- ᠨ (Н) -
915 ᠨᠠᠭᠠᠳᠤᠮ ᠶᠡᠬᠡᠳᠡᠪᠡᠯ ᠨᠠᠰᠤ ᠣᠬᠣᠷᠰᠤᠨᠠ
ᠨᠠᠮᠤᠷ ᠤ᠋ᠨ ᠬᠤᠷ᠎ᠠ ᠶᠡᠬᠡᠳᠡᠪᠡᠯ ᠦᠶᠡᠷ ᠪᠣᠯᠤᠨ᠎ᠠ
916 ᠨᠠᠭᠠᠳᠤᠮ ᠤ᠋ᠨ ᠶᠡᠬᠡ ᠨᠢ ᠠᠵᠢᠯ ᠳ᠋ᠤ᠌ ᠰᠠᠭᠠᠳ
ᠨᠠᠢᠷ ᠤ᠋ᠨ ᠤᠷᠲᠤ ᠨᠢ ᠨᠣᠢᠷᠣᠨ ᠳ᠋ᠤ᠌ ᠰᠠᠭᠠᠳ
917 ᠨᠠᠰᠢ(ᠨᠠᠭᠠᠰᠢ) ᠪᠠᠨ ᠬᠠᠷᠠᠵᠤ ᠢᠨᠢᠶᠡᠵᠦ
ᠴᠠᠰᠢ (ᠴᠠᠭᠠᠰᠢ)ᠪᠠᠨ ᠬᠠᠷᠠᠵᠤ ᠤᠬᠢᠯᠠᠬᠤ
918 ᠨᠠᠪᠴᠢ ᠴᠡᠴᠡᠭ ᠨᠠᠷᠠᠨ ᠠ᠋ᠴᠠ
ᠨᠠᠰᠤᠨ ᠤ᠋ ᠵᠢᠷᠭᠠᠯ ᠠᠢᠯ ᠠ᠋ᠴᠠ
919 ᠨᠠᠪᠴᠢ ᠰᠢᠷᠠᠯᠠᠪᠠᠯ ᠨᠠᠮᠤᠷᠰᠢᠨ᠎ᠠ
ᠨᠠᠭᠠᠳᠤᠮ ᠶᠡᠬᠡᠳᠡᠪᠡᠯ ᠭᠡᠷᠡᠯᠲᠦᠨ᠎ᠡ
920 ᠨᠠᠢᠯᠵᠠᠭᠤᠷ ᠢ᠋ ᠵᠠᠰᠠᠵᠤ ᠨᠢᠷᠤᠭᠤ ᠪᠣᠯᠭᠠᠬᠤ
ᠨᠢᠯᠬ᠎ᠠ ᠶ᠋ᠢ ᠥᠰᠬᠡᠵᠦ ᠡᠷ᠎ᠡ ᠪᠣᠯᠭᠠᠬᠤ
921 ᠮᠠᠢᠮᠠᠢ ᠨᠠᠮ ᠲᠠᠢ᠂ ᠥᠨᠳᠥᠷ ᠲᠡᠢ
ᠨᠠᠰᠤ ᠵᠠᠯᠠᠭᠤ ᠲᠠᠢ᠂ ᠬᠥᠭᠰᠢᠨ ᠲᠡᠢ
922 ᠨᠠᠢ᠍ᠮᠠᠨ ᠰᠠᠷ᠎ᠠ ᠶ᠋ᠢᠨ ᠭᠠᠩ ᠬᠡᠴᠡᠭᠦᠦ
ᠨᠠᠶᠠ ᠬᠦᠷᠦᠭᠡᠳ ᠬᠣᠭᠣᠰᠣᠷᠠᠬᠤ ᠬᠡᠴᠡᠭᠦᠦ
923 ᠨᠠᠢᠷ ᠠᠬ᠎ᠠ ᠠ᠋ᠴᠠ ᠪᠠᠨ
ᠨᠠᠭᠠᠳᠤᠮ ᠳᠡᠭᠦᠦ ᠡᠴᠡ ᠪᠡᠨ
924 ᠨᠠᠢᠷ ᠤ᠋ᠨ ᠪᠣᠭᠣᠨᠢ ᠨᠢ ᠰᠠᠢᠨ
ᠨᠠᠰᠤᠨ ᠤ᠋ ᠤᠷᠲᠤ ᠨᠢ ᠰᠠᠢᠨ
925 ᠨᠠᠮᠤᠭ ᠭᠠᠵᠠᠷ ᠵᠤᠰᠠᠵᠤ
ᠡᠭᠡᠪᠦᠷ ᠭᠠᠵᠠᠷ ᠡᠪᠦᠯᠵᠢ
926 ᠨᠠᠮᠤᠷ ᠡᠪᠡᠰᠦ ᠣᠪᠣᠭᠠᠯᠠᠬᠤ ᠦᠭᠡᠢ ᠪᠣᠯ
ᠬᠠᠪᠤᠷ ᠦᠬᠦᠳᠡᠯ ᠣᠪᠣᠭᠠᠯᠠᠨ᠎ᠠ
927 ᠨᠠᠮᠤᠷ ᠲᠣᠰᠣ ᠪᠠᠨ ᠭᠦᠵᠡᠭᠡᠯᠡᠪᠡᠯ
ᠬᠠᠪᠤᠷ ᠲᠤᠭᠤᠯ ᠢ᠋ᠶ᠋ᠠᠨ ᠭᠦᠵᠡᠭᠡᠯᠡᠨᠡ
928 ᠨᠠᠮᠤᠷᠵᠢᠨ ᠨᠠᠷᠭᠢᠪᠠᠯ
ᠡᠪᠦᠯᠵᠢᠨ ᠦᠷᠴᠢᠢᠨᠡ
929 ᠨᠠᠮᠤᠷ ᠲᠠᠭᠠᠨ ᠳᠡᠯᠪᠡᠷᠡᠲᠡᠯ᠎ᠡ ᠪᠡᠨ ᠢᠳᠡᠵᠦ
ᠬᠠᠪᠤᠷ ᠲᠠᠭᠠᠨ ᠬᠠᠲᠠᠩᠭᠢᠷᠠᠲᠠᠯᠠ ᠪᠠᠨ ᠥᠯᠥᠰᠬᠦ
930 ᠨᠠᠮᠤᠷ ᠲᠠᠭᠠᠨ ᠲᠠᠷᠭᠤ ᠦᠭᠡᠢ ᠮᠠᠯ
ᠡᠪᠦᠯ ᠳ᠋ᠡᠭᠡᠨ ᠡᠴᠡᠩᠭᠢ
931 ᠨᠠᠮᠤᠷ ᠤ᠋ᠨ ᠮᠠᠭᠤ ᠪᠣᠷᠣᠭ᠎ᠠ ᠲᠠᠢ
ᠬᠠᠪᠤᠷ ᠤ᠋ᠨ ᠮᠠᠭᠤ ᠰᠠᠯᠬᠢ ᠲᠠᠢ
932 ᠨᠠᠮᠤᠷ ᠤ᠋ᠨ ᠡᠪᠡᠰᠦ ᠶ᠋ᠢ ᠪᠦᠷᠢᠯᠵᠦ ᠢᠳᠡᠭᠦᠯ
ᠬᠠᠪᠤᠷ ᠤ᠋ᠨ ᠡᠪᠡᠰᠦ ᠶ᠋ᠢ ᠬᠠᠮᠤᠵᠤ ᠢᠳᠡᠭᠦᠯ
933 ᠨᠠᠷᠠ ᠭᠠᠷᠬᠤ ᠪᠠᠷ ᠪᠠᠢᠭᠠᠯᠢ ᠰᠡᠷᠭᠦᠳᠡᠭ
ᠨᠣᠮ ᠤᠩᠰᠢᠬᠤ ᠪᠠᠷ ᠲᠠᠷᠢᠬᠢ ᠰᠡᠷᠭᠦᠳᠡᠭ
934 ᠨᠠᠷᠠ ᠭᠠᠷᠪᠠᠯ ᠳᠤᠯᠠᠭᠠᠷᠠᠨᠠ
ᠨᠠᠰᠤ ᠠᠬᠢᠪᠠᠯ ᠬᠡᠷᠰᠡᠦᠵᠢᠨᠡ
935 ᠨᠠᠷᠠ ᠰᠠᠷ᠎ᠠ ᠡᠭᠡᠯᠵᠢᠯᠡᠨ᠎ᠡ
ᠨᠠᠰᠤ ᠵᠢᠯ ᠥᠩᠭᠡᠷᠡᠨ᠎ᠡ
936 ᠨᠠᠷᠠ ᠬᠤᠷ᠎ᠠ ᠲᠡᠩᠴᠡᠪᠡᠯ
ᠨᠠᠪᠴᠢ ᠴᠡᠴᠡᠭ ᠳᠡᠯᠭᠡᠷᠡᠬᠦ
937 ᠨᠠᠷᠠ ᠬᠦᠷᠢᠶᠡᠯᠡᠪᠡᠯ ᠵᠤᠳᠯᠠᠬᠤ
ᠰᠠᠷ᠎ᠠ ᠬᠦᠷᠢᠶᠡᠯᠡᠪᠡᠯ ᠰᠠᠯᠬᠢᠯᠠᠬᠤ
938 ᠨᠠᠷᠠ ᠰᠢᠩᠭᠡᠪᠡᠯ ᠰᠠᠷ᠎ᠠ ᠵᠠᠯᠭᠠᠵᠤ
ᠨᠠᠰᠤ ᠠᠬᠢᠪᠠᠯ ᠦᠷ᠎ᠡ ᠵᠠᠯᠭᠠᠬᠤ
939 ᠨᠠᠷᠠᠨ ᠳ᠋ᠤ᠌ ᠤᠨᠲᠠᠵᠤ
ᠰᠠᠷᠠᠨ ᠳ᠋ᠤ᠌ ᠪᠥᠭᠡᠰᠦ ᠪᠡᠨ ᠲᠡᠭᠦᠬᠦ
940 ᠨᠠᠷᠭᠢᠶᠠᠨ— ᠵᠠᠯᠠᠭᠤ ᠨᠠᠰᠤᠨ ᠤ᠋ ᠣᠬᠢ
ᠨᠠᠮᠤᠷ ᠴᠠᠭ— ᠤᠯᠠᠷᠢᠯ ᠤ᠋ᠨ ᠣᠬᠢ
941 ᠨᠠᠷᠠᠨ ᠠ᠋ᠴᠠ ᠢᠯᠡᠭᠦᠦ ᠭᠡᠷᠡᠯ ᠲᠡᠢ ᠶᠠᠭᠤᠮ᠎ᠠ ᠦᠭᠡᠢ
ᠨᠠᠮᠤᠷ ᠠ᠋ᠴᠠ ᠢᠯᠡᠭᠦᠦ ᠪᠠᠶᠠᠨ ᠤᠯᠠᠷᠢᠯ ᠦᠭᠡᠢ
942 ᠨᠠᠷᠠᠨ ᠠ᠋ᠴᠠ ᠬᠣᠷᠭᠣᠳᠠᠵᠤ ᠪᠣᠯᠳᠠᠭ
ᠨᠠᠰᠤ ᠪᠠᠷᠠᠬᠤ ᠠ᠋ᠴᠠ ᠬᠣᠷᠭᠣᠳᠠᠵᠤ ᠪᠣᠯᠳᠠᠭ ᠦᠭᠡᠢ
943 ᠨᠠᠷᠠᠨ ᠤ᠋ ᠭᠡᠷᠡᠯ ᠬᠦᠷᠪᠡᠯ ᠳ᠋ᠦ᠍ ᠬᠠᠷᠰᠢ
ᠡᠷᠳᠡᠮ ᠦ᠋ᠨ ᠭᠡᠷᠡᠯ ᠲᠡᠨᠡᠭ ᠲᠦ᠍ ᠬᠠᠷᠰᠢ
944 ᠨᠠᠷᠠᠨ ᠤ᠋ ᠭᠡᠷᠡᠯ ᠢᠯᠴᠢ ᠲᠡᠢ
ᠨᠠᠭᠠᠴᠤ ᠬᠥᠮᠦᠨ ᠬᠦᠨᠳᠦ ᠲᠡᠢ
945 ᠨᠠᠷᠠᠨ ᠤ᠋ ᠭᠡᠷᠡᠯ
ᠡᠭᠦᠯᠡ ᠦᠭᠡᠢ ᠪᠣᠯ ᠨᠡᠩ ᠰᠠᠢᠨ
ᠨᠠᠰᠤᠨ ᠤ᠋ ᠪᠠᠭ᠎ᠠ ᠳ᠋ᠤ᠌ ᠡᠷᠳᠡᠮ ᠰᠤᠷᠬᠤ ᠳ᠋ᠤ᠌
ᠵᠠᠯᠬᠠᠭᠤ ᠦᠭᠡᠢ ᠪᠣᠯ ᠳᠠᠩᠴᠤ ᠰᠠᠢᠨ
946 ᠨᠠᠷᠠ ᠲᠠᠢ ᠪᠣᠯ ᠲᠠᠭᠠᠷᠠᠬᠤ ᠦᠭᠡᠢ
ᠨᠠᠢᠷ ᠲᠠᠢ ᠪᠣᠯ ᠥᠯᠥᠰᠬᠦ ᠦᠭᠡᠢ
947 ᠨᠠᠷᠠ ᠲᠠᠢ ᠭᠠᠵᠠᠷ ᠭᠡᠷ ᠢ᠋ᠶ᠋ᠡᠨ ᠪᠠᠷᠢᠵᠤ
ᠨᠣᠭᠣᠭ᠎ᠠ ᠲᠠᠢ ᠭᠠᠵᠠᠷ ᠮᠠᠯ ᠢ᠋ᠶ᠋ᠠᠨ ᠪᠡᠯᠴᠢᠭᠡ
948 ᠨᠠᠰᠤᠨ ᠳ᠋ᠤ᠌ ᠬᠣᠨᠣᠭ ᠨᠡᠮᠡᠵᠦ
ᠴᠠᠰᠤᠨ ᠳ᠋ᠤ᠌ ᠬᠢᠷᠠᠭᠤ ᠨᠡᠮᠡᠬᠦ
949 ᠨᠠᠰᠤᠲᠠᠢ ᠬᠥᠮᠦᠨ ᠶᠠᠪᠤᠭᠰᠠᠨ ᠢ᠋ᠶ᠋ᠠᠨ
ᠨᠢᠯᠬ᠎ᠠ ᠬᠡᠦᠬᠡᠳ ᠦᠵᠡᠭᠰᠡᠨ ᠢ᠋ᠶ᠋ᠡᠨ
950 ᠨᠠᠰᠤᠲᠠᠨ ᠤ᠋ ᠰᠤᠷᠭᠠᠯ
ᠨᠠᠷᠠᠨ ᠤ᠋ ᠭᠡᠷᠡᠯ
951 ᠨᠣᠶᠠᠳ ᠭᠡᠳᠡᠢᠵᠦ
ᠠᠷᠠᠳ ᠪᠥᠬᠥᠢᠬᠦ
952 ᠨᠣᠶᠠᠳ ᠦᠭᠡᠢᠷᠡᠪᠡᠯ ᠳᠡᠭᠡᠷᠡᠮ ᠪᠣᠯᠤᠨ᠎ᠠ
ᠪᠠᠶᠠᠳ ᠦᠭᠡᠢᠷᠡᠪᠡᠯ ᠬᠤᠯᠠᠭᠠᠢ ᠪᠣᠯᠤᠨ᠎ᠠ
953 ᠨᠣᠶᠠᠳ ᠭᠡᠷᠡᠯᠲᠦᠭᠰᠡᠨ ᠭᠠᠵᠠᠷ ᠪᠠᠯᠠᠭ ᠲᠠᠢ
ᠨᠣᠬᠠᠢ ᠬᠡᠮᠬᠢᠯᠳᠦᠭᠰᠡᠨ ᠭᠠᠵᠠᠷ ᠤᠯᠠᠢ ᠲᠠᠢ
954 ᠨᠣᠶᠠᠳ ᠲᠤ᠌ ᠢᠲᠡᠭᠡᠭᠰᠡᠨ ᠡᠴᠡ
ᠨᠣᠬᠠᠢ ᠳ᠋ᠠᠭᠠᠨ ᠢᠳᠡᠭᠡ
955 ᠨᠣᠶᠠᠳ ᠢ᠋ ᠳᠠᠭᠠᠵᠤ ᠶᠠᠪᠤᠭᠰᠠᠨ ᠢ᠋ᠶ᠋ᠠᠷ ᠨᠣᠬᠠᠢ ᠪᠣᠯᠬᠤ
ᠪᠠᠶᠠᠳ ᠢ᠋ ᠳᠠᠭᠠᠵᠤ ᠶᠠᠪᠤᠭᠰᠠᠨ ᠢ᠋ᠶ᠋ᠠᠷ ᠪᠣᠭᠣᠯ ᠪᠣᠯᠬᠤ
956 ᠨᠣᠶᠠᠳ ᠪᠦᠬᠦᠨ ᠠᠷᠢᠭᠤᠨ ᠡᠰᠡ ᠶᠠᠪᠤᠪᠠᠯ
ᠪᠠᠭᠤᠷᠠᠭᠰᠠᠨ ᠬᠣᠢᠨ᠎ᠠ ᠪᠠᠨ ᠭᠡᠮᠰᠢᠨ᠎ᠡ
ᠪᠠᠶᠠᠨ ᠪᠦᠬᠦᠨ ᠡᠰᠡ ᠡᠳ᠋ᠯᠡᠪᠡᠯ
ᠦᠭᠡᠢᠷᠡᠭᠰᠡᠨ ᠬᠣᠢᠨ᠎ᠠ ᠪᠠᠨ ᠭᠡᠮᠰᠢᠨ᠎ᠡ
957 ᠨᠣᠶᠠᠨ ᠭᠡᠵᠦ ᠳᠤᠯᠳᠤᠢᠳᠬᠤ ᠬᠡᠷᠡᠭ ᠦᠭᠡᠢ
ᠨᠣᠬᠠᠢ ᠭᠡᠵᠦ ᠳᠣᠷᠣᠮᠵᠢᠯᠠᠬᠤ ᠬᠡᠷᠡᠭ ᠦᠭᠡᠢ
958 ᠨᠣᠶᠠᠨ ᠨᠣᠶᠠᠨ ᠳ᠋ᠠᠭᠠᠨ ᠡᠭᠡᠯᠢ ᠲᠡᠢ
ᠨᠣᠬᠠᠢ ᠭᠥᠯᠦᠭᠡᠨ ᠳ᠋ᠡᠭᠡᠨ ᠬᠠᠢᠷ᠎ᠠ ᠲᠠᠢ
959 ᠨᠣᠶᠠᠨ ᠰᠠᠭᠤᠪᠠᠯ ᠠᠯᠪᠠᠲᠤ ᠪᠠᠨ ᠮᠡᠳᠡ
ᠨᠣᠬᠠᠢ ᠲᠠᠢ ᠪᠣᠯ ᠬᠣᠭᠣᠯᠠ ᠶ᠋ᠢ ᠨᠢ ᠮᠡᠳᠡ
960 ᠨᠣᠶᠠᠨ ᠤᠷᠪᠠᠭᠠᠴᠢ
ᠨᠣᠬᠠᠢ ᠰᠢᠷᠪᠠᠭᠠᠴᠢ
961 ᠨᠣᠶᠠᠨ᠂ ᠠᠪᠬᠤ ᠪᠣᠯᠬᠤ ᠪᠠᠷ ᠠᠵᠢᠷᠭ᠎ᠠ ᠰᠢᠭ᠋
ᠥᠭᠬᠦ ᠪᠣᠯᠬᠤ ᠪᠠᠷ ᠨᠣᠬᠠᠢ ᠰᠢᠭ᠋
962 ᠨᠣᠶᠠᠨ ᠪᠣᠯᠤᠶ᠎ᠠ ᠭᠡᠪᠡᠯ
ᠵᠠᠷᠤᠴᠠ ᠪᠠᠨ ᠰᠠᠢᠨ ᠲᠣᠷᠳᠠ
963 ᠨᠣᠶᠠᠨ ᠬᠥᠮᠦᠨ ᠨᠤᠲᠤᠭ ᠲᠠᠭᠠᠨ ᠬᠦᠨᠳᠦ ᠲᠡᠢ
ᠨᠣᠮ ᠲᠠᠢ ᠬᠥᠮᠦᠨ ᠭᠠᠵᠠᠷ ᠪᠣᠯᠭᠠᠨ ᠳ᠋ᠤ᠌ ᠬᠦᠨᠳᠦ ᠲᠡᠢ
964 ᠨᠣᠶᠠᠨ ᠬᠥᠮᠦᠨ ᠴᠠᠭᠠᠨ ᠪᠣᠯᠪᠠᠴᠤ ᠰᠡᠵᠢᠭ ᠲᠡᠢ
ᠨᠣᠮ ᠤ᠋ᠨ ᠦᠰᠦᠭ ᠬᠠᠷ᠎ᠠ ᠪᠣᠯᠪᠠᠴᠤ ᠰᠢᠮ᠎ᠡ ᠲᠡᠢ
965 ᠨᠣᠶᠠᠨ ᠬᠥᠮᠦᠨ ᠢ᠋ ᠢᠲᠡᠭᠡᠵᠦ ᠪᠣᠯᠬᠤ ᠦᠭᠡᠢ
ᠨᠣᠢᠲᠠᠨ ᠮᠣᠳᠣ ᠶ᠋ᠢ ᠲᠦᠰᠢᠵᠦ ᠪᠣᠯᠬᠤ ᠦᠭᠡᠢ
966 ᠨᠣᠶᠠᠨ ᠠ᠋ᠴᠠ ᠠᠶᠤᠪᠠᠯ ᠵᠠᠷᠭᠤ ᠪᠤᠤ ᠬᠢ
ᠨᠣᠬᠠᠢ ᠠ᠋ᠴᠠ ᠠᠶᠤᠪᠠᠯ ᠪᠠᠳᠢᠷᠴᠢᠨ ᠪᠤᠤ ᠪᠣᠯ
967 ᠨᠣᠶᠠᠨ ᠤ᠋ ᠪᠠᠶᠠᠨ
ᠨᠣᠬᠠᠢ ᠶ᠋ᠢᠨ ᠲᠠᠷᠭᠤᠨ ᠬᠣᠶᠠᠷ ᠠᠳᠠᠯᠢ
968 ᠨᠣᠶᠠᠨ ᠤ᠋ ᠮᠠᠭᠤ ᠪᠠᠷ ᠠᠯᠪᠠᠲᠤ ᠲᠠᠷᠠᠳᠠᠭ
ᠨᠣᠬᠠᠢ ᠶ᠋ᠢᠨ ᠮᠠᠭᠤ ᠪᠠᠷ ᠬᠣᠲᠠ ᠲᠠᠷᠠᠳᠠᠭ
969 ᠨᠣᠶᠠᠨ ᠤ᠋ ᠬᠠᠢᠷ᠎ᠠ
ᠨᠣᠬᠠᠢ ᠶ᠋ᠢᠨ ᠨᠢᠷᠤᠭᠤᠨ ᠳᠡᠭᠡᠷᠡᠬᠢ ᠴᠠᠰᠤ ᠲᠠᠢ ᠠᠳᠠᠯᠢ
970 ᠨᠣᠢᠷᠮᠤᠭᠯᠠᠵᠤ ᠰᠠᠭᠤᠬᠤ ᠪᠠᠷ
ᠨᠣᠮ ᠭᠠᠷᠴᠠᠭᠯᠠᠨ
971 ᠨᠣᠢᠷᠣᠨ ᠠ᠋ᠴᠠ ᠮᠣᠷᠢ ᠪᠠᠨ
ᠴᠢᠮᠦᠭᠡᠨ ᠡᠴᠡ ᠬᠢᠲᠤᠭ᠎ᠠ ᠪᠠᠨ
972 ᠨᠣᠢᠷ ᠲᠠᠢ ᠬᠣᠨᠣᠶ᠎ᠠ ᠭᠡᠪᠡᠯ
ᠨᠣᠬᠠᠢ ᠪᠠᠨ ᠰᠠᠢᠨ ᠲᠣᠷᠳᠠ
973 ᠨᠣᠢᠷ ᠲᠠᠢ ᠬᠥᠮᠦᠨ ᠢ᠋ ᠰᠡᠷᠡᠭᠡᠬᠦ ᠳ᠋ᠦ᠍ ᠪᠡᠷᠬᠡ
ᠵᠠᠯᠬᠠᠭᠤ ᠬᠥᠮᠦᠨ ᠢ᠋ ᠵᠠᠷᠤᠬᠤ ᠳ᠋ᠤ᠌ ᠪᠡᠷᠬᠡ
974 ᠨᠤᠤᠷᠠᠭᠰᠠᠨ ᠬᠠᠳᠠᠭ
ᠪᠡᠯᠡᠭ ᠲᠤ ᠶᠠᠪᠤᠳᠠᠭ ᠦᠭᠡᠢ
ᠨᠣᠶᠠᠨ ᠦᠭᠡᠢ ᠠᠯᠪᠠᠲᠤ ᠠ᠋ᠴᠠ
ᠱᠤᠤᠭᠢᠶᠠᠨ ᠲᠠᠰᠤᠷᠠᠳᠠᠭ ᠦᠭᠡᠢ
975 ᠨᠣᠣᠰᠣ ᠦᠭᠡᠢ ᠲᠡᠮᠡᠭᠡ ᠪᠣᠷᠣᠭᠠᠨ ᠳ᠋ᠤ᠌ ᠴᠡᠴᠡᠷᠡᠳᠡᠭ
ᠨᠣᠮ ᠦᠭᠡᠢ ᠪᠠᠨᠳᠢ ᠬᠤᠷᠠᠯ ᠳ᠋ᠤ᠌ ᠴᠡᠴᠡᠷᠡᠳᠡᠭ
976 ᠨᠣᠮ ᠤᠩᠰᠢᠬᠤ ᠦᠭᠡᠢ ᠪᠣᠯ ᠤᠬᠠᠭᠠᠨ ᠠᠲᠠᠷᠰᠢᠨᠠ
ᠨᠣᠭᠣᠭ᠎ᠠ ᠤᠷᠭᠤᠬᠤ ᠦᠭᠡᠢ ᠪᠣᠯ ᠬᠥᠷᠥᠰᠥ ᠠᠲᠠᠷᠰᠢᠨᠠ
977 ᠨᠣᠮ ᠤᠳᠬ᠎ᠠ ᠲᠠᠢ
ᠨᠠᠰᠤ ᠲᠣᠭ᠎ᠠ ᠲᠠᠢ
978 ᠨᠣᠮ ᠳ᠋ᠤ᠌ ᠲᠤᠢᠯ ᠦᠭᠡᠢ
ᠣᠶᠤᠨ ᠳ᠋ᠤ᠌ ᠣᠷᠣᠢ ᠦᠭᠡᠢ
979 ᠨᠣᠮ ᠠ᠋ᠴᠠ ᠢᠯᠡᠭᠦᠦ ᠡᠷᠳᠡᠮ ᠦᠭᠡᠢ ᠪᠣᠯᠪᠠᠴᠤ
ᠰᠤᠷᠤᠭᠠᠳ ᠣᠮᠣᠭ ᠪᠤᠤ ᠡᠭᠦᠰᠭᠡ
980 ᠨᠣᠮ ᠠ᠋ᠴᠠ ᠰᠠᠯᠬᠤ ᠦᠭᠡᠢ ᠬᠥᠮᠦᠨ ᠦ᠌ ᠮᠡᠳᠡᠯᠭᠡ ᠶᠡᠬᠡ
ᠨᠣᠢᠷ ᠠ᠋ᠴᠠ ᠰᠠᠯᠬᠤ ᠦᠭᠡᠢ ᠬᠥᠮᠦᠨ ᠦ᠌ ᠵᠡᠭᠦᠳᠦ ᠶᠡᠬᠡ
981 ᠨᠣᠮᠣᠬᠠᠨ ᠠᠷᠠᠳ ᠢ᠋ ᠳᠠᠷᠤᠯᠠᠵᠤ
ᠨᠣᠶᠠᠳ ᠤ᠋ᠨ ᠪᠥᠭᠰᠡ ᠶ᠋ᠢ ᠳᠣᠯᠢᠶᠠᠬᠤ
982 ᠨᠣᠮᠣᠬᠠᠨ ᠮᠣᠷᠢᠨ ᠳ᠋ᠤ᠌ ᠨᠣᠭᠲᠣ ᠣᠯᠠᠨ
ᠳᠣᠭᠰᠢᠨ ᠮᠣᠷᠢᠨ ᠳ᠋ᠤ᠌ ᠲᠠᠰᠢᠭᠤᠷ ᠣᠯᠠᠨ
983 ᠨᠣᠮ ᠢ᠋ ᠨᠢ ᠰᠤᠷᠬᠤ ᠦᠭᠡᠢ ᠴᠤ᠌
ᠨᠣᠮᠣᠬᠠᠨ ᠢ᠋ ᠨᠢ ᠰᠤᠷ
984 ᠨᠣᠮ ᠢ᠋ ᠦᠵᠡᠵᠦ ᠪᠠᠷᠠᠳᠠᠭ ᠦᠭᠡᠢ
ᠠᠵᠢᠯ ᠢ᠋ ᠰᠤᠷᠴᠤ ᠭᠦᠢᠴᠡᠳᠡᠭ ᠦᠭᠡᠢ
985 ᠨᠣᠮ ᠤ᠋ᠨ ᠬᠥᠮᠦᠨ ᠨᠣᠮᠣᠬᠠᠨ ᠳᠠᠷᠤᠤ
ᠲᠥᠷᠥ ᠶ᠋ᠢᠨ ᠬᠥᠮᠦᠨ ᠲᠥᠯᠥᠪ ᠲᠦᠪᠰᠢᠨ
986 ᠨᠣᠮ ᠤ᠋ᠨ ᠬᠡᠯᠬᠢᠶ᠎ᠡ ᠡᠷᠳᠡᠮ
ᠨᠣᠶᠠᠨ ᠤ᠋ ᠬᠡᠯᠬᠢᠶ᠎ᠡ ᠵᠠᠰᠠᠭ
987 ᠨᠣᠬᠠᠳ ᠶᠠᠰᠤ ᠪᠤᠯᠢᠶᠠᠯᠳᠤᠳᠠᠭ
ᠨᠣᠶᠠᠳ ᠬᠡᠭᠡᠯᠢ ᠪᠤᠯᠢᠶᠠᠯᠳᠤᠳᠠᠭ
988 ᠨᠣᠬᠠᠢ ᠠᠯᠢ ᠲᠠᠭᠠᠷᠠᠯᠳᠤᠭᠰᠠᠨ ᠢ᠋ᠶ᠋ᠠᠨ ᠵᠠᠭᠤᠨ᠎ᠠ
ᠨᠣᠶᠠᠳ ᠠᠯᠢ ᠰᠢᠳᠤᠷᠭᠤ ᠪᠠᠨ ᠳᠠᠷᠤᠯᠠᠨᠠ
989 ᠨᠣᠬᠠᠢ ᠪᠠᠭᠠᠰᠤᠨ ᠳ᠋ᠤ᠌ ᠴᠠᠳᠬᠤ ᠦᠭᠡᠢ
ᠨᠣᠶᠠᠳ ᠬᠡᠭᠡᠯᠢ ᠳ᠋ᠦ᠍ ᠴᠠᠳᠬᠤ ᠦᠭᠡᠢ
990 ᠨᠣᠬᠠᠢ ᠰᠠᠢᠲᠤ ᠶ᠋ᠢᠨ ᠬᠣᠲᠠ ᠲᠠᠢᠪᠤᠩ
ᠨᠣᠶᠠᠳ ᠰᠠᠢᠲᠤ ᠶ᠋ᠢᠨ ᠠᠯᠪᠠᠲᠤ ᠪᠠᠷᠳᠠᠮ
991 ᠨᠣᠬᠠᠢ ᠰᠡᠭᠦᠯ ᠢ᠋ᠶ᠋ᠡᠨ
ᠰᠡᠭᠦᠯ ᠬᠣᠩᠭᠣᠷᠴᠠᠭ ᠢ᠋ᠶ᠋ᠠᠨ
992 ᠨᠣᠬᠠᠢ ᠬᠠᠮᠠᠷ ᠲᠠᠭᠠᠨ ᠬᠦᠷᠬᠦ ᠪᠡᠷ ᠤᠰᠤᠴᠢ
ᠬᠥᠮᠦᠨ ᠠᠮᠢᠨ ᠳ᠋ᠠᠭᠠᠨ ᠬᠦᠷᠬᠦ ᠪᠡᠷ ᠠᠷᠭᠠᠴᠢ
993 ᠨᠣᠬᠠᠢ ᠬᠣᠲᠠ ᠪᠠᠨ ᠮᠠᠨᠠᠳᠠᠭ
ᠨᠣᠶᠠᠨ ᠬᠣᠲᠠ ᠪᠠᠨ ᠮᠥᠯᠵᠢᠳᠡᠭ
994 ᠨᠣᠬᠠᠢ ᠬᠡᠨ ᠦ᠌ ᠬᠣᠭᠣᠯᠠ ᠶ᠋ᠢ ᠢᠳᠡᠪᠡᠯ
ᠲᠡᠭᠦᠨ ᠦ᠌ ᠬᠣᠲᠠ ᠶ᠋ᠢ ᠰᠠᠬᠢᠳᠠᠭ᠃
995 ᠨᠣᠬᠠᠢ ᠰᠢᠭ᠋ ᠬᠡᠷᠡᠭᠦᠯᠴᠢ
ᠵᠠᠷᠠᠭ᠎ᠠ ᠰᠢᠭ᠋ ᠬᠠᠷᠢᠶᠠᠯᠴᠢ
996 ᠨᠣᠬᠠᠢ ᠶᠠᠪᠠᠭᠠᠨ
ᠭᠠᠬᠠᠢ ᠨᠢᠴᠦᠭᠦᠨ
997 ᠨᠣᠬᠠᠢ ᠪᠠᠨ ᠥᠮᠥᠭᠡᠷᠡᠬᠦ ᠬᠥᠮᠦᠨ
ᠠᠢᠯ ᠲᠠᠢ ᠲᠠᠭᠠᠷᠠᠬᠤ ᠦᠭᠡᠢ
ᠬᠡᠦᠬᠡᠳ ᠢ᠋ᠶ᠋ᠡᠨ ᠥᠮᠥᠭᠡᠷᠡᠬᠦ ᠬᠥᠮᠦᠨ
ᠬᠥᠮᠦᠨ ᠲᠡᠢ ᠲᠠᠭᠠᠷᠠᠬᠤ ᠦᠭᠡᠢ
998 ᠨᠣᠬᠠᠢ ᠦᠭᠡᠢ ᠬᠣᠲᠠ ᠳᠦᠯᠡᠢ
ᠨᠣᠮ ᠦᠭᠡᠢ ᠬᠥᠮᠦᠨ ᠪᠠᠯᠠᠢ
999 ᠨᠣᠬᠠᠢ ᠳ᠋ᠤ᠌ ᠵᠢᠰᠤᠷ ᠦᠭᠡᠢ
ᠨᠣᠶᠠᠨ ᠳ᠋ᠤ᠌ ᠨᠢᠭᠤᠷ ᠦᠭᠡᠢ
1000 ᠨᠣᠬᠠᠢ ᠶ᠋ᠢᠨ ᠠᠮᠠ ᠨᠣᠭᠣᠭᠠᠨ ᠳ᠋ᠤ᠌ ᠡᠪ ᠦᠭᠡᠢ
ᠨᠣᠶᠠᠨ ᠤ᠋ ᠠᠮᠠ ᠶᠣᠰᠣᠨ ᠳ᠋ᠤ᠌ ᠡᠪ ᠦᠭᠡᠢ
1001 ᠨᠣᠬᠠᠢ ᠶ᠋ᠢᠨ ᠭᠡᠳᠡᠰᠦᠨ ᠳ᠋ᠦ᠍
ᠰᠢᠷ᠎ᠠ ᠲᠣᠰᠣ ᠲᠣᠭᠲᠠᠬᠤ ᠦᠭᠡᠢ
1002 ᠨᠣᠬᠠᠢ ᠶ᠋ᠢᠨ ᠴᠤᠭᠯᠠᠭᠠᠨ ᠶᠠᠰᠤᠨ ᠳᠡᠭᠡᠷ᠎ᠡ
ᠨᠣᠶᠠᠳ ᠤ᠋ᠨ ᠴᠤᠭᠯᠠᠭᠠᠨ ᠶᠠᠮᠤᠨ ᠳᠡᠭᠡᠷ᠎ᠡ
1003 ᠨᠣᠬᠠᠢ ᠲᠠᠢ ᠥᠰᠢᠶᠡᠷᠬᠡᠪᠡᠯ ᠬᠣᠷᠮᠣᠢ ᠦᠭᠡᠢ
ᠨᠣᠶᠠᠨ ᠲᠠᠢ ᠥᠰᠢᠶᠡᠷᠬᠡᠪᠡᠯ ᠲᠣᠯᠣᠭᠠᠢ ᠦᠭᠡᠢ
1004 ᠨᠣᠴᠣᠬᠤ ᠭᠠᠯ ᠥᠭᠡᠳᠡ ᠪᠦᠦ ᠣᠴᠢ
ᠨᠣᠷᠭᠠᠬᠤ ᠤᠰᠤ ᠤᠷᠤᠭᠤ ᠪᠦᠦ ᠣᠷᠣ
1005 ᠨᠣᠴᠣᠭᠰᠠᠨ ᠭᠠᠯ ᠤ᠋ᠨ ᠤᠲᠤᠭ᠎ᠠ ᠳᠡᠭᠡᠭᠰᠢ
ᠨᠣᠮᠣᠬᠠᠨ ᠬᠥᠮᠦᠨ ᠦ᠌ ᠵᠠᠩ ᠳᠣᠭᠣᠭᠰᠢ
1006 ᠨᠥᠮᠥᠷᠢ ᠦᠭᠡᠢ ᠪᠠᠭᠤᠴᠠᠨ ᠳ᠋ᠤ᠌ ᠡᠪᠦᠯᠵᠢᠪᠡᠯ
ᠮᠠᠯ ᠢ᠋ᠶ᠋ᠠᠨ ᠪᠠᠷᠠᠬᠤ ᠶ᠋ᠢᠨ ᠳᠣᠬᠢᠶ᠎ᠠ
1007 ᠨᠥᠮᠥᠷᠢ ᠦᠭᠡᠢ ᠮᠠᠯ ᠰᠢᠭᠤᠷᠭᠠᠨ ᠳ᠋ᠤ᠌ ᠲᠦᠪᠡᠭᠳᠡᠨ᠎ᠡ
ᠨᠥᠬᠥᠷ ᠦᠭᠡᠢ ᠬᠥᠮᠦᠨ ᠵᠣᠪᠠᠯᠠᠩ ᠳ᠋ᠤ᠌ ᠲᠦᠪᠡᠭᠳᠡᠨ᠎ᠡ
1008 ᠨᠥᠭᠡᠴᠡ ᠦᠭᠡᠢ ᠠᠢᠯ ᠭᠠᠴᠢᠭ ᠲᠤ ᠲᠦᠪᠡᠭᠳᠡᠨ᠎ᠡ
ᠨᠥᠬᠥᠭᠡᠰᠦ ᠦᠭᠡᠢ ᠡᠬᠡᠨᠡᠷ ᠦᠢᠯᠡ ᠳ᠋ᠦ᠍ ᠲᠦᠪᠡᠭᠳᠡᠨ᠎ᠡ
1009 ᠨᠥᠬᠥᠷ ᠰᠠᠢᠲᠠᠢ ᠬᠥᠮᠦᠨ
ᠨᠥᠮᠥᠷᠢ ᠰᠠᠢᠲᠠᠢ ᠭᠡᠷ
1010 ᠨᠥᠬᠥᠷ᠂ ᠬᠣᠣᠷᠲᠠᠨ ᠢ᠋ᠶ᠋ᠠᠨ
ᠬᠥᠮᠦᠨ ᠥᠪᠡᠷ ᠢ᠋ᠶ᠋ᠡᠨ ᠣᠯᠬᠤ
1011 ᠨᠥᠬᠥᠷ ᠦ᠋ᠨ ᠮᠠᠭᠤ ᠶ᠋ᠢ ᠬᠠᠷᠠᠬᠤ ᠪᠠᠷ
ᠥᠪᠡᠷ ᠦ᠋ᠨ ᠮᠠᠭᠤ ᠶ᠋ᠢ ᠬᠠᠷ᠎ᠠ
1012 ᠨᠥᠬᠥᠷ ᠦ᠋ᠨ ᠰᠠᠢᠨ ᠢ᠋ᠶ᠋ᠠᠷ ᠬᠥᠮᠦᠨ ᠥᠭᠡᠳᠡᠯᠡᠵᠦ
ᠨᠠᠭᠤᠷ ᠤ᠋ᠨ ᠰᠠᠢᠨ ᠢ᠋ᠶ᠋ᠠᠷ ᠵᠢᠭᠠᠰᠤ ᠠᠮᠢᠳᠤᠷᠠᠬᠤ
1013 ᠨᠤᠭᠤᠰᠤ ᠢᠳᠡᠪᠡᠯ
ᠨᠢᠰᠤᠬᠠᠢ ᠪᠣᠯᠳᠠᠭ
1014 ᠨᠤᠭᠤᠰᠤ ᠪᠠᠨ ᠭᠡᠪᠡᠯ ᠨᠠᠭᠤᠷ ᠢ᠋ᠶ᠋ᠠᠨ
ᠨᠤᠲᠤᠭ ᠢ᠋ᠶ᠋ᠠᠨ ᠭᠡᠪᠡᠯ ᠬᠥᠷᠥᠰᠥ ᠪᠡᠨ
1015 ᠨᠢᠯᠪᠤᠰᠤ ᠤᠨᠠᠭᠠᠬᠤ ᠪᠠᠷ
ᠨᠢᠳᠤᠷᠭ᠎ᠠ ᠵᠠᠩᠭᠢᠳ
1016 ᠨᠢᠯᠪᠤᠰᠤ ᠴᠠᠷ ᠢ᠋ᠶ᠋ᠠᠨ ᠪᠦᠦ ᠵᠠᠯᠭᠢ
ᠨᠢᠭᠤᠭᠰᠠᠨ ᠬᠡᠷᠡᠭ ᠢ᠋ᠶ᠋ᠡᠨ ᠪᠦᠦ ᠬᠡᠯᠡ
1017 ᠨᠤᠮᠤ ᠶ᠋ᠢᠨ ᠬᠥᠪᠴᠢ ᠨᠢ ᠰᠤᠯᠠ ᠪᠣᠯ
ᠰᠤᠮᠤ ᠶ᠋ᠢᠨ ᠲᠤᠰᠤᠯᠲᠠ ᠨᠢ ᠮᠠᠭᠤ
1018 ᠨᠢᠷᠤᠭᠤ ᠮᠠᠭᠤᠲᠠᠢ ᠮᠣᠷᠢ ᠰᠡᠭᠦᠯ ᠢ᠋ᠶ᠋ᠡᠨ ᠰᠢᠷᠪᠠᠬᠤ
ᠨᠤᠭᠤᠰᠤ ᠮᠠᠭᠤᠲᠠᠢ ᠬᠠᠭᠠᠯᠭ᠎ᠠ ᠭᠡᠳᠡᠷᠭᠦ ᠪᠡᠨ ᠰᠠᠪᠠᠬᠤ
1019 ᠨᠤᠲᠤᠭ ᠢ᠋ᠶ᠋ᠠᠨ ᠰᠠᠨᠠᠭᠰᠠᠨ ᠬᠥᠪᠡᠭᠦᠨ
ᠨᠠᠭᠤᠷ ᠢ᠋ᠶ᠋ᠠᠨ ᠰᠠᠨᠠᠭᠰᠠᠨ ᠨᠤᠭᠤᠰᠤ
1020 ᠨᠤᠲᠤᠭ ᠤ᠋ᠨ ᠰᠢᠷᠣᠢ ᠠᠯᠲᠠ
ᠨᠠᠭᠤᠷ ᠤ᠋ᠨ ᠤᠰᠤ ᠷᠠᠰᠢᠶᠠᠨ
1021 ᠨᠢᠭᠤᠪᠠᠴᠤ ᠨᠢᠷᠤᠭᠤ ᠨᠢ ᠢᠯᠡᠬᠡᠨ
ᠳᠠᠯᠳᠠᠯᠠᠪᠠᠴᠤ ᠳᠠᠯᠤ ᠨᠢ ᠢᠯᠡᠬᠡᠨ
1022 ᠨᠢᠭᠤᠵᠤ ᠬᠡᠯᠡᠭᠰᠡᠨ ᠦᠭᠡ
ᠨᠤᠲᠤᠭ ᠳᠠᠶᠠᠭᠠᠷ ᠲᠠᠷᠬᠠᠬᠤ
1023 ᠨᠠᠭᠤᠷ ᠠᠮᠤᠷ ᠪᠣᠯ
ᠨᠤᠭᠤᠰᠤ ᠠᠮᠤᠷ
1024 ᠨᠠᠭᠤᠷ ᠬᠡᠳᠦᠢ ᠶᠡᠬᠡ ᠪᠣᠯᠪᠠᠴᠤ
ᠡᠷᠭᠢ ᠪᠡᠨ ᠳᠠᠪᠠᠬᠤ ᠦᠭᠡᠢ
ᠨᠤᠮᠤ ᠬᠡᠳᠦᠢ ᠬᠦᠴᠦᠲᠡᠢ ᠪᠣᠯᠪᠠᠴᠤ
ᠬᠥᠪᠴᠢ ᠪᠡᠨ ᠲᠠᠰᠤᠯᠬᠤ ᠦᠭᠡᠢ
1025 ᠨᠠᠭᠤᠷ ᠰᠢᠷᠭᠢᠪᠡᠯ
ᠵᠢᠭᠠᠰᠤ ᠬᠠᠲᠠᠬᠤ
1026 ᠨᠠᠭᠤᠷ ᠲᠤ ᠤᠷᠭᠤᠭᠰᠠᠨ ᠬᠤᠯᠤᠰᠤ ᠰᠠᠢᠬᠠᠨ
ᠨᠤᠲᠤᠭᠯᠠᠵᠤ ᠵᠠᠩᠰᠢᠭᠰᠠᠨ ᠭᠠᠵᠠᠷ ᠰᠠᠢᠬᠠᠨ
1027 ᠨᠠᠭᠤᠷ ᠤ᠋ᠨ ᠲᠤᠩᠭᠠᠯᠠᠭ ᠲᠤ ᠨᠤᠭᠤᠰᠤ ᠵᠢᠭᠠᠰᠤ
ᠨᠠᠢᠷ ᠤ᠋ᠨ ᠰᠠᠢᠬᠠᠨ ᠳ᠋ᠤ᠌ ᠨᠠᠰᠤᠲᠠᠨ ᠪᠤᠭᠤᠷᠤᠯ
1028 ᠨᠠᠭᠤᠷ ᠤ᠋ᠨ ᠴᠢᠮᠡᠭ ᠨᠤᠭᠤᠰᠤ
ᠨᠤᠲᠤᠭ ᠤ᠋ᠨ ᠴᠢᠮᠡᠭ ᠪᠠᠢᠭᠠᠯᠢ
1029 ᠨᠢᠭᠤᠬᠤ ᠦᠭᠡ ᠶ᠋ᠢ
ᠨᠠᠮᠤᠭ ᠤ᠋ᠨ ᠮᠡᠯᠡᠬᠡᠢ ᠳ᠋ᠦ᠍ ᠴᠤ᠌ ᠪᠦᠦ ᠬᠡᠯᠡ
1030 ᠨᠤᠤᠬ᠎ᠠ ᠶ᠋ᠢ ᠨᠢ ᠠᠪᠬᠤ ᠭᠡᠳ
ᠨᠢᠳᠦ ᠶ᠋ᠢ ᠨᠢ ᠰᠣᠬᠣᠯᠬᠤ
1031 ᠨᠢᠭᠤᠴᠠ ᠬᠡᠷᠡᠭ ᠵᠠᠳᠠᠷᠠᠬᠤ ᠳ᠋ᠤ᠌ ᠲᠦᠷᠭᠡᠨ
ᠨᠢᠮᠭᠡᠨ ᠴᠠᠰᠤ ᠬᠠᠢᠯᠬᠤ ᠳ᠋ᠤ᠌ ᠬᠤᠷᠳᠤᠨ
1032 ᠨᠢᠭᠦᠯ ᠨᠢ ᠨᠢᠳᠦ ᠪᠡᠷ ᠢ᠋ᠶ᠋ᠡᠨ
ᠵᠦᠬᠡᠯ ᠨᠢ ᠦᠭᠡ ᠪᠡᠷ ᠢ᠋ᠶ᠋ᠡᠨ
1033 ᠨᠢᠭᠦᠯ ᠬᠢᠪᠡᠯ ᠵᠣᠪᠠᠯ ᠦᠵᠡᠨ᠎ᠡ
ᠬᠤᠯᠠᠭᠠᠢ ᠬᠢᠪᠡᠯ ᠲᠠᠰᠢᠭᠤᠷ ᠦᠵᠡᠨ᠎ᠡ
1034 ᠨᠢᠭᠦᠯ ᠬᠢᠵᠦ ᠪᠠᠶᠠᠵᠢᠭᠰᠠᠨ ᠠ᠋ᠴᠠ
ᠨᠢᠴᠦᠭᠦᠨ ᠶᠠᠪᠤᠭᠰᠠᠨ ᠨᠢ ᠳᠡᠭᠡᠷ᠎ᠡ
1035 ᠨᠢᠭᠦᠯ ᠦᠭᠡᠢ ᠪᠠᠶᠠᠨ ᠡᠵᠡᠨ ᠢ᠋ᠶ᠋ᠡᠨ ᠣᠯᠤᠨ᠎ᠠ
ᠨᠢᠳᠦ ᠦᠭᠡᠢ ᠰᠢᠷᠭᠤᠯᠵᠢ ᠨᠦᠬᠡ ᠪᠡᠨ ᠣᠯᠤᠨ᠎ᠠ
1036 ᠨᠢᠭᠦᠯ ᠦ᠋ᠨ ᠨᠢᠳᠦ ᠶ᠋ᠢ
ᠴᠠᠭᠠᠰᠤ ᠪᠠᠷ ᠬᠠᠭᠤᠷᠬᠤ
1037 ᠨᠢᠭᠦᠯ ᠦ᠋ᠨ ᠡᠷᠬᠡ ᠪᠡᠷ ᠲᠠᠮᠤ ᠳ᠋ᠤ᠌ ᠤᠨᠠᠵᠤ
ᠨᠥᠬᠥᠷ ᠦ᠋ᠨ ᠡᠷᠬᠡ ᠪᠡᠷ ᠬᠤᠯᠠᠭᠠᠢᠴᠢ ᠪᠣᠯᠬᠤ
1038 ᠨᠢᠳᠦ ᠪᠠᠢᠭᠠᠳ ᠰᠣᠬᠣᠷ
ᠴᠢᠬᠢ ᠪᠠᠢᠭᠠᠳ ᠳᠦᠯᠡᠢ
1039 ᠨᠢᠳᠦ ᠭᠡᠳᠡᠭ ᠰᠡᠳᠬᠢᠯ ᠦ᠋ᠨ ᠲᠣᠯᠢ
ᠵᠢᠰᠦ ᠭᠡᠳᠡᠭ ᠪᠡᠶ᠎ᠡ ᠶ᠋ᠢᠨ ᠲᠣᠯᠢ
1040 ᠨᠢᠳᠦ ᠤᠯᠠᠭᠠᠨ
ᠮᠥᠩᠭᠥ ᠴᠠᠭᠠᠨ
1041 ᠨᠢᠳᠦ ᠬᠤᠷᠴᠠ ᠬᠥᠮᠦᠨ ᠪᠠᠴᠢᠮᠳᠠᠬᠤ ᠦᠭᠡᠢ
ᠭᠠᠷ ᠪᠣᠰᠢᠭᠣ ᠬᠥᠮᠦᠨ ᠬᠣᠵᠢᠮᠳᠠᠬᠤ ᠦᠭᠡᠢ
1042 ᠨᠢᠳᠦ ᠬᠡᠳᠦᠢ ᠶᠡᠬᠡ ᠶ᠋ᠢ ᠦᠵᠡᠪᠡᠴᠦ
ᠭᠡᠷ ᠢ᠋ ᠨᠡᠪᠲᠡ ᠬᠠᠷᠠᠳᠠᠭ ᠦᠭᠡᠢ
ᠴᠢᠬᠢ ᠬᠡᠳᠦᠢ ᠬᠣᠯᠠ ᠶ᠋ᠢ ᠳᠣᠭᠣᠯᠪᠠᠴᠤ
ᠠᠢᠯ ᠢ᠋ ᠨᠡᠪᠲᠡ ᠰᠣᠨᠣᠰᠬᠤ ᠦᠭᠡᠢ
1043 ᠨᠢᠳᠦ ᠦᠭᠡᠢ ᠪᠠᠭᠰᠢ ᠠ᠋ᠴᠠ
ᠰᠢᠳᠦ ᠦᠭᠡᠢ ᠱᠠᠪᠢ
1044 ᠨᠢᠳᠦ ᠦᠭᠡᠢ ᠪᠣᠯ ᠵᠠᠮ ᠬᠠᠷᠠᠩᠭᠤᠢ
ᠨᠠᠷᠠ ᠦᠭᠡᠢ ᠪᠣᠯ ᠡᠳᠦᠷ ᠬᠠᠷᠠᠩᠭᠤᠢ
1045 ᠨᠢᠳᠦᠨ ᠳ᠋ᠦ᠍ ᠣᠷᠣᠭᠰᠠᠨ ᠬᠣᠭ
ᠰᠢᠳᠦᠨ ᠳ᠋ᠦ᠍ ᠣᠷᠣᠭᠰᠠᠨ ᠮᠢᠬ᠎ᠠ
1046 ᠨᠡᠭᠦᠳᠡᠯ ᠦ᠋ᠨ ᠰᠢᠪᠠᠭᠤ ᠵᠠᠮ ᠢ᠋ᠶ᠋ᠠᠨ ᠮᠡᠳᠡᠳᠡᠭ
ᠨᠢᠯᠬ᠎ᠠ ᠤᠨᠠᠭ᠎ᠠ ᠡᠬᠡ ᠪᠡᠨ ᠲᠠᠨᠢᠳᠠᠭ
1047 ᠨᠡᠭᠦᠳᠡᠯ ᠢ᠋ᠶ᠋ᠡᠷ ᠵᠤᠰᠠᠪᠠᠯ ᠰᠡᠷᠢᠭᠦᠨ
ᠰᠠᠭᠤᠳᠠᠯ ᠢ᠋ᠶ᠋ᠠᠷ ᠡᠪᠦᠯᠵᠢᠪᠡᠯ ᠳᠤᠯᠠᠭᠠᠨ
1048 ᠨᠡᠭᠦᠳᠡᠯᠯᠡᠬᠦ ᠳ᠋ᠦ᠍ ᠬᠥᠰᠬᠡ ᠬᠡᠷᠡᠭ ᠲᠡᠢ
ᠨᠥᠬᠥᠷᠯᠡᠬᠦ ᠳ᠋ᠦ᠍ ᠠᠨᠳᠠ ᠬᠡᠷᠡᠭ ᠲᠡᠢ
1049 ᠨᠢᠭᠤᠷ ᠪᠥᠬᠡ ᠨᠣᠶᠠᠳ
ᠨᠤᠲᠤᠭ ᠢ᠋ᠶ᠋ᠠᠨ ᠬᠠᠷᠠᠯᠠᠭᠤᠯᠬᠤ
1050 ᠨᠢᠭᠤᠷ ᠥᠭᠬᠦ ᠳ᠋ᠦ᠍
ᠪᠥᠭᠰᠡ ᠥᠭᠬᠦ
1051 ᠨᠢᠭᠤᠷ ᠦᠵᠡᠪᠡᠯ ᠪᠢᠯᠳᠠᠤᠴᠢᠯᠠᠬᠤ
ᠨᠦᠬᠡ ᠦᠵᠡᠪᠡᠯ ᠰᠢᠷᠭᠤᠬᠤ
1052 ᠨᠢᠭᠤᠷ ᠤ᠋ᠨ ᠬᠦ ᠤᠬᠢᠶᠠᠪᠠᠯ ᠠᠷᠢᠯᠤᠨ᠎ᠠ
ᠨᠢᠭᠦᠯ ᠦ᠋ᠨ ᠬᠦ ᠦᠬᠦᠪᠡᠴᠦ ᠠᠷᠢᠯᠬᠤ ᠦᠭᠡᠢ
1053 ᠨᠡᠭᠦᠷᠡᠰᠦ ᠪᠠᠷᠢᠳᠠᠭ ᠬᠥᠮᠦᠨ ᠦ᠌
ᠭᠠᠷ ᠨᠢ ᠬᠠᠷ᠎ᠠ
ᠨᠢᠭᠦᠯ ᠶᠡᠬᠡᠲᠡᠢ ᠬᠥᠮᠦᠨ ᠦ᠌
ᠶᠠᠰᠤ ᠨᠢ ᠬᠠᠷ᠎ᠠ
1054 ᠨᠡᠭᠦᠷᠡᠰᠦ ᠬᠠᠷ᠎ᠠ ᠪᠣᠯᠪᠠᠴᠤ
ᠢᠯᠴᠢ ᠪᠡᠷ ᠢ᠋ᠶ᠋ᠡᠨ ᠳᠤᠯᠠᠭᠠᠴᠠᠭᠤᠯᠳᠠᠭ
ᠨᠡᠬᠡᠢ ᠰᠢᠷᠦᠭᠦᠨ ᠪᠣᠯᠪᠠᠴᠤ
ᠬᠦᠢᠲᠡᠨ ᠢ ᠬᠠᠯᠬᠠᠯᠠᠳᠠᠭ
1055 ᠨᠡᠭᠦᠷᠡᠰᠦ ᠶ᠋ᠢ ᠵᠦᠯᠭᠦᠭᠡᠳ ᠥᠩᠭᠡ ᠭᠠᠷᠬᠤ ᠦᠭᠡᠢ
ᠨᠢᠭᠦᠯᠲᠡᠨ ᠢ ᠲᠡᠳᠬᠦᠭᠡᠳ ᠪᠤᠶᠠᠨ ᠪᠣᠯᠬᠤ ᠦᠭᠡᠢ
1056 ᠨᠢᠭᠤᠷ ᠤ᠋ᠨ ᠳᠡᠭᠡᠷ᠎ᠡ ᠨᠢ ᠢᠷᠥᠭᠡᠵᠦ
ᠨᠢᠳᠦᠨ ᠡᠴᠡ ᠳᠠᠯᠳᠠ ᠬᠠᠷᠢᠶᠠᠬᠤ
1057 ᠨᠢᠭᠤᠷ ᠢ᠋ᠶ᠋ᠠᠨ ᠪᠠᠷᠠᠭᠰᠠᠨ ᠬᠥᠮᠦᠨ
ᠨᠢᠳᠦ ᠪᠡᠨ ᠠᠨᠢᠪᠴᠢᠬᠤ ᠨᠢ ᠣᠯᠠᠨ
1058 ᠨᠡᠭᠦᠬᠦ ᠶ᠋ᠢᠨ ᠡᠮᠦᠨ᠎ᠡ ᠪᠡᠯᠴᠢᠭᠡᠷ ᠢ᠋ᠶ᠋ᠡᠨ
ᠪᠠᠭᠤᠬᠤ ᠶ᠋ᠢᠨ ᠡᠮᠦᠨ᠎ᠡ ᠪᠠᠭᠤᠷᠢ ᠪᠠᠨ
1059 ᠨᠢᠴᠦᠭᠦᠨ ᠭᠠᠵᠠᠷ ᠤ᠋ᠨ ᠰᠠᠯᠬᠢ ᠶᠡᠬᠡ
ᠨᠢᠮᠭᠡᠨ ᠬᠥᠷᠥᠰᠥᠨ ᠦ᠌ ᠲᠣᠭᠣᠰᠣ ᠶᠡᠬᠡ
1060 ᠨᠢᠭᠡ ᠪᠦᠳᠦᠷᠢᠪᠡᠯ
ᠳᠣᠯᠣᠭ᠎ᠠ ᠪᠦᠳᠦᠷᠢᠬᠦ
1061 ᠨᠢᠭᠡ ᠵᠢᠯ ᠦ᠋ᠨ ᠰᠠᠢᠨ ᠨᠢ ᠨᠠᠮᠤᠷ ᠲᠠᠭᠠᠨ
ᠨᠢᠭᠡ ᠨᠠᠰᠤᠨ ᠤ᠋ ᠰᠠᠢᠨ ᠨᠢ ᠵᠠᠯᠠᠭᠤ ᠳ᠋ᠠᠭᠠᠨ
1062 ᠨᠢᠭᠡ ᠨᠠᠮᠤᠷ ᠭᠤᠷᠪᠠᠨ ᠬᠠᠪᠤᠷ ᠡᠴᠡ ᠢᠯᠡᠭᠦᠦ ᠦᠨ᠎ᠡ ᠲᠡᠢ
ᠨᠢᠭᠡ ᠬᠥᠮᠦᠨ ᠭᠤᠷᠪᠠᠨ ᠦᠬᠡᠷ ᠡᠴᠡ ᠢᠯᠡᠭᠦᠦ ᠴᠢᠳᠠᠯ ᠲᠠᠢ
1063 ᠨᠢᠭᠡ ᠨᠢ ᠨᠡᠢᠲᠡ ᠶ᠋ᠢᠨ ᠲᠥᠯᠥᠭᠡ
ᠨᠡᠢᠲᠡ ᠨᠢ ᠨᠢᠭᠡ ᠶ᠋ᠢᠨ ᠲᠥᠯᠥᠭᠡ
1064 ᠨᠢᠭᠡ ᠡᠳᠦᠷ ᠲᠠᠨᠢᠯᠴᠠᠵᠤ
ᠮᠢᠩᠭᠠᠨ ᠡᠳᠦᠷ ᠨᠥᠬᠥᠷᠯᠡᠯᠴᠡᠨᠡ
1065 ᠨᠢᠭᠡ ᠰᠤᠮᠤ ᠪᠠᠷ
ᠬᠣᠶᠠᠷ ᠲᠠᠤᠯᠠᠢ ᠫᠤᠤᠳᠠᠬᠤ
1066 ᠨᠢᠭᠡ ᠲᠡᠮᠡᠭᠡᠨ ᠦ᠌ ᠬᠣᠷᠭᠣᠯ ᠳ᠋ᠤ᠌
ᠮᠢᠩᠭᠠᠨ ᠲᠡᠮᠡᠭᠡ ᠬᠠᠯᠲᠤᠷᠢᠬᠤ
1067 ᠨᠢᠭᠡ ᠦᠬᠡᠷ ᠦ᠋ᠨ ᠡᠪᠡᠷ ᠢ᠋ ᠳᠡᠯᠡᠰᠬᠦ ᠳ᠋ᠦ᠍
ᠮᠢᠩᠭᠠᠨ ᠦᠬᠡᠷ ᠦ᠋ᠨ ᠡᠪᠡᠷ ᠳᠣᠷᠭᠢᠨ᠎ᠠ
1068 ᠨᠢᠭᠡ ᠬᠤᠳᠠᠯᠴᠢ
ᠨᠥᠭᠦᠭᠡ ᠬᠤᠳᠠᠯᠴᠢ ᠳ᠋ᠠᠭᠠᠨ ᠢᠲᠡᠭᠡᠳᠡᠭ ᠦᠭᠡᠢ
1069 ᠨᠢᠭᠡ ᠬᠤᠷᠤᠭᠤ ᠶ᠋ᠢ ᠬᠠᠵᠠᠪᠠᠯ
ᠪᠦᠬᠦ ᠪᠡᠶ᠎ᠡ ᠡᠪᠡᠳᠬᠦ
1070 ᠨᠢᠭᠡ ᠴᠠᠭ ᠤ᠋ᠨ ᠡᠨᠳᠡᠭᠦᠷᠡᠯ ᠡᠴᠡ
ᠨᠢᠭᠡ ᠨᠠᠰᠤᠨ ᠤ᠋ ᠭᠡᠮᠰᠢᠯ ᠪᠣᠯᠬᠤ
1071 ᠨᠢᠭᠡ ᠴᠢᠬᠢ ᠪᠡᠷ ᠢ᠋ᠶ᠋ᠡᠨ ᠳᠤᠭᠤᠯᠤᠭᠠᠳ
ᠨᠥᠭᠦᠭᠡ ᠴᠢᠬᠢ ᠪᠡᠷ ᠢ᠋ᠶ᠋ᠡᠨ ᠭᠠᠷᠭᠠᠬᠤ
1072 ᠨᠢᠭᠡ ᠡᠬᠡ ᠡᠴᠡ ᠴᠤᠪᠤᠵᠤ ᠲᠥᠷᠥᠭᠡᠳ
ᠨᠢᠭᠡ ᠭᠡᠷ ᠲᠦ᠍ ᠪᠠᠭᠲᠠᠬᠤ ᠦᠭᠡᠢ
1073 ᠨᠢᠭᠡ ᠳ᠋ᠦ᠍ ᠳᠤᠷᠠᠯᠠᠪᠠᠯ ᠵᠢᠷᠭᠠᠯ
ᠨᠡᠮᠡᠵᠦ ᠳᠤᠷᠠᠯᠠᠪᠠᠯ ᠵᠣᠪᠠᠯᠠᠩ
1074 ᠨᠢᠭᠡ ᠶ᠋ᠢ ᠮᠡᠳᠡᠪᠡᠯ
ᠨᠡᠮᠡᠭᠡᠳ ᠬᠣᠶᠠᠷ ᠢ᠋ ᠮᠡᠳᠡᠬᠦ
1075 ᠨᠢᠭᠡ ᠶ᠋ᠢ ᠣᠯᠪᠠᠯ ᠠᠷᠪᠠ ᠶ᠋ᠢ ᠣᠯᠤᠨ᠎ᠠ
ᠨᠢᠭᠡ ᠶ᠋ᠢ ᠠᠯᠳᠠᠪᠠᠯ ᠠᠷᠪᠠ ᠶ᠋ᠢ ᠠᠯᠳᠠᠨ᠎ᠠ
1076 ᠨᠡᠷ᠎ᠡ ᠣᠯᠬᠤ ᠨᠠᠰᠤᠨ ᠤ᠋ ᠬᠢ
ᠨᠡᠷ᠎ᠡ ᠬᠤᠭᠤᠷᠠᠬᠤ ᠡᠳᠦᠷ ᠦ᠋ᠨ ᠬᠢ
1077 ᠨᠡᠷ᠎ᠡ ᠨᠢᠭᠡᠲᠦ ᠶ᠋ᠢᠨ ᠴᠢᠬᠢ ᠨᠢᠭᠡ
ᠨᠢᠭᠦᠯ ᠶᠡᠬᠡᠲᠦ ᠶ᠋ᠢᠨ ᠲᠠᠮᠤ ᠨᠢᠭᠡ
1078 ᠨᠡᠷ᠎ᠡ ᠬᠤᠭᠤᠷᠠᠬᠤ ᠪᠠᠷ
ᠶᠠᠰᠤ ᠬᠤᠭᠤᠷᠠ
1079 ᠨᠡᠷ᠎ᠡ ᠦᠭᠡᠢ ᠵᠤᠨ᠂ ᠵᠤᠨ ᠪᠢᠰᠢ
ᠨᠠᠷᠭᠢᠶᠠᠨ ᠦᠭᠡᠢ ᠨᠠᠢᠷ᠂ ᠨᠠᠢᠷ ᠪᠢᠰᠢ
1080 ᠨᠡᠷ᠎ᠡ ᠶ᠋ᠢ ᠵᠠᠯᠠᠭᠤ ᠠ᠋ᠴᠠ ᠨᠢ
ᠠᠵᠢᠯ ᠢ᠋ ᠪᠠᠭ᠎ᠠ ᠠ᠋ᠴᠠ ᠨᠢ
1081 ᠨᠡᠷᠡᠯᠬᠡᠦ ᠬᠥᠮᠦᠨ ᠳ᠋ᠦ᠍ ᠬᠣᠭᠣᠯᠠ ᠦᠭᠡᠢ
ᠨᠠᠷᠢᠨ ᠬᠥᠮᠦᠨ ᠳ᠋ᠦ᠍ ᠨᠥᠬᠥᠷ ᠦᠭᠡᠢ
1082 ᠨᠡᠷᠡᠯᠬᠡᠭᠡᠳ ᠨᠡᠷ᠎ᠡ ᠪᠡᠨ ᠢᠳᠡᠬᠦ ᠦᠭᠡᠢ
ᠬᠠᠷᠢᠭᠠᠳ ᠭᠡᠷ ᠢ᠋ᠶ᠋ᠡᠨ ᠢᠳᠡᠬᠦ ᠦᠭᠡᠢ
1083 ᠨᠡᠷ᠎ᠡ ᠪᠡᠨ ᠪᠠᠷᠠᠭᠰᠠᠨ ᠠ᠋ᠴᠠ
ᠨᠠᠰᠤ ᠪᠠᠨ ᠪᠠᠷᠠᠭᠰᠠᠨ ᠨᠢ ᠳᠡᠭᠡᠷ᠎ᠡ
1084 ᠨᠡᠷ᠎ᠡ ᠪᠡᠨ ᠪᠣᠳᠣᠵᠤ ᠶᠠᠪᠤ
ᠪᠢᠷ᠎ᠠ ᠪᠠᠨ ᠮᠡᠳᠡᠵᠦ ᠠᠭᠠᠰᠢᠯᠠ
1085 ᠨᠡᠷ᠎ᠡ ᠪᠡᠨ ᠪᠤᠤ ᠭᠡᠭᠡ
ᠬᠦᠨᠳᠦ ᠪᠡᠨ ᠪᠤᠤ ᠠᠯᠲᠠ
1086 ᠨᠡᠷ᠎ᠡ ᠪᠡᠨ ᠪᠣᠳᠣᠪᠠᠯ ᠬᠢᠴᠢᠶᠡᠵᠦ ᠶᠠᠪᠤ
ᠨᠢᠭᠤᠷ ᠢ᠋ᠶ᠋ᠠᠨ ᠪᠣᠳᠣᠪᠠᠯ ᠤᠬᠢᠶᠠᠵᠤ ᠶᠠᠪᠤ
1087 ᠨᠢᠯᠬ᠎ᠠ ᠨᠣᠭᠣᠭᠠᠨ ᠳ᠋ᠤ᠌ ᠬᠤᠷ᠎ᠠ ᠬᠡᠷᠡᠭ ᠲᠡᠢ
ᠨᠢᠯᠬ᠎ᠠ ᠬᠡᠦᠬᠡᠳ ᠲᠦ᠍ ᠰᠤᠷᠭᠠᠯ ᠬᠡᠷᠡᠭ ᠲᠡᠢ
1088 ᠨᠢᠯᠠᠭᠠᠨᠠᠭᠤᠷ ᠵᠠᠩ ᠨᠡᠷ᠎ᠡ ᠪᠠᠷᠠᠨ᠎ᠠ
ᠨᠢᠯᠤᠭᠤᠨ ᠬᠥᠮᠦᠨ ᠴᠠᠭ ᠪᠠᠷᠠᠨ᠎ᠠ