ᠮᠣᠩᠭᠣᠯ ᠵᠦᠢᠷ ᠰᠡᠴᠡᠨ ᠦᠭᠡ ᠶ᠋ᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠣ ᠶ᠋ᠢᠨ ᠠᠢᠮᠠᠭ >
2026-06-06
ᠣᠩᠱᠢᠭ᠍ᠰᠠᠨ ᠣᠳᠠᠭ᠎ᠠ᠄
– ᠣ 4(О) –
 

1089 ᠣᠪᠣᠭ᠎ᠠ ᠪᠤᠰᠬᠠᠭ᠎ᠠ ᠦᠭᠡᠢ ᠪᠣᠯ

ᠱᠠᠭᠠᠵᠠᠭᠠᠢ ᠬᠠᠮᠢᠭ᠎ᠠ ᠠ᠋ᠴᠠ ᠰᠠᠭᠤᠬᠤ ᠪᠣᠢ
 
1090 ᠣᠪᠣᠯᠵᠠᠭᠤᠷ ᠬᠥᠮᠦᠨ ᠢ᠋ ᠵᠢᠭᠰᠢᠭᠴᠢ ᠣᠯᠠᠨ
ᠣᠮᠣᠷᠬᠠᠭ ᠬᠥᠮᠦᠨ ᠢ᠋ ᠬᠠᠷᠢᠶᠠᠭᠴᠢ ᠣᠯᠠᠨ
 
1091 ᠣᠭᠣᠲᠣᠨ᠎ᠠ ᠰᠢᠭ᠋ ᠬᠡᠳᠡᠷ
ᠬᠡᠷᠢᠶ᠎ᠡ ᠰᠢᠭ ᠬᠡᠷᠡᠭᠦᠯᠴᠢ
 
1092 ᠣᠭᠲᠠᠷᠭᠤᠢ ᠶ᠋ᠢᠨ ᠮᠥᠨᠳᠥᠷ ᠭᠡᠷ ᠲᠤ ᠰᠢᠷᠦᠭᠦᠨ
ᠥᠨᠥᠴᠢᠨ ᠬᠥᠮᠦᠨ ᠳ᠋ᠦ᠍ ᠨᠣᠶᠠᠨ ᠰᠢᠷᠦᠭᠦᠨ
 
1093 ᠣᠭᠲᠠᠷᠭᠤᠢ ᠶ᠋ᠢᠨ ᠨᠠᠷᠠ ᠰᠢᠩᠭᠡᠳᠡᠭ
ᠣᠷᠣᠢ ᠶ᠋ᠢᠨ ᠸᠴᠢᠷ ᠰᠢᠯᠵᠢᠳᠡᠭ
 
1094 ᠣᠭᠲᠠᠷᠭᠤᠢ ᠶ᠋ᠢᠨ ᠰᠠᠯᠬᠢ ᠣᠭᠣᠰᠣᠷ ᠦᠭᠡᠢ
ᠣᠷᠴᠢᠯᠠᠩ ᠤ᠋ᠨ ᠬᠥᠮᠦᠨ ᠮᠥᠩᠬᠡ ᠦᠭᠡᠢ
 
1095 ᠣᠭᠲᠠᠷᠭᠤᠢ ᠶ᠋ᠢᠨ ᠰᠣᠯᠣᠩᠭ᠎ᠠ ᠶ᠋ᠢ ᠠᠳᠬᠤᠵᠤ ᠴᠢᠳᠠᠬᠤ ᠦᠭᠡᠢ
ᠣᠯᠠᠨ ᠤ᠋ ᠠᠮᠠ ᠶ᠋ᠢ ᠪᠢᠲᠡᠭᠦᠯᠡᠵᠦ ᠴᠢᠳᠠᠬᠤ ᠦᠭᠡᠢ
 
1096 ᠣᠳᠣ ᠭᠠᠷᠪᠠᠯ ᠣᠭᠲᠠᠷᠭᠤᠢ ᠶ᠋ᠢᠨ ᠴᠢᠮᠡᠭ
ᠣᠯᠠᠨ ᠮᠡᠷᠭᠡᠨ ᠴᠤᠭᠯᠠᠪᠠᠯ ᠣᠶᠤᠨ ᠤ᠋ ᠴᠢᠮᠡᠭ
 
1097 ᠣᠳᠣ ᠲᠩᠷᠢ ᠶ᠋ᠢᠨ ᠴᠢᠮᠡᠭ
ᠮᠣᠳᠣ ᠭᠠᠵᠠᠷ ᠤ᠋ᠨ ᠴᠢᠮᠡᠭ
 
1098 ᠣᠶᠣᠳᠠᠯ ᠣᠶᠣᠬᠤ ᠳ᠋ᠤ᠌ ᠵᠡᠭᠦᠦ ᠬᠡᠷᠡᠭ ᠲᠡᠢ
ᠣᠯᠠᠨ ᠢ᠋ ᠳᠠᠢᠴᠢᠯᠠᠬᠤ ᠳ᠋ᠤ᠌ ᠠᠷᠭ᠎ᠠ ᠬᠡᠷᠡᠭ ᠲᠡᠢ
 
1099 ᠣᠶᠣᠳᠠᠯ ᠦᠭᠡᠢ ᠡᠮ᠎ᠡ ᠤᠲᠠᠰᠤ ᠦᠷᠡᠬᠦ
ᠤᠩᠰᠢᠯᠭ᠎ᠠ ᠦᠭᠡᠢ ᠯᠠᠮᠠ ᠣᠯᠪᠣᠭ ᠡᠯᠡᠭᠡᠬᠦ
 
1100 ᠣᠶᠣᠭᠰᠠᠭᠠᠷ ᠣᠶᠣᠭᠰᠠᠭᠠᠷ ᠤᠷᠠᠨ ᠪᠣᠯᠳᠠᠭ
ᠣᠷᠣᠯᠳᠣᠭᠰᠠᠭᠠᠷ ᠣᠷᠣᠯᠳᠣᠭᠰᠠᠭᠠᠷ ᠳᠠᠷᠬᠠᠨ ᠪᠣᠯᠳᠠᠭ
 
1101 ᠣᠢ ᠰᠢᠭᠢᠭᠦᠦ ᠳ᠋ᠦ᠍ ᠠᠭᠤᠯᠠ ᠰᠦᠷᠯᠢᠭ
ᠤᠰᠤ ᠭᠦᠨ ᠳ᠋ᠦ᠍ ᠨᠠᠭᠤᠷ ᠲᠤᠩᠭᠠᠯᠠᠭ
 
1102 ᠣᠢ ᠮᠣᠳᠣ ᠤᠷᠲᠤ ᠲᠠᠢ ᠪᠣᠭᠣᠨᠢ ᠲᠠᠢ
ᠣᠯᠠᠨ ᠬᠥᠮᠦᠨ ᠰᠠᠢᠨ ᠲᠠᠢ ᠮᠠᠭᠤ ᠲᠠᠢ
 
1103 ᠣᠢ ᠮᠣᠳᠣᠨ ᠤ᠋ ᠥᠨᠳᠥᠷ ᠨᠠᠮ ᠢ᠋
ᠠᠳᠠᠯᠢᠳᠬᠠᠬᠤ ᠠᠷᠭ᠎ᠠ ᠦᠭᠡᠢ
ᠠᠷᠪᠠᠨ ᠬᠤᠷᠤᠭᠤᠨ ᠤ᠋ ᠤᠷᠲᠤ ᠪᠣᠭᠣᠨᠢ ᠶ᠋ᠢ
ᠲᠡᠭᠰᠢᠳᠬᠡᠬᠦ ᠠᠷᠭ᠎ᠠ ᠦᠭᠡᠢ
 
1104 ᠣᠢ ᠦᠭᠡᠢ ᠭᠠᠵᠠᠷ ᠠᠷᠢᠶᠠᠲᠠᠨ ᠬᠣᠪᠣᠷ
ᠤᠰᠤ ᠦᠭᠡᠢ ᠭᠠᠵᠠᠷ ᠵᠢᠭᠠᠰᠤ ᠬᠣᠪᠣᠷ
 
1105 ᠣᠢ ᠦᠭᠡᠢ ᠬᠥᠮᠦᠨ ᠳ᠋ᠦ᠍
ᠬᠡᠯᠡᠭᠰᠡᠨ᠂ ᠪᠣᠯᠢᠭᠰᠠᠨ ᠬᠣᠶᠠᠷ ᠢᠵᠢᠯ
ᠢᠷᠣᠭᠠᠷ ᠦᠭᠡᠢ ᠰᠠᠪᠠᠨ ᠳ᠋ᠤ᠌
ᠬᠢᠭᠰᠡᠨ᠂ ᠪᠠᠢᠭᠰᠠᠨ ᠬᠣᠶᠠᠷ ᠢᠵᠢᠯ
 
1106 ᠣᠢ ᠳ᠋ᠤ᠌ ᠦᠭᠡ ᠪᠣᠢ ᠪᠣᠯᠪᠠᠴᠤ
ᠤᠨᠤᠵᠤ ᠬᠡᠯᠡᠬᠦ ᠳ᠋ᠦ᠍ ᠪᠡᠷᠬᠡ
 
1107 ᠣᠢᠷ᠎ᠠ ᠶ᠋ᠢᠨ ᠵᠠᠯᠬᠠᠭᠤ ᠠ᠋ᠴᠠ
ᠬᠣᠯᠠ ᠶ᠋ᠢᠨ ᠵᠣᠪᠠᠯᠠᠩ
 
1108 ᠣᠯᠪᠣᠭ ᠳᠠᠷᠤᠵᠤ ᠭᠡᠷ ᠰᠠᠬᠢᠭᠰᠠᠨ ᠠ᠋ᠴᠠ
ᠣᠷᠴᠢᠯᠠᠩ ᠢ᠋ ᠬᠡᠰᠦᠵᠦ ᠣᠢᠮᠣᠰᠤ ᠡᠯᠡᠭᠡ
 
1109 ᠣᠯᠪᠣᠭ ᠢ᠋ᠶ᠋ᠠᠨ ᠴᠣᠭᠣᠷᠠᠲᠠᠯ᠎ᠠ ᠰᠠᠭᠤᠭᠰᠠᠨ ᠮᠡᠷᠭᠡᠨ ᠡᠴᠡ
ᠣᠯᠠᠨ ᠢ᠋ ᠲᠣᠭᠣᠷᠢᠭᠰᠠᠨ ᠮᠤᠩᠬᠠᠭ ᠳᠡᠭᠡᠷ᠎ᠡ
 
1110 ᠣᠯᠳᠠᠰᠢ ᠦᠭᠡᠢ ᠡᠷᠳᠡᠨᠢ
ᠣᠯᠠᠨ ᠤ᠋ ᠳᠣᠲᠣᠷ᠎ᠠ ᠪᠣᠢ
 
1111 ᠣᠯᠵᠤ ᠠᠳᠬᠤᠭᠰᠠᠨ ᠨᠢ ᠴᠥᠭᠡᠨ
ᠣᠷᠬᠢᠵᠤ ᠭᠡᠭᠡᠭᠰᠡᠨ ᠨᠢ ᠣᠯᠠᠨ
 
1112 ᠣᠯᠵᠠ ᠣᠷᠣᠢᠲᠠᠬᠤ ᠦᠭᠡᠢ
ᠥᠷᠢ ᠬᠡᠨᠵᠡᠳᠡᠬᠦ ᠦᠭᠡᠢ
 
1113 ᠣᠯᠵᠠᠨ ᠤ᠋ ᠬᠢᠷᠢ ᠪᠡᠷ
ᠭᠠᠷᠤᠵᠠ ᠭᠠᠷᠳᠠᠭ
 
1114 ᠣᠯᠵᠠᠨ ᠤ᠋ ᠡᠭᠦᠳᠡ ᠶ᠋ᠢ ᠨᠡᠭᠡᠭᠡᠵᠦ
ᠭᠠᠷᠤᠵᠠᠨ ᠤ᠋ ᠬᠠᠭᠠᠯᠭ᠎ᠠ ᠶ᠋ᠢ ᠬᠠᠭᠠᠬᠤ
 
1115 ᠣᠯᠵᠠᠨ ᠳ᠋ᠤ᠌ ᠳᠤᠷᠠᠯᠠᠭᠠᠳ
ᠭᠠᠷᠤᠵᠠ ᠭᠠᠷᠭᠠᠬᠤ
 
1116 ᠣᠯᠢᠭ ᠦᠭᠡᠢ ᠡᠷ᠎ᠡ ᠡᠬᠡᠨᠡᠷ ᠲᠡᠭᠡᠨ ᠳᠡᠭᠡᠷᠡᠯᠬᠡᠭ
ᠥᠨᠳᠥᠷ ᠪᠤᠬ᠎ᠠ ᠪᠢᠷᠠᠭᠤᠨ ᠳ᠋ᠠᠭᠠᠨ ᠳᠡᠭᠡᠷᠡᠯᠬᠡᠭ
 
1117 ᠣᠯᠣᠮ ᠢ᠋ ᠨᠢ ᠮᠡᠳᠡᠬᠦ ᠦᠭᠡᠢ ᠤᠰᠤᠨ ᠳ᠋ᠤ᠌ ᠪᠤᠤ ᠣᠷᠣ
ᠣᠷᠣᠴᠠ ᠶ᠋ᠢ ᠨᠢ ᠮᠡᠳᠡᠬᠦ ᠦᠭᠡᠢ ᠭᠡᠷ ᠲᠦ᠍ ᠪᠤᠤ ᠣᠷᠣ
 
1118 ᠣᠯᠠᠨ ᠢ᠋ᠶ᠋ᠠᠷ ᠵᠥᠪᠯᠡᠪᠡᠯ ᠣᠰᠣᠯ ᠦᠭᠡᠢ
ᠣᠯᠣᠮ ᠢ᠋ᠶ᠋ᠠᠷ ᠭᠠᠷᠪᠠᠯ ᠭᠡᠨᠡᠳᠡᠯ ᠦᠭᠡᠢ
 
1119 ᠣᠯᠠᠨ ᠢ᠋ᠶ᠋ᠠᠷ ᠰᠠᠭᠤᠪᠠᠯ ᠠᠮᠠ ᠪᠠᠨ ᠬᠢᠴᠢᠶᠡ
ᠤᠷᠢ ᠭᠠᠭᠴᠠᠭᠠᠷ ᠰᠠᠭᠤᠪᠠᠯ ᠪᠡᠶ᠎ᠡ ᠪᠡᠨ ᠬᠢᠴᠢᠶᠡ
 
1120 ᠣᠯᠠᠨ ᠢ᠋ᠶ᠋ᠠᠷ ᠴᠢᠷᠮᠠᠢᠪᠠᠯ ᠪᠦᠲᠦᠳᠡᠭ
ᠤᠰᠤ ᠪᠠᠷ ᠤᠬᠢᠶᠠᠪᠠᠯ ᠠᠷᠢᠯᠳᠠᠭ
 
1121 ᠣᠯᠠᠨ ᠤ᠋ ᠠᠮᠠ ᠳᠠᠯᠠᠢ ᠶ᠋ᠢ ᠰᠢᠷᠭᠢᠭᠡᠬᠦ
ᠣᠯᠠᠨ ᠤ᠋ ᠬᠦᠴᠦ ᠠᠭᠤᠯᠠ ᠶ᠋ᠢ ᠨᠡᠭᠦᠯᠭᠡᠬᠦ
 
1122 ᠣᠯᠠᠨ ᠤ᠋ ᠠᠮᠠ ᠶ᠋ᠢ ᠣᠯᠣᠰᠣ ᠪᠠᠷ ᠪᠣᠭᠣᠬᠤ ᠦᠭᠡᠢ
ᠲᠦᠮᠡᠨ ᠦ᠌ ᠠᠮᠠ ᠶ᠋ᠢ ᠲᠡᠮᠦᠷ ᠢ᠋ᠶ᠋ᠡᠷ ᠪᠣᠭᠣᠬᠤ ᠦᠭᠡᠢ
 
1123 ᠣᠯᠠᠨ ᠤ᠋ ᠳᠣᠲᠣᠷ᠎ᠠ ᠦᠭᠡ ᠪᠡᠨ ᠰᠢᠨᠵᠢ
ᠭᠠᠭᠴᠠᠭᠠᠷ ᠶᠠᠪᠤᠬᠤ ᠳ᠋ᠤ᠌ ᠰᠡᠳᠬᠢᠯ ᠢ᠋ᠶ᠋ᠡᠨ ᠰᠢᠨᠵᠢ
 
1124 ᠣᠯᠠᠨ ᠤ᠋ ᠶᠣᠰᠣ
ᠣᠷᠴᠢᠯᠠᠩ ᠤ᠋ᠨ ᠵᠦᠢ
 
1125 ᠣᠯᠠᠨ ᠤ᠋ ᠬᠦᠴᠦ ᠡᠪ ᠲᠡᠭᠡᠨ
ᠣᠯᠣᠰᠣᠨ ᠤ᠋ ᠬᠦᠴᠦ ᠡᠷᠴᠢ ᠳ᠋ᠡᠭᠡᠨ
 
1126 ᠣᠯᠠᠨ ᠢ᠋ ᠪᠤᠤ ᠠᠷᠠᠯᠵᠢ
ᠣᠭᠲᠣ ᠪᠤᠤ ᠬᠠᠷᠠᠮᠯᠠ
 
1127 ᠣᠯᠠᠨ ᠢ᠋ ᠲᠤᠭᠤᠯᠤᠭᠰᠠᠨ ᠬᠥᠮᠦᠨ ᠦ᠌ ᠪᠣᠳᠣᠯ ᠠᠭᠤᠵᠢᠮ
ᠬᠣᠯᠠ ᠶ᠋ᠢ ᠬᠠᠷᠠᠭᠰᠠᠨ ᠬᠥᠮᠦᠨ ᠦ᠌ ᠬᠠᠷᠠᠭ᠎ᠠ ᠲᠤᠩᠭᠠᠯᠠᠭ
 
1128 ᠣᠯᠠᠨ ᠢ᠋ ᠲᠣᠭᠣᠷᠢᠵᠤ ᠣᠯᠣᠭᠠᠢ ᠪᠠᠨ ᠲᠡᠩᠰᠡᠵᠦ
ᠭᠦᠷᠦᠨ ᠢ᠋ ᠲᠣᠭᠣᠷᠢᠵᠤ ᠭᠦᠵᠡᠭᠡ ᠪᠡᠨ ᠳᠦᠭᠦᠷᠭᠡᠬᠦ
 
1129 ᠣᠯᠣᠩ ᠮᠠᠭᠤᠲᠠᠢ ᠡᠮᠡᠭᠡᠯ ᠢ᠋ ᠪᠤᠤ ᠳᠤᠬᠤ
ᠣᠯᠪᠢ ᠮᠠᠭᠤᠲᠠᠢ ᠬᠥᠮᠦᠨ ᠢ᠋ ᠪᠤᠤ ᠢᠳᠡᠭᠡ
 
1130 ᠣᠯᠠᠨ ᠠᠮᠢᠲᠠᠨ ᠳ᠋ᠤ᠌ ᠲᠤᠰᠠᠯᠠᠪᠠᠯ
ᠠᠯᠳᠠᠷ ᠨᠡᠷ᠎ᠡ ᠳᠡᠯᠭᠡᠷᠡᠬᠦ
 
1131 ᠣᠯᠠᠨ ᠢᠷᠡᠪᠡᠯ ᠴᠠᠢ ᠦᠭᠡᠢ
ᠣᠷᠣᠢ ᠢᠷᠡᠪᠡᠯ ᠣᠷᠣ ᠦᠭᠡᠢ
 
1132 ᠣᠯᠠᠨ ᠰᠠᠨᠠᠭᠠᠲᠤ
ᠤᠷᠭᠤᠵᠤ ᠴᠢᠳᠠᠳᠠᠭ ᠦᠭᠡᠢ
 
1133 ᠣᠯᠠᠨ ᠤᠳᠠᠭ᠎ᠠ ᠪᠣᠳᠣ
ᠭᠠᠭᠴᠠ ᠤᠳᠠᠭ᠎ᠠ ᠬᠡᠯᠡ
 
1134 ᠣᠯᠠᠨ ᠦᠭᠡ
ᠤᠨᠤᠴᠢ ᠪᠠᠨ ᠬᠡᠭᠡᠳᠡᠭ
 
1135 ᠣᠯᠠᠨ ᠦᠭᠡ ᠤᠳᠬ᠎ᠠ ᠪᠠᠭ᠎ᠠ ᠲᠠᠢ
ᠴᠥᠭᠡᠨ ᠦᠭᠡ ᠦᠷ᠎ᠡ ᠶᠡᠬᠡ ᠲᠡᠢ
 
1136 ᠣᠯᠠᠨ ᠦᠭᠡᠨ ᠡᠴᠡ ᠴᠥᠭᠡᠨ ᠨᠢ ᠰᠠᠢᠨ
ᠴᠥᠭᠡᠨ ᠦᠭᠡᠨ ᠡᠴᠡ ᠣᠨᠣᠪᠴᠢᠲᠠᠢ ᠨᠢ ᠰᠠᠢᠨ
 
1137 ᠣᠯᠠᠨ ᠬᠥᠮᠦᠨ ᠬᠦᠴᠦ ᠲᠡᠢ
ᠣᠢ ᠮᠣᠳᠣ ᠨᠥᠮᠥᠷᠢ ᠲᠡᠢ
 
1138 ᠣᠯᠠᠨ ᠦᠭᠡᠨ ᠳ᠋ᠦ᠍ ᠣᠯᠵᠠ ᠥᠬᠡᠢ
ᠴᠥᠭᠡᠨ ᠦᠭᠡᠨ ᠳ᠋ᠦ᠍ ᠭᠠᠷᠤᠵᠠ ᠦᠭᠡᠢ
 
1139 ᠣᠯᠠᠨ ᠬᠥᠮᠦᠨ ᠦ᠌ ᠳᠣᠲᠣᠷ᠎ᠠ
ᠮᠡᠷᠭᠡᠨ ᠬᠥᠮᠦᠨ ᠪᠠᠢᠳᠠᠭ
ᠤᠷᠭᠤᠭ᠎ᠠ ᠬᠠᠳᠠᠨ ᠤ᠋ ᠳᠣᠲᠣᠷ᠎ᠠ
ᠠᠯᠲᠠ ᠡᠷᠳᠡᠨᠢᠰ ᠪᠠᠢᠳᠠᠭ
 
1140 ᠣᠯᠠᠨ ᠬᠡᠦᠬᠡᠳ ᠲᠡᠢ ᠭᠠᠵᠠᠷ
ᠬᠣᠪ ᠲᠠᠰᠤᠷᠠᠳᠠᠭ ᠦᠭᠡᠢ
ᠣᠯᠠᠨ ᠢᠮᠠᠭ᠎ᠠ ᠲᠠᠢ ᠬᠣᠨᠢ
ᠪᠡᠯᠴᠢᠭᠡᠷ ᠲᠦ᠍ ᠲᠣᠭᠲᠠᠳᠠᠭ ᠦᠭᠡᠢ
 
1141 ᠣᠯᠠᠨ ᠬᠡᠯᠡᠪᠡᠯ ᠣᠯᠢᠭ
ᠴᠥᠭᠡᠨ ᠬᠡᠯᠡᠪᠡᠯ ᠪᠢᠯᠢᠭ
 
1142 ᠣᠯᠠᠨ ᠴᠡᠴᠡᠭ ᠳᠡᠯᠡᠬᠡᠢ ᠶ᠋ᠢᠨ ᠴᠢᠮᠡᠭ
ᠣᠯᠠᠨ ᠮᠡᠷᠭᠡᠳ ᠲᠥᠷᠥ ᠶ᠋ᠢᠨ ᠴᠢᠮᠡᠭ
 
1143 ᠣᠯᠠᠨ ᠳ᠋ᠤ᠌ ᠨᠢᠭᠦᠯ ᠪᠦᠦ ᠬᠢ
ᠣᠭᠲᠠᠷᠭᠤᠢ ᠳ᠋ᠤ᠌ ᠰᠢᠷᠣᠢ ᠪᠦᠦ ᠰᠠᠴᠤ
 
1144 ᠣᠯᠬᠤ ᠳ᠋ᠤ᠌ ᠪᠡᠷᠬᠡ
ᠠᠯᠳᠠᠬᠤ ᠳ᠋ᠤ᠌ ᠠᠮᠠᠷ
 
1145 ᠣᠯᠬᠤ ᠠ᠋ᠴᠠ ᠪᠠᠨ ᠤᠷᠢᠳ
ᠪᠠᠶᠠᠵᠢᠬᠤ ᠶ᠋ᠢ ᠪᠣᠳᠣᠵᠤ
ᠣᠭᠣᠴᠢᠬᠤ ᠠ᠋ᠴᠠ ᠪᠠᠨ ᠡᠮᠦᠨ᠎ᠡ
ᠴᠠᠳᠬᠤ ᠶ᠋ᠢ ᠪᠣᠳᠣᠬᠤ
 
1146 ᠣᠯᠤᠭᠰᠠᠨ ᠢ᠋ᠶ᠋ᠠᠨ ᠢᠳᠡᠯ ᠦᠭᠡᠢ
ᠲᠤᠷᠠᠵᠤ ᠦᠬᠦᠬᠦ ᠲᠡᠨᠡᠭ
ᠣᠶᠣᠭᠰᠠᠨ ᠢ᠋ᠶ᠋ᠠᠨ ᠡᠮᠦᠰᠦᠯ ᠦᠭᠡᠢ
ᠣᠰᠤᠭᠤᠵᠤ ᠦᠬᠦᠬᠦ ᠲᠡᠨᠡᠭ
 
1147 ᠣᠮᠣᠷᠬᠠᠭ ᠪᠣᠯ ᠣᠯᠠᠨ ᠤ᠋ ᠳᠠᠢᠰᠤᠨ
ᠪᠠᠷᠳᠠᠮ ᠪᠣᠯ ᠪᠦᠬᠦᠨ ᠦ᠌ ᠳᠠᠢᠰᠤᠨ
 
1148 ᠣᠮᠣᠭ ᠶᠡᠬᠡᠳ᠋ᠡᠪᠡᠯ ᠣᠰᠣᠯᠳᠠᠨ᠎ᠠ
ᠣᠪᠣᠷ ᠶᠡᠬᠡᠳ᠋ᠡᠪᠡᠯ ᠳᠣᠷᠣᠢᠲᠠᠨ᠎ᠠ
 
1149 ᠣᠮᠣᠭ ᠬᠦᠴᠦ ᠪᠡᠨ ᠳᠠᠷᠤᠵᠤ
ᠣᠶᠤᠨ ᠪᠢᠯᠢᠭ ᠢ᠋ᠶ᠋ᠡᠨ ᠬᠢᠴᠢᠶᠡ
 
1150 ᠣᠮᠣᠭᠲᠠᠢ ᠰᠡᠳᠬᠢᠯ ᠬᠤᠷᠴᠠ ᠬᠡᠯᠡ
ᠪᠡᠶ᠎ᠡ ᠶ᠋ᠢᠨ ᠬᠣᠬᠢᠷᠠᠯ
 
1151 ᠣᠮᠣᠭᠲᠠᠢ ᠬᠥᠮᠦᠨ ᠦ᠌ ᠴᠡᠭᠡᠵᠢᠨ ᠳ᠋ᠦ᠍
ᠪᠢᠯᠢᠭ ᠲᠣᠭᠲᠠᠬᠤ ᠨᠢ ᠪᠡᠷᠬᠡ
ᠣᠪᠣᠭᠣᠷ ᠳᠣᠪᠣᠭᠣᠷ ᠭᠠᠵᠠᠷ ᠲᠤ
ᠤᠰᠤ ᠲᠣᠭᠲᠠᠬᠤ ᠨᠢ ᠪᠡᠷᠬᠡ
 
1152 ᠤᠩᠬᠢᠷᠠᠭ᠎ᠠ ᠬᠥᠮᠦᠨ ᠣᠯᠠᠨ ᠳ᠋ᠤ᠌ ᠬᠦᠨᠳᠦ ᠦᠭᠡᠢ
ᠣᠭᠳᠣᠭᠣᠷ ᠬᠣᠷᠮᠣᠢ ᠵᠢᠪᠠᠷ ᠲᠤ᠌ ᠨᠥᠮᠥᠷᠢ ᠦᠭᠡᠢ
 
1153 ᠣᠩᠭᠣᠴᠠ ᠦᠭᠡᠢ ᠪᠣᠯ ᠳᠠᠯᠠᠢ ᠶ᠋ᠢ ᠦᠯᠦ ᠭᠠᠲᠤᠯᠬᠤ
ᠣᠯᠠᠨ ᠦᠭᠡᠢ ᠪᠣᠯ ᠲᠥᠷᠥ ᠦᠯᠦ ᠲᠣᠭᠲᠠᠬᠤ
 
1154 ᠣᠨᠢᠰᠣ ᠨᠡᠭᠡᠭᠡᠬᠦ ᠳ᠋ᠦ᠍ ᠲᠦᠯᠬᠢᠭᠦᠷ
ᠣᠶᠣᠳᠠᠯ ᠣᠶᠣᠬᠤ ᠳ᠋ᠤ᠌ ᠵᠡᠭᠦᠦ
 
1155 ᠣᠨᠢᠰᠣ ᠨᠢ ᠣᠯᠳᠠᠪᠠᠯ ᠲᠠᠢᠯᠬᠤ ᠳ᠋ᠤ᠌ ᠠᠮᠠᠷᠬᠠᠨ
ᠣᠯᠣᠮ ᠨᠢ ᠣᠯᠳᠠᠪᠠᠯ ᠭᠠᠲᠤᠯᠬᠤ ᠳ᠋ᠤ᠌ ᠠᠮᠠᠷᠬᠠᠨ
 
1156 ᠣ ᠳ᠋ᠦ᠍ ᠣᠢᠷᠠᠳᠪᠠᠯ ᠴᠠᠭᠠᠨ
ᠬᠦ ᠳ᠋ᠦ᠍ ᠣᠢᠷᠠᠳᠪᠠᠯ ᠬᠠᠷ᠎ᠠ
 
1157 ᠣᠭᠣᠯᠢ ᠪᠠᠷ ᠴᠠᠪᠴᠢᠪᠠᠯ ᠥ ᠦᠭᠡᠢ
ᠣᠯᠠᠨ ᠢ᠋ᠶ᠋ᠠᠷ ᠬᠡᠯᠡᠯᠴᠡᠪᠡᠯ ᠪᠤᠷᠤᠭᠤ ᠦᠭᠡᠢ
 
1158 ᠣᠭᠣᠴᠢᠬᠤ ᠤᠰᠤ ᠦᠭᠡᠢ
ᠣᠢᠷᠠᠳᠬᠤ ᠬᠠᠨᠢ ᠦᠭᠡᠢ
 
1159 ᠣᠷᠣ ᠭᠡᠬᠦ ᠳ᠋ᠦ᠍ ᠱᠠᠭᠠᠢᠬᠤ
ᠢᠳᠡ ᠭᠡᠬᠦ ᠳ᠋ᠦ᠍ ᠲᠠᠮᠰᠢᠶᠠᠯᠠᠬᠤ
 
1160 ᠣᠷᠬᠢᠬᠤ ᠶᠡᠬᠡᠳᠡᠪᠡᠯ ᠰᠢᠷᠭᠢᠬᠦ ᠨᠢ ᠶᠡᠬᠡ
ᠣᠷᠣᠬᠤ ᠶᠡᠬᠡᠳᠡᠪᠡᠯ ᠭᠠᠷᠬᠤ ᠨᠢ ᠶᠡᠬᠡ
 
1161 ᠣᠷᠣ ᠥᠬᠡᠢ ᠭᠠᠵᠠᠷ ᠣᠪᠣᠭ᠎ᠠ ᠪᠤᠰᠬᠠᠵᠤ
ᠤᠰᠤ ᠦᠭᠡᠢ ᠭᠠᠵᠠᠷ ᠬᠥᠭᠥᠷᠭᠡ ᠲᠠᠯᠪᠢᠬᠤ
 
1162 ᠣᠷᠣᠢ ᠳᠡᠭᠡᠷ᠎ᠡ ᠭᠠᠷᠤᠭᠰᠠᠨ ᠬᠥᠮᠦᠨ ᠣᠯᠠᠨ ᠢ᠋ ᠦᠵᠡᠳᠡᠭ
ᠣᠯᠠᠨ ᠢ᠋ ᠲᠣᠭᠣᠷᠢᠭᠰᠠᠨ ᠬᠥᠮᠦᠨ ᠡᠯᠳᠡᠪ ᠢ᠋ ᠰᠣᠨᠣᠰᠳᠠᠭ
 
1163 ᠣᠷᠣᠢᠳᠠᠪᠠᠯ ᠳᠣᠪᠣ ᠣᠯᠠᠨ
ᠳᠣᠷᠣᠢᠲᠠᠪᠠᠯ ᠨᠣᠶᠠᠨ ᠣᠯᠠᠨ
 
1164 ᠣᠷᠣᠢᠲᠠᠪᠠᠯ ᠡᠷᠲᠡᠯᠡᠬᠦ ᠳ᠋ᠦ᠍ ᠪᠡᠷᠬᠡ
ᠳᠣᠷᠣᠢᠲᠠᠪᠠᠯ ᠳᠡᠭᠵᠢᠷᠡᠬᠦ ᠳ᠋ᠦ᠍ ᠪᠡᠷᠬᠡ
 
1165 ᠣᠷᠣᠢᠲᠠᠭᠰᠠᠨ ᠬᠥᠮᠦᠨ ᠳ᠋ᠦ᠍ ᠣᠪᠣᠭ᠎ᠠ ᠣᠯᠠᠨ
ᠳᠣᠷᠣᠢᠲᠠᠭᠰᠠᠨ ᠬᠥᠮᠦᠨ ᠳ᠋ᠦ᠍ ᠳᠠᠪᠠᠭ᠎ᠠ ᠣᠯᠠᠨ
 
1166 ᠣᠷᠣᠨ ᠢ᠋ᠶ᠋ᠠᠨ ᠰᠠᠬᠢᠭᠰᠠᠨ ᠨᠣᠶᠠᠨ ᠠ᠋ᠴᠠ
ᠣᠯᠠᠨ ᠢ᠋ ᠲᠣᠭᠣᠷᠢᠭᠰᠠᠨ ᠪᠣᠭᠣᠯ ᠳᠡᠭᠡᠷ᠎ᠡ
 
1167 ᠣᠷᠣᠯᠳᠣᠯᠭ᠎ᠠ ᠰᠠᠢᠲᠤ ᠣᠷᠣᠢ ᠳ᠋ᠤᠨᠢ ᠭᠠᠷᠴᠤ
ᠣᠪᠣᠯᠵᠠᠭᠤᠷ ᠠᠭᠠᠰᠢᠲᠤ ᠢᠷᠣᠭᠠᠷ ᠲᠤᠨᠢ ᠬᠣᠴᠣᠷᠬᠤ
 
1168 ᠤᠷᠤᠯᠳᠤᠵᠤ ᠬᠢᠬᠦ ᠪᠡᠨ ᠤᠷᠢᠳ ᠢ᠋ᠶ᠋ᠠᠷ ᠪᠣᠳᠣ
ᠣᠯᠵᠠ ᠠᠰᠢᠭ ᠢ᠋ᠶ᠋ᠠᠨ ᠳᠠᠷᠠᠭ᠎ᠠ ᠳ᠋ᠤᠨᠢ ᠪᠣᠳᠣ
 
1169 ᠣᠷᠣᠨ ᠴᠡᠪᠡᠷ ᠪᠣᠯ
ᠣᠶᠤᠨ ᠴᠡᠪᠡᠷ
 
1170 ᠣᠷᠣᠭ᠎ᠠ ᠮᠣᠷᠢ ᠶ᠋ᠢ ᠤᠷᠭ᠎ᠠ ᠪᠠᠷ
ᠠᠭᠤᠷ ᠲᠠᠢ ᠬᠥᠮᠦᠨ ᠢ᠋ ᠠᠷᠭ᠎ᠠ ᠪᠠᠷ
 
1171 ᠣᠷᠣᠭ᠎ᠠ ᠨᠢ ᠣᠷᠣᠭ᠎ᠠ ᠪᠠᠷ ᠢ᠋ᠶ᠋ᠠᠨ
ᠵᠢᠷᠣᠭ᠎ᠠ ᠨᠢ ᠵᠢᠷᠣᠭ᠎ᠠ ᠪᠠᠷ ᠢ᠋ᠶ᠋ᠠᠨ
 
1172 ᠣᠷᠣᠬᠤ ᠣᠷᠣᠨ ᠦᠭᠡᠢ
ᠣᠭᠣᠴᠢᠬᠤ ᠠᠶᠠᠭ᠎ᠠ ᠦᠭᠡᠢ
 
1173 ᠣᠷᠣᠬᠤ ᠡᠭᠦᠳᠡ ᠪᠡᠨ ᠣᠯᠤᠭᠠᠳ
ᠭᠠᠷᠬᠤ ᠡᠭᠦᠳᠡ ᠪᠡᠨ ᠪᠤᠤ ᠮᠠᠷᠲᠠ
 
1174 ᠣᠷᠣᠬᠤ ᠴᠠᠭ ᠤ᠋ᠨ ᠬᠤᠷ᠎ᠠ ᠶ᠋ᠢ
ᠣᠭᠲᠠᠷᠭᠤᠢ ᠶ᠋ᠢᠨ ᠰᠠᠯᠬᠢ ᠡᠪᠳᠡᠳᠡᠭ
ᠤᠨᠤᠬᠤ ᠤᠬᠠᠭᠠᠨ ᠪᠢᠯᠢᠭ ᠢ᠋
ᠠᠭᠤᠷ ᠤ᠋ᠨ ᠮᠤᠩᠬᠠᠭ ᠡᠪᠳᠡᠳᠡᠭ
 
1175 ᠣᠷᠣᠬᠤ ᠦᠭᠡᠢ ᠭᠡᠰᠡᠨ ᠭᠡᠷ ᠲᠤ ᠭᠤᠷᠪᠠ ᠣᠷᠣᠵᠤ
ᠠᠭᠤᠯᠵᠠᠬᠤ ᠦᠭᠡᠢ ᠭᠡᠰᠡᠨ ᠬᠥᠮᠦᠨ ᠲᠡᠢ ᠭᠤᠷᠪᠠ ᠠᠭᠤᠯᠵᠠᠬᠤ
 
1176 ᠣᠷᠴᠢᠯᠠᠩ ᠨᠠᠷᠠ ᠪᠠᠷ ᠬᠡᠬᠡᠷᠡᠳᠡᠭ
ᠬᠥᠮᠦᠨ ᠡᠷᠳᠡᠮ ᠢ᠋ᠶ᠋ᠡᠷ ᠭᠡᠭᠡᠷᠡᠳᠡᠭ
 
1177 ᠣᠰᠣᠯ ᠦᠭᠡᠢ ᠬᠥᠮᠦᠨ ᠦᠭᠡᠢ
ᠣᠯᠣᠮ ᠦᠭᠡᠢ ᠭᠣᠣᠯ ᠦᠭᠡᠢ
 
1178 ᠣᠰᠣᠯ ᠢ᠋ ᠬᠢᠴᠢᠶᠡᠪᠡᠯ ᠰᠠᠢᠨ ᠪᠣᠯᠬᠤ
ᠣᠯᠠᠨ ᠢ᠋ ᠳᠠᠭᠠᠪᠠᠯ ᠥᠨᠢᠷ ᠪᠣᠯᠬᠤ
 
1179 ᠥᠬᠢᠨ ᠬᠥᠮᠦᠨ ᠠᠮᠠᠨ ᠤ᠋ ᠪᠠᠨ ᠮᠠᠭᠤ ᠳ᠋ᠤ᠌
ᠣᠷᠣᠭ᠎ᠠ ᠵᠤᠰᠠᠭ ᠠᠭᠠᠰᠢᠨ ᠤ᠋ ᠪᠠᠨ ᠮᠠᠭᠤ ᠳ᠋ᠤ᠌
 
1180 ᠣᠴᠢᠲᠤ ᠭᠠᠯ ᠥᠭᠡᠳᠡ ᠪᠡᠨ
ᠤᠷᠤᠰᠬᠤ ᠤᠰᠤ ᠤᠷᠤᠭᠤ ᠪᠠᠨ
ᠢᠷᠡᠯᠲᠡ᠄

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠢᠮᠧᠯ᠄ soninhuudas@gmail.com