠡ ᠭᠡᠷ ᠲᠡᠭᠡᠨ
ᠡᠷᠯᠢᠭ ᠬᠠᠭᠠᠨ ᠤ᠋ ᠳᠦᠷᠢ ᠲᠡᠢ
ᠰᠢᠷ᠎ᠠ ᠰᠢᠪᠠᠭᠤ ᠡᠭᠦᠷ ᠲᠡᠭᠡᠨ
ᠬᠠᠨ ᠭᠠᠷᠤᠳᠢ ᠶ᠋ᠢᠨ ᠳᠦᠷᠢ ᠲᠡᠢ
 
868 ᠮᠠᠭᠤ ᠡᠷ᠎ᠡ ᠲᠡᠢᠨ ᠳ᠋ᠦ᠍ ᠬᠥᠭᠡᠷᠬᠦ
ᠮᠤᠩᠬᠠᠭ ᠬᠥᠮᠦᠨ ᠮᠠᠭᠲᠠᠭᠠᠯ ᠳ᠋ᠤ᠌ ᠬᠥᠭᠡᠷᠬᠦ
 
869 ᠮᠠᠭᠤ ᠡᠷ᠎ᠡ ᠮᠣᠳᠣ ᠴᠢᠯᠠᠭᠤ
ᠰᠠᠢᠨ ᠡᠷ᠎ᠡ ᠰᠠᠭᠠᠳᠠᠭ ᠨᠤᠮᠤ
 
870 ᠮᠠᠭᠤ ᠡᠷ᠎ᠡ ᠮᠢᠩᠭ᠎ᠠ ᠦᠬᠦᠨ᠎ᠡ
ᠰᠠᠢᠨ ᠡᠷ᠎ᠡ ᠭᠠᠭᠴᠠ ᠦᠬᠦᠨ᠎ᠡ
 
871 ᠮᠠᠭᠤ ᠡᠷ᠎ᠡ ᠶ᠋ᠢᠨ ᠠᠭᠤᠷ ᠭᠡᠷ ᠢ᠋ᠶ᠋ᠡᠷ ᠳᠦᠭᠦᠷᠡᠩ
ᠮᠠᠭᠤ ᠡᠮ᠎ᠡ ᠶ᠋ᠢᠨ ᠦᠰᠦ ᠣᠷᠣ ᠪᠠᠷ ᠳᠦᠭᠦᠷᠡᠩ
 
872 ᠮᠠᠭᠤ ᠡᠷᠢᠬᠦ ᠪᠡᠷ
ᠰᠠᠢᠨ ᠰᠤᠷᠠ( ᠯᠠᠪᠯᠠᠬᠤ)
 
873 ᠮᠠᠭᠤ ᠶᠠᠭᠤᠮ᠎ᠠ
ᠮᠣᠳᠣᠨ ᠤᠯᠠᠭ᠎ᠠ ᠲᠠᠢ
 
874 ᠮᠠᠭᠤ ᠶᠠᠭᠤᠮᠠᠨ ᠳ᠋ᠤ᠌ ᠡᠴᠦᠰ ᠪᠣᠢ
ᠰᠠᠢᠨ ᠶᠠᠭᠤᠮᠠᠨ ᠳ᠋ᠤ᠌ ᠦᠷ᠎ᠡ ᠪᠣᠢ
 
875 ᠮᠠᠭᠤ ᠶᠠᠪᠤᠬᠤ ᠳ᠋ᠤ᠌ ᠨᠥᠬᠥᠷ ᠬᠣᠯᠠ
ᠰᠠᠢᠨ ᠶᠠᠪᠤᠬᠤ ᠳ᠋ᠤ᠌ ᠰᠠᠳᠤᠨ ᠣᠢᠷ᠎ᠠ
 
876 ᠮᠠᠭᠤ ᠶᠠᠪᠤᠳᠠᠯ ᠳ᠋ᠤ᠌ ᠮᠡᠷᠭᠡᠨ
ᠰᠠᠢᠨ ᠶᠠᠪᠤᠳᠠᠯ ᠳ᠋ᠤ᠌ ᠰᠣᠬᠣᠷ
 
877 ᠮᠠᠭᠤ ᠶ᠋ᠢ ᠪᠤᠤ ᠮᠠᠭᠲᠠ
ᠰᠠᠢᠨ ᠢ᠋ ᠪᠤᠤ ᠮᠠᠭᠤᠯᠠ
 
878 ᠮᠠᠭᠤ ᠶ᠋ᠢ ᠮᠠᠷᠲᠠ
ᠰᠠᠢᠨ ᠢ᠋ ᠰᠠᠨᠠ
 
879 ᠮᠠᠭᠤ ᠶ᠋ᠢ ᠪᠤᠤ ᠬᠥᠮᠦᠨ ᠡᠴᠡ ᠡᠷᠢ
ᠥᠪᠡᠷ ᠡᠴᠡ ᠪᠡᠨ ᠡᠷᠢ
 
880 ᠮᠠᠭᠤ ᠶ᠋ᠢᠨ ᠤᠬᠠᠭᠠᠨ
ᠬᠦ ᠡᠴᠡ ᠳᠣᠣᠷ᠎ᠠ
 
881 ᠮᠠᠭᠤ ᠳ᠋ᠤ᠌ ᠲᠤᠰᠠ ᠬᠦᠷᠭᠡᠪᠡᠯ ᠮᠡᠳᠡᠬᠦ ᠦᠭᠡᠢ
ᠰᠠᠢᠨ ᠳ᠋ᠤ᠌ ᠭᠡᠮ ᠬᠢᠪᠡᠯ ᠮᠠᠷᠲᠠᠬᠤ ᠦᠭᠡᠢ
 
882 ᠮᠠᠭᠤᠳᠠᠬᠤ ᠳ᠋ᠤ᠌ ᠨᠥᠬᠥᠷ ᠬᠣᠯᠠ
ᠦᠭᠡᠢᠷᠡᠬᠦ ᠳ᠋ᠦ᠍ ᠪᠤᠶᠠᠨ ᠬᠣᠯᠠ
 
883 ᠮᠠᠭᠤ ᠲᠠᠢ ᠪᠦᠦ ᠪᠣᠯᠵᠣᠭ᠎ᠠ ᠳᠡᠯᠪᠢ
ᠰᠠᠢᠨ ᠲᠠᠢ ᠪᠦᠦ ᠮᠡᠯᠵᠢᠶ᠎ᠡ ᠳᠡᠯᠪᠢ
 
884 ᠮᠠᠭᠤᠲᠠᠢ ᠨᠥᠬᠥᠷᠯᠡᠪᠡᠯ ᠮᠣᠭᠠᠢ ᠶ᠋ᠢᠨ ᠬᠣᠣᠷᠯᠠᠯ
ᠰᠠᠢᠨ ᠲᠠᠢ ᠨᠥᠬᠥᠷᠯᠡᠪᠡᠯ ᠰᠠᠷᠠᠨ ᠤ᠋ ᠭᠡᠷᠡᠯ
 
885 ᠮᠡᠳᠡᠨ᠎ᠡ ᠮᠡᠳᠡᠨ᠎ᠡ ᠭᠡᠳ
ᠮᠡᠯᠡᠬᠡᠢ ᠠᠯᠠᠵᠤ ᠭᠠᠨᠵᠤᠭᠠᠯᠠᠬᠤ
 
886 ᠮᠡᠳᠡᠭᠰᠡᠨ ᠨᠢ ᠶᠡᠬᠡᠲᠡᠭᠡᠳ
ᠮᠡᠷᠭᠡᠵᠢᠭᠰᠡᠨ ᠨᠢ ᠪᠠᠭᠠᠳᠠᠬᠤ
 
887 ᠮᠡᠳᠡᠵᠦ ᠠᠪᠤᠪᠠᠯ ᠡᠷᠳᠡᠮ
ᠮᠡᠨᠳᠦ ᠶᠠᠪᠤᠪᠠᠯ ᠵᠢᠷᠭᠠᠯ
 
888 ᠮᠡᠳᠡᠬᠦ ᠦᠭᠡᠢ ᠪᠣᠯ ᠴᠢᠯᠠᠭᠤ ᠪᠦᠦ ᠪᠡᠷᠢ
ᠤᠩᠰᠢᠬᠤ ᠦᠭᠡᠢ ᠪᠣᠯ ᠨᠣᠮ ᠪᠦᠦ ᠪᠡᠷᠢ
 
889 ᠮᠡᠳᠡᠬᠦ ᠦᠭᠡᠢ ᠭᠠᠵᠠᠷ ᠲᠠᠮᠤ
ᠲᠠᠨᠢᠬᠤ ᠦᠭᠡᠢ ᠨᠣᠶᠠᠨ ᠪᠠᠷᠰ
 
890 ᠮᠡᠳᠡᠬᠦ ᠦᠭᠡᠢ ᠬᠥᠮᠦᠨ ᠮᠡᠯᠡᠬᠡᠢ ᠰᠢᠭ
ᠮᠡᠳᠡᠳᠡᠭ ᠬᠥᠮᠦᠨ ᠡᠷᠳᠡᠨᠢ ᠰᠢᠭ
 
891 ᠮᠡᠳᠡᠶ᠎ᠡ ᠭᠡᠪᠡᠯ ᠮᠡᠷᠡᠢ
ᠴᠢᠳᠠᠶ᠎ᠠ ᠭᠡᠪᠡᠯ ᠴᠢᠷᠮᠠᠢ
 
892 ᠮᠡᠯᠡᠬᠡᠢ ᠳᠡᠪᠬᠡᠷᠦᠭᠡᠳ
ᠨᠠᠮᠤᠭ ᠠ᠋ᠴᠠ ᠶᠡᠬᠡ ᠬᠣᠯᠠᠳᠠᠬᠤ ᠦᠭᠡᠢ
 
893 ᠮᠡᠷᠭᠡᠳ ᠴᠤᠭᠯᠠᠪᠠᠯ ᠰᠣᠨᠣᠰᠬᠤᠯᠠᠩ ᠪᠣᠯᠬᠤ
ᠮᠤᠩᠬᠠᠭ ᠴᠤᠭᠯᠠᠪᠠᠯ ᠵᠣᠳᠣᠭᠠᠨ ᠪᠣᠯᠬᠤ
 
894 ᠮᠡᠷᠭᠡᠳ ᠢ᠋ ᠬᠣᠷᠣᠰᠬᠠᠪᠠᠯ ᠡᠷᠳᠡᠮ ᠭᠠᠷᠬᠤ
ᠮᠤᠩᠬᠠᠭ ᠢ᠋ ᠬᠣᠷᠣᠰᠬᠠᠪᠠᠯ ᠪᠠᠯᠠᠭ ᠭᠠᠷᠬᠤ
 
895 ᠮᠡᠷᠭᠡᠨ ᠵᠠᠩᠵᠤᠨ ᠲᠥᠷᠥ ᠳ᠋ᠦ᠍ ᠳᠦᠰᠢᠭ
ᠮᠡᠰᠡ ᠵᠡᠪᠰᠡᠭ ᠡᠷ᠎ᠡ ᠳ᠋ᠦ᠍ ᠲᠦᠰᠢᠭ
 
896 ᠮᠡᠷᠭᠡᠨ ᠨᠢ ᠬᠡᠲᠦᠷᠡᠪᠡᠯ
ᠲᠡᠨᠡᠭ ᠡᠴᠡ ᠳᠣᠣᠷ᠎ᠠ
 
897 ᠮᠡᠷᠭᠡᠨ ᠲᠡᠨᠡᠭ ᠬᠣᠶᠠᠷ ᠲᠤ᠌
ᠡᠮᠡᠭᠡ ᠭᠡᠵᠦ ᠪᠠᠢᠳᠠᠭ ᠦᠭᠡᠢ
 
898 ᠮᠡᠷᠭᠡᠨ ᠬᠣᠪᠳᠣᠭ ᠭᠠᠷ ᠬᠠᠷᠠᠵᠤ
ᠮᠤᠩᠬᠠᠭ ᠬᠣᠪᠳᠣᠭ ᠲᠣᠭᠣᠭ᠎ᠠ ᠬᠠᠷᠠᠬᠤ
 
899 ᠮᠡᠷᠭᠡᠨ ᠬᠥᠮᠦᠨ ᠮᠡᠳᠡᠵᠦ ᠲᠤᠰᠠᠯᠠᠬᠤ
ᠮᠤᠩᠬᠠᠭ ᠬᠥᠮᠦᠨ ᠠᠯᠪᠠᠳᠠᠵᠤ ᠲᠤᠰᠠᠯᠠᠬᠤ
 
900 ᠮᠡᠷᠭᠡᠨ ᠬᠥᠮᠦᠨ ᠬᠣᠢᠴᠢ ᠪᠠᠨ ᠪᠣᠳᠣᠬᠤ
ᠮᠤᠩᠬᠠᠭ ᠬᠥᠮᠦᠨ ᠢᠳᠡᠬᠦ ᠪᠡᠨ ᠪᠣᠳᠣᠬᠤ
 
901 ᠮᠡᠷᠭᠡᠨ ᠬᠥᠮᠦᠨ ᠳ᠋ᠦ᠍ ᠮᠡᠳᠡᠯᠭᠡ ᠡᠷᠬᠢᠮ
ᠮᠤᠩᠬᠠᠭ ᠬᠥᠮᠦᠨ ᠳ᠋ᠦ᠍ ᠡᠳ᠋ ᠡᠷᠬᠢᠮ
 
902 ᠮᠡᠷᠭᠡᠨ ᠬᠥᠮᠦᠨ ᠴᠦ᠍ ᠨᠥᠬᠥᠷ ᠬᠡᠷᠡᠭ ᠲᠡᠢ
ᠮᠤᠢᠬᠤᠷ ᠬᠥᠮᠦᠨ ᠳ᠋ᠦ᠍ ᠴᠦ᠍ ᠲᠦᠰᠢᠭ ᠬᠡᠷᠡᠭ ᠲᠡᠢ
 
903 ᠮᠡᠷᠭᠡᠨ ᠶᠠᠳᠠᠪᠠᠴᠤ
ᠲᠡᠨᠡᠭ ᠦ᠋ᠨ ᠵᠠᠮ ᠢ᠋ᠶ᠋ᠠᠷ ᠶᠠᠪᠤᠬᠤ ᠦᠭᠡᠢ
 
904 ᠮᠡᠷᠭᠡᠨ ᠦ᠌ ᠡᠷᠳᠡᠮ ᠳᠣᠲᠣᠷ᠎ᠠ ᠪᠠᠨ
ᠮᠤᠩᠬᠠᠭ ᠤ᠋ᠨ ᠡᠷᠳᠡᠮ ᠭᠠᠳᠠᠨ᠎ᠠ ᠪᠠᠨ
 
905 ᠮᠡᠰᠡ ᠶ᠋ᠢᠨ ᠰᠢᠷᠬ᠎ᠠ ᠡᠳᠡᠭᠡᠷᠡᠬᠦ ᠳ᠋ᠦ᠍ ᠬᠢᠯᠪᠠᠷ
ᠦᠭᠡᠨ ᠦ᠌ ᠰᠢᠷᠬ᠎ᠠ ᠡᠳᠡᠭᠡᠷᠡᠬᠦ ᠳ᠋ᠦ᠍ ᠪᠡᠷᠬᠡ
 
906 ᠮᠡᠬᠡ ᠭᠠᠷᠭᠠᠬᠤ ᠦᠭᠡᠢ ᠦᠨᠡᠭᠡ ᠭᠡᠵᠦ ᠦᠭᠡᠢ
ᠮᠢᠬ᠎ᠠ ᠢᠳᠡᠬᠦ ᠦᠭᠡᠢ ᠴᠢᠨᠣ᠎ᠠ ᠭᠡᠵᠦ ᠦᠭᠡᠢ
 
907 ᠮᠡᠬᠡ ᠰᠤᠷᠬᠤ ᠶ᠋ᠢᠨ ᠣᠷᠣᠨ ᠳ᠋ᠤ᠌
ᠮᠡᠷᠭᠡᠵᠢᠯ ᠰᠤᠷᠤᠭᠰᠠᠨ ᠨᠢ ᠳᠡᠭᠡᠷ᠎ᠡ
 
908 ᠮᠡᠬᠡ ᠶ᠋ᠢᠨ ᠶᠡᠬᠡ ᠦᠨᠡᠭᠡᠨ ᠳ᠋ᠦ᠍
ᠮᠡᠨᠳᠦ ᠶ᠋ᠢᠨ ᠶᠡᠬᠡ ᠪᠢᠯᠳᠠᠤᠴᠢ ᠳ᠋ᠤ᠌
 
909 ᠮᠡᠬᠡᠲᠦ ᠦᠨᠡᠭᠡ ᠰᠡᠭᠦᠯ ᠢ᠋ᠶ᠋ᠡᠷ ᠢ᠋ᠶ᠋ᠡᠨ ᠬᠠᠭᠤᠷᠬᠤ
ᠪᠠᠴᠢᠲᠤ ᠰᠡᠴᠡᠨ ᠦᠭᠡ ᠪᠡᠷ ᠢ᠋ᠶ᠋ᠡᠨ ᠬᠠᠭᠤᠷᠬᠤ
 
910 ᠮᠡᠬᠡᠲᠦ ᠬᠥᠮᠦᠨ ᠬᠤᠳᠠᠯᠴᠢ
ᠬᠤᠳᠠᠯᠴᠢ ᠬᠥᠮᠦᠨ ᠬᠤᠯᠠᠭᠠᠢᠴᠢ
 
911 ᠮᠡᠬᠡᠲᠦ ᠶ᠋ᠢᠨ ᠣᠯᠵᠠ ᠨᠢᠭᠡ
ᠮᠡᠷᠭᠡᠨ ᠦ᠌ ᠣᠯᠵᠠ ᠬᠣᠶᠠᠷ
 
912 ᠮᠢᠩᠭᠠᠨ ᠠᠳᠤᠭᠤ ᠲᠠᠢ ᠶᠠᠪᠤᠭᠰᠠᠨ ᠠ᠋ᠴᠠ
ᠮᠢᠩᠭᠠᠨ ᠠᠬ᠎ᠠ ᠳᠡᠭᠦᠦ ᠲᠡᠢ ᠶᠠᠪᠤ
 
913 ᠮᠢᠩᠭᠠᠨ ᠵᠢᠩ ᠪᠤᠳᠠᠭ᠎ᠠ ᠲᠠᠢ ᠬᠥᠮᠦᠨ ᠥᠯᠪᠡᠷᠴᠦ ᠦᠬᠦᠬᠦ ᠳ᠋ᠦ᠍
ᠮᠢᠩᠭᠠᠨ ᠠᠬ᠎ᠠ ᠳᠡᠭᠦᠦ ᠲᠡᠢ ᠬᠥᠮᠦᠨ ᠥᠯᠪᠡᠷᠴᠦ ᠦᠬᠦᠬᠦ ᠦᠭᠡᠢ
 
914 ᠮᠢᠩᠭᠠᠨ ᠦᠭᠡᠨ ᠦ᠌ ᠭᠣᠭᠴᠣᠭ᠎ᠠ ᠨᠢ ᠨᠢᠭᠡ
ᠲᠦᠮᠡᠨ ᠦᠭᠡᠨ ᠦ᠌ ᠲᠣᠪᠴᠢᠶ᠎ᠠ ᠨᠢ ᠨᠢᠭᠡ
ᠢᠷᠡᠯᠲᠡ᠄

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠢᠮᠧᠯ᠄ soninhuudas@gmail.com