1181 ᠥᠪ ᠬᠥᠭᠡᠭᠡᠭᠰᠡᠨ ᠬᠥᠮᠦᠨ ᠰᠢᠨᠤᠬᠠᠢ
ᠥᠯ ᠬᠥᠭᠡᠭᠡᠭᠰᠡᠨ ᠬᠥᠮᠦᠨ ᠢᠳᠡᠮᠡᠬᠡᠢ
1182 ᠡᠪᠦᠭᠡᠳ ᠢᠷᠡᠪᠡᠯ ᠦᠭᠡ ᠨᠡᠮᠡᠨ᠎ᠡ
ᠬᠡᠦᠬᠡᠳ ᠢᠷᠡᠪᠡᠯ ᠬᠦᠴᠦ ᠨᠡᠮᠡᠨ᠎ᠡ
1183 ᠡᠪᠦᠭᠡᠨ ᠬᠥᠮᠦᠨ ᠳ᠋ᠦ᠍ ᠡᠷᠭᠦᠮᠵᠢ ᠬᠡᠷᠡᠭ ᠲᠡᠢ
ᠵᠠᠯᠠᠭᠤ ᠬᠥᠮᠦᠨ ᠳ᠋ᠦ᠍ ᠰᠤᠷᠭᠠᠮᠵᠢ ᠬᠡᠷᠡᠭ ᠲᠡᠢ
1184 ᠡᠪᠦᠭᠡᠨ ᠬᠥᠮᠦᠨ ᠦ᠌ ᠦᠭᠡ ᠬᠤᠷᠴᠠ
ᠦᠷᠢᠶ᠎ᠡ ᠮᠣᠷᠢᠨ ᠤ᠋ ᠬᠥᠯ ᠬᠤᠷᠳᠤᠨ᠃
1185 ᠡᠪᠦᠭᠡᠨ ᠦ᠌ ᠰᠠᠢᠬᠠᠨ ᠠᠪᠤᠷᠢ ᠶ᠋ᠢ
ᠥᠭᠡᠳᠡ ᠦᠭᠡᠢ ᠡᠬᠡᠨᠡᠷ ᠭᠤᠲᠤᠭᠠᠬᠤ
1186 ᠥᠪ ᠦᠭᠡᠢ ᠬᠣᠭᠣᠰᠣᠨ
ᠥᠮᠥᠳᠥ ᠦᠭᠡᠢ ᠨᠢᠴᠦᠭᠦᠨ
1187 ᠡᠪᠡᠳᠬᠦ ᠳ᠋ᠦ᠍ ᠡᠮᠴᠢ
ᠥᠲᠡᠯᠬᠦ ᠳ᠋ᠦ᠍ ᠬᠠᠨᠢ
1188 ᠡᠪᠦᠯ ᠦ᠋ᠨ ᠬᠦᠢᠲᠡᠨ ᠬᠠᠪᠤᠷ ᠲᠠᠭᠠᠨ
ᠡᠪᠦᠭᠡᠳ ᠦ᠋ᠨ ᠭᠡᠷᠢᠶᠡᠰ ᠦᠷ᠎ᠡ ᠳ᠋ᠡᠭᠡᠨ
1189 ᠡᠪᠦᠯ ᠥᠩ ᠲᠡᠢ ᠪᠣᠯ
ᠵᠤᠨ ᠵᠤᠰᠠᠯᠠᠩ ᠰᠠᠢᠲᠠᠢ
1190 ᠡᠪᠦᠯ ᠬᠠᠪᠤᠷ ᠬᠣᠶᠠᠷ ᠨᠡᠢᠯᠡᠪᠡᠯ ᠵᠤᠨ ᠦᠭᠡᠢ
ᠥᠩᠭᠡ ᠮᠥᠩᠭᠥ ᠬᠣᠶᠠᠷ ᠨᠡᠢᠯᠡᠪᠡᠯ ᠶᠣᠰᠣ ᠦᠭᠡᠢ
1191 ᠡᠪᠡᠰᠦ ᠵᠠᠳᠠᠯᠬᠤ ᠳ᠋ᠤ᠌ ᠦᠬᠡᠷ ᠪᠠᠶᠠᠷᠯᠠᠬᠤ
ᠦᠭᠦᠴᠡ ᠵᠠᠳᠠᠯᠬᠤ ᠳ᠋ᠤ᠌ ᠬᠡᠦᠬᠡᠳ ᠪᠠᠶᠠᠷᠯᠠᠬᠤ
1192 ᠡᠪᠡᠰᠦ ᠦᠭᠡᠢ ᠪᠣᠯ ᠮᠠᠯ ᠦᠭᠡᠢ
ᠮᠠᠯ ᠦᠭᠡᠢ ᠪᠣᠯ ᠬᠦᠨᠡᠰᠦ ᠦᠭᠡᠢ
1193 ᠡᠪᠡᠰᠦ ᠪᠡᠨ ᠵᠤᠨ ᠪᠠᠵᠠᠭ᠎ᠠ
ᠲᠡᠷᠭᠡ ᠪᠡᠨ ᠡᠪᠦᠯ ᠪᠠᠵᠠᠭ᠎ᠠ
1194 ᠡᠪᠡᠰᠦᠨ ᠳ᠋ᠦ᠍ ᠣᠷᠢᠶᠠᠪᠠᠴᠤ ᠦᠬᠡᠷ ᠢᠳᠡᠬᠦ ᠦᠭᠡᠢ
ᠥᠭᠡᠬᠦᠨ ᠳ᠋ᠦ᠍ ᠣᠷᠢᠶᠠᠪᠠᠴᠤ ᠨᠣᠬᠠᠢ ᠢᠳᠡᠬᠦ ᠦᠭᠡᠢ
1195 ᠡᠪᠡᠰᠦ ᠲᠡᠢ ᠭᠠᠵᠠᠷ ᠮᠠᠯ ᠲᠣᠭᠲᠠᠳᠠᠭ ᠦᠭᠡᠢ
ᠵᠢᠷᠭᠠᠯ ᠲᠠᠢ ᠭᠠᠵᠠᠷ ᠬᠥᠮᠦᠨ ᠲᠣᠭᠲᠠᠳᠠᠭ ᠦᠭᠡᠢ
1196 ᠥᠭᠪᠡᠯ ᠪᠤᠤ ᠦᠭᠡᠯᠡ( ᠶᠠᠩᠰᠢᠵᠤ ᠶᠠᠷᠢᠬᠤ)
ᠥᠭᠡᠯᠡᠪᠡᠯ ᠪᠤᠤ ᠥᠭ
1197 ᠥᠭᠯᠢᠭᠡ ᠥᠭᠳᠡᠭ ᠦᠭᠡᠢ ᠪᠠᠶᠠᠨ
ᠦᠭᠡᠢᠷᠡᠭᠰᠡᠨ ᠨᠢ ᠳᠡᠭᠡᠷ᠎ᠡ
ᠦᠨᠡᠨ ᠢ᠋ ᠮᠡᠳᠡᠳᠡᠭ ᠦᠭᠡᠢ ᠨᠣᠶᠠᠨ
ᠦᠬᠦᠭᠰᠡᠨ ᠨᠢ ᠳᠡᠭᠡᠷ᠎ᠡ
1198 ᠥᠭᠯᠢᠭᠡ ᠲᠡᠢ ᠬᠥᠮᠦᠨ
ᠦᠬᠦᠯ ᠡᠴᠡ ᠠᠪᠤᠷᠬᠠᠲᠠᠳᠠᠭ
1199 ᠥᠭᠯᠢᠭᠡᠴᠢ ᠬᠥᠮᠦᠨ
ᠥᠪᠡᠷᠲᠡᠭᠡᠨ ᠬᠣᠭᠣᠰᠣᠨ
1200 ᠥᠷᠯᠥᠭᠡ ᠬᠢᠭᠰᠡᠨ ᠢ᠋ᠶ᠋ᠡᠨ ᠦᠳᠡ ᠳ᠋ᠦ᠍ ᠮᠠᠷᠲᠠᠨ
ᠦᠳᠡ ᠳ᠋ᠦ᠍ ᠥᠭᠭᠦᠭᠰᠡᠨ ᠢ᠋ᠶ᠋ᠡᠨ ᠦᠳᠡᠰᠢ ᠮᠠᠷᠲᠠᠬᠤ
1201 ᠥᠷᠯᠥᠭᠡ ᠡᠷᠲᠡ ᠰᠣᠭᠲᠣᠪᠠᠯ
ᠨᠢᠭᠡ ᠡᠳᠦᠷ ᠦ᠋ᠨ ᠵᠣᠪᠠᠯᠠᠩ
ᠥᠭᠡᠳᠡ ᠦᠭᠡᠢ ᠡᠬᠡᠨᠡᠷ ᠠᠪᠤᠪᠠᠯ
ᠨᠢᠭᠡ ᠨᠠᠰᠤᠨ ᠤ᠋ ᠵᠣᠪᠠᠯᠠᠩ
1202 ᠥᠷᠯᠥᠭᠡᠨ ᠦ᠌ ᠳᠤᠯᠠᠭᠠᠨ ᠢ᠋ ᠳᠤᠯᠠᠭᠠᠨ ᠳ᠋ᠤ᠌ ᠪᠤᠤ ᠪᠣᠳᠣ
ᠥᠰᠬᠦ ᠶ᠋ᠢᠨ ᠵᠢᠷᠭᠠᠯ ᠢ᠋ ᠵᠢᠷᠭᠠᠯ ᠳ᠋ᠤ᠌ ᠪᠤᠤ ᠪᠣᠳᠣ
1203 ᠥᠭᠭᠦᠨ᠎ᠡ ᠭᠡᠪᠡᠯ ᠥᠷᠥᠴᠡ ᠪᠡᠨ ᠲᠠᠲᠠᠭᠠᠳ
ᠠᠪᠤᠨ᠎ᠠ ᠭᠡᠪᠡᠯ ᠠᠯᠠᠭ᠎ᠠ ᠪᠠᠨ ᠲᠤᠰᠬᠤ
1204 ᠥᠭᠬᠦ ᠬᠥᠮᠦᠨ ᠰᠠᠭᠤᠮᠠᠲᠠᠭᠠᠢ
ᠠᠪᠬᠤ ᠬᠥᠮᠦᠨ ᠪᠣᠰᠣᠮᠠᠲᠠᠭᠠᠢ
1205 ᠥᠭᠬᠦ ᠬᠥᠮᠦᠨ ᠦᠨᠡᠭᠡᠨ ᠦ᠌ ᠰᠡᠭᠦᠯ ᠢ᠋ᠶ᠋ᠡᠷ ᠢᠯᠢᠳᠡᠭ
ᠠᠪᠬᠤ ᠬᠥᠮᠦᠨ ᠦᠬᠡᠷ ᠦ᠋ᠨ ᠬᠡᠯᠡ ᠪᠡᠷ ᠳᠣᠯᠢᠶᠠᠳᠠᠭ
1206 ᠥᠭᠭᠦᠭᠰᠡᠨ ᠶᠠᠭᠤᠮᠠᠨ ᠳ᠋ᠠᠭᠠᠨ
ᠭᠡᠮᠰᠢᠬᠦ ᠦᠭᠡᠢ ᠪᠣᠯ ᠥᠭᠯᠢᠭᠡᠴᠢ
ᠥᠭᠦᠯᠡᠭᠰᠡᠨ ᠶᠠᠭᠤᠮᠠᠨ ᠳ᠋ᠠᠭᠠᠨ
ᠭᠡᠮᠰᠢᠬᠦ ᠦᠭᠡᠢ ᠪᠣᠯ ᠵᠥᠪᠯᠡᠭᠴᠢ
1207 ᠡᠳᠦᠷ ᠠᠯᠳᠠᠭᠠᠳ ᠰᠥᠨᠢ
ᠦᠬᠡᠷ ᠠᠯᠳᠠᠭᠠᠳ ᠬᠣᠨᠢ
1208 ᠡᠳᠦᠷ ᠪᠦᠭᠦᠳᠡ ᠠᠳᠠᠯᠢ ᠦᠭᠡᠢ
ᠨᠥᠬᠥᠷ ᠪᠦᠭᠦᠳᠡ ᠲᠡᠭᠰᠢ ᠦᠭᠡᠢ
1209 ᠡᠳᠦᠷ ᠦ᠋ᠨ ᠪᠣᠳᠣᠯ
ᠰᠥᠨᠢ ᠶ᠋ᠢᠨ ᠵᠡᠭᠦᠳᠦ
1210 ᠡᠳᠦᠷ ᠦ᠋ᠨ ᠶᠠᠪᠤᠳᠠᠯ ᠢ᠋ᠶ᠋ᠠᠨ ᠰᠥᠨᠢ ᠳ᠋ᠡᠭᠡᠨ ᠪᠣᠳᠣ
ᠮᠠᠷᠭᠠᠰᠢ ᠶ᠋ᠢᠨ ᠶᠠᠪᠤᠳᠠᠯ ᠢ᠋ᠶ᠋ᠠᠨ ᠥᠨᠥᠳᠥᠷ ᠪᠣᠳᠣ
1211 ᠥᠯᠵᠡᠢ ᠦᠭᠡᠢ ᠠᠯᠲᠠᠨ ᠠ᠋ᠴᠠ
ᠥᠯᠵᠡᠢ ᠲᠡᠢ ᠵᠡᠰ ᠳᠡᠭᠡᠷ᠎ᠡ
1212 ᠥᠯᠥᠩ ᠤᠷᠭᠤᠭᠰᠠᠨ ᠭᠠᠵᠠᠷ
ᠲᠠᠷᠢᠶ᠎ᠠ ᠪᠤᠤ ᠳᠠᠷᠢ
ᠦᠭᠡᠨ ᠳ᠋ᠡᠭᠡᠨ ᠬᠦᠷᠬᠦ ᠦᠭᠡᠢ ᠬᠥᠮᠦᠨ ᠲᠡᠢ
ᠠᠷᠠᠯᠵᠢᠶ᠎ᠠ ᠪᠤᠤ ᠬᠢ
1213 ᠥᠯᠥᠰᠦᠭᠡᠳ ᠢᠳᠡᠭᠰᠡᠨ ᠪᠤᠳᠠᠭ᠎ᠠ ᠰᠢᠬᠢᠷ ᠠᠳᠠᠯᠢ
ᠥᠲᠡᠯᠬᠦ ᠳ᠋ᠦ᠍ ᠲᠥᠷᠥᠭᠰᠡᠨ ᠦᠷ᠎ᠡ ᠵᠢᠷᠦᠬᠡ ᠠᠳᠠᠯᠢ
1214 ᠥᠯᠥᠰᠬᠦ ᠳ᠋ᠦ᠍ ᠢᠳᠡᠭᠡᠨ ᠦ᠌ ᠠᠮᠲᠠ ᠶ᠋ᠢ ᠮᠡᠳᠡᠬᠦ
ᠲᠠᠭᠠᠷᠠᠬᠤ ᠳ᠋ᠠᠭᠠᠨ ᠬᠤᠪᠴᠠᠰᠤᠨ ᠤ᠋ ᠳᠤᠯᠠᠭᠠᠨ ᠢ᠋ ᠮᠡᠳᠡᠬᠦ
1215 ᠥᠯᠥᠰᠬᠦ ᠳ᠋ᠡᠭᠡᠨ ᠬᠤᠯᠠᠭᠠᠢᠴᠢ ᠪᠣᠯᠬᠤ
ᠥᠰᠬᠦ ᠳ᠋ᠡᠭᠡᠨ ᠬᠡᠷᠡᠭᠦᠯᠴᠢ ᠪᠣᠯᠬᠤ
1216 ᠥᠯᠥᠰᠬᠦ ᠪᠡᠨ ᠮᠡᠳᠡᠪᠡᠯ ᠢᠳᠡᠬᠦ ᠪᠡᠨ ᠪᠡᠯᠡᠳᠭᠡ
ᠲᠠᠭᠠᠷᠠᠬᠤ ᠪᠠᠨ ᠮᠡᠳᠡᠪᠡᠯ ᠬᠤᠪᠴᠠᠰᠤ ᠪᠠᠨ ᠪᠡᠯᠡᠳᠭᠡ
1217 ᠥᠮᠥᠳᠥ ᠦᠭᠡᠢ ᠪᠠᠢᠲᠠᠯ᠎ᠠ ᠪᠠᠨ
ᠡᠪᠦᠳᠦᠭ ᠴᠣᠭᠣᠷᠬᠠᠢ ᠶ᠋ᠢ ᠡᠯᠡᠭᠯᠡᠬᠦ
1218 ᠥᠮᠥᠭ ᠲᠡᠢ ᠬᠥᠮᠦᠨ ᠦ᠌ ᠦᠭᠡ ᠪᠠᠷᠳᠠᠮ
ᠲᠦᠰᠢᠭ ᠲᠡᠢ ᠬᠥᠮᠦᠨ ᠦ᠌ ᠣᠮᠣᠭ ᠶᠡᠬᠡ
1219 ᠥᠩᠭᠡ ᠮᠥᠩᠭᠥ ᠨᠡᠢᠯᠡᠪᠡᠯ
ᠦᠨᠡᠨ ᠬᠤᠳᠠᠯ ᠢᠯᠭᠠᠷᠠᠬᠤ ᠦᠭᠡᠢ
ᠥᠷᠯᠥᠭᠡ ᠦᠳᠡᠰᠢ ᠵᠢᠪᠠᠷᠯᠠᠪᠠᠯ
ᠡᠪᠦᠯ ᠬᠠᠪᠤᠷ ᠢᠯᠭᠠᠷᠠᠬᠤ ᠦᠭᠡᠢ
1220 ᠥᠩᠭᠡ ᠮᠥᠩᠭᠥ ᠳ᠋ᠦ᠍ ᠪᠤᠤ ᠰᠢᠨᠤᠬᠠᠢᠷᠠ
ᠡᠪᠦᠭᠡ ᠳᠡᠭᠡᠳᠦᠰ ᠢ᠋ᠶ᠋ᠡᠨ ᠪᠤᠤ ᠭᠣᠳᠣᠭᠠ
1221 ᠥᠩᠭᠡ ᠮᠥᠩᠭᠥᠨ ᠦ᠌ ᠰᠠᠢᠬᠠᠨ ᠠ᠋ᠴᠠ
ᠦᠷᠦ ᠵᠢᠷᠦᠬᠡᠨ ᠦ᠌ ᠰᠠᠢᠨ ᠨᠢ
1222 ᠥᠩᠭᠡ ᠬᠥᠭᠡᠭᠡᠭᠰᠡᠨ ᠬᠥᠮᠦᠨ ᠤᠷᠪᠠᠮᠠᠲᠠᠭᠠᠢ
ᠡᠪᠡᠰᠦ ᠬᠥᠭᠡᠭᠡᠭᠰᠡᠨ ᠮᠠᠯ ᠡᠴᠡᠮᠡᠬᠡᠢ
1223 ᠥᠩᠭᠡᠨ ᠳ᠋ᠦ᠍ ᠪᠤᠤ ᠬᠠᠭᠤᠷᠲᠠ
ᠥᠷᠢᠨ ᠳ᠋ᠦ᠍ ᠪᠤᠤ ᠪᠠᠷᠢᠭᠳᠠ
1224 ᠥᠩᠭᠡᠷᠡᠬᠦ ᠴᠠᠭ ᠲᠦᠷᠭᠡᠨ
ᠥᠰᠬᠦ ᠨᠠᠰᠤ ᠬᠤᠷᠳᠤᠨ
1225 ᠥᠩᠭᠡᠨ ᠳ᠋ᠦ᠍ ᠦᠬᠦᠵᠦ
ᠮᠥᠩᠭᠥᠨ ᠳ᠋ᠦ᠍ ᠮᠥᠬᠥᠳᠡᠭ
1226 ᠥᠩᠭᠡᠷᠡᠬᠦ ᠴᠠᠭ ᠡᠷᠭᠢᠯᠲᠡ ᠲᠡᠢ
ᠥᠰᠬᠦ ᠨᠠᠰᠤ ᠪᠤᠴᠠᠯᠲᠠ ᠦᠭᠡᠢ
1227 ᠥᠩᠭᠡᠷᠡᠭᠰᠡᠨ ᠪᠣᠷᠣᠭᠠᠨ ᠤ᠋ ᠬᠣᠢᠨ᠎ᠠ ᠠ᠋ᠴᠠ
ᠴᠤᠪᠠ ᠪᠠᠨ ᠨᠥᠮᠥᠷᠬᠦ
1228 ᠥᠩᠭᠡᠷᠡᠭᠰᠡᠨ ᠰᠠᠢᠨ ᠢ᠋ ᠦᠯᠢᠭᠡᠷᠯᠡᠨ ᠳᠠᠭᠤᠷᠢᠶᠠ
ᠢᠷᠡᠭᠡᠳᠦᠢ ᠶ᠋ᠢᠨ ᠰᠠᠢᠨ ᠢ᠋ ᠤᠭᠲᠤᠭᠤᠯᠤᠨ ᠪᠣᠳᠣ
1229 ᠥᠩᠭᠡᠲᠦ ᠳᠥᠯᠥᠨ ᠦ᠌ ᠳᠦᠷᠰᠦ ᠬᠣᠭᠣᠰᠣᠨ
ᠦᠳᠡᠰᠢ ᠶ᠋ᠢᠨ ᠵᠡᠭᠦᠳᠦᠨ ᠦ᠌ ᠦᠢᠯᠡ ᠬᠣᠭᠣᠰᠣᠨ
1230 ᠥᠩᠭᠡ ᠲᠡᠢ ᠬᠥᠮᠦᠨ ᠦ᠌ ᠥᠩᠭᠡ ᠶ᠋ᠢ ᠬᠠᠷᠠᠵᠤ
ᠥᠭᠡᠬᠦ ᠲᠡᠢ ᠮᠢᠬᠠᠨ ᠤ᠋ ᠭᠠᠳᠠᠷ ᠢ᠋ ᠬᠠᠷᠠᠬᠤ
1231 ᠥᠩᠭᠡ ᠲᠡᠢ ᠡᠴᠡ ᠤᠬᠠᠭᠠᠨ ᠲᠠᠢ ᠨᠢ ᠳᠡᠭᠡᠷ᠎ᠡ
ᠥᠯᠥᠨ ᠡᠴᠡ ᠴᠠᠳᠬᠤᠯᠠᠩ ᠨᠢ ᠳᠡᠭᠡᠷ᠎ᠡ
1232 ᠥᠨᠳᠡᠭᠡᠨ ᠡᠴᠡ ᠦ ᠡᠷᠢᠵᠦ
ᠥᠭᠡᠬᠦᠨ ᠡᠴᠡ ᠰᠢᠷᠪᠥᠰᠥ ᠡᠷᠢᠬᠦ
1233 ᠥᠨᠳᠥᠷ ᠳᠡᠭᠡᠷ᠎ᠡ ᠡᠴᠡ ᠦᠶᠡᠷ ᠪᠠᠭᠤᠪᠠᠯ
ᠦᠨᠳᠦᠰᠦ ᠡᠪᠡᠰᠦ ᠶ᠋ᠢ ᠢᠯᠭᠠᠬᠤ ᠦᠭᠡᠢ
ᠦᠢᠯᠡ ᠵᠣᠪᠠᠯᠠᠩ ᠬᠠᠶᠠᠭᠠᠨ ᠳ᠋ᠤ᠌ ᠢᠷᠡᠪᠡᠯ
ᠦᠳᠡᠯᠦᠭᠡ ᠵᠠᠯᠠᠭᠤ ᠶ᠋ᠢ ᠢᠯᠭᠠᠬᠤ ᠦᠭᠡᠢ
1234 ᠥᠨᠳᠥᠷ ᠨᠢ ᠦᠵᠡᠭᠡᠳ ᠢᠨᠢᠶᠡᠬᠦ ᠳ᠋ᠦ᠍
ᠨᠠᠮᠬᠠᠨ ᠨᠢ ᠳᠠᠭᠤᠷᠢᠶᠠᠵᠤ ᠪᠠᠶᠠᠷᠯᠠᠬᠤ
1235 ᠥᠨᠳᠥᠷ ᠲᠩᠷᠢ ᠡᠴᠢᠭᠡ
ᠥᠷᠭᠡᠨ ᠳᠠᠯᠠᠢ ᠡᠬᠡ
1236 ᠥᠨᠳᠥᠷ ᠠᠭᠤᠯᠠ
ᠦᠶᠡᠷ ᠡᠴᠡ ᠠᠶᠤᠬᠤ ᠦᠭᠡᠢ
1237 ᠥᠨᠳᠥᠷ ᠠᠭᠤᠯᠠ ᠣᠷᠣᠢ ᠳ᠋ᠠᠭᠠᠨ ᠴᠠᠰᠤ ᠲᠠᠢ
ᠥᠨᠥᠴᠢᠨ ᠬᠥᠮᠦᠨ ᠰᠡᠳᠬᠢᠯ ᠳ᠋ᠡᠭᠡᠨ ᠵᠣᠪᠠᠯᠠᠩ ᠲᠠᠢ
1238 ᠥᠨᠳᠥᠷ ᠠᠭᠤᠯᠠ ᠴᠢᠯᠠᠭᠤ ᠪᠠᠷ ᠢ᠋ᠶ᠋ᠠᠨ
ᠤᠷᠭᠤᠭ᠎ᠠ ᠮᠣᠳᠣ ᠦᠨᠳᠦᠰᠦ ᠪᠡᠷ ᠢ᠋ᠶ᠋ᠡᠨ
1239 ᠥᠨᠳᠥᠷ ᠠᠭᠤᠯᠠ ᠶ᠋ᠢᠨ ᠨᠥᠮᠥᠷᠢ ᠰᠠᠢᠬᠠᠨ
ᠡᠪᠦᠭᠡᠨ ᠬᠥᠮᠦᠨ ᠦ᠌ ᠲᠦᠰᠢᠭ ᠰᠠᠢᠬᠠᠨ
1240 ᠥᠨᠳᠥᠷ ᠲᠦ᠍ ᠳᠤᠷᠠᠯᠠᠭᠠᠳ ᠯᠠ ᠪᠠᠢᠪᠠᠯ
ᠥᠭᠡᠳᠡᠯᠡᠬᠦ ᠵᠠᠮ ᠨᠢ ᠠᠬᠢᠬᠤ ᠦᠭᠡᠢ
1241 ᠥᠨᠳᠥᠷ ᠦ᠋ᠨ ᠡᠴᠦᠰ ᠲᠦ᠍ ᠨᠤᠷᠠᠬᠤ
ᠲᠥᠷᠥᠭᠰᠡᠨ ᠦ᠌ ᠡᠴᠦᠰ ᠲᠦ᠍ ᠦᠬᠦᠬᠦ
1242 ᠥᠨᠳᠥᠷ ᠡᠴᠡ ᠪᠠᠭᠤᠭᠰᠠᠨ ᠤᠰᠤ ᠬᠡᠴᠡᠭᠦᠦ
ᠦᠷᠪᠡᠯᠵᠡᠬᠦ ᠭᠠᠯ ᠤ᠋ᠨ ᠳᠥᠯᠥ ᠬᠡᠴᠡᠭᠦᠦ
1243 ᠥᠨᠥᠴᠢᠨ ᠭᠡᠵᠦ ᠪᠤᠤ ᠭᠤᠨᠢᠭᠯᠠ
ᠥᠨᠢᠷ ᠭᠡᠵᠦ ᠪᠤᠤ ᠰᠠᠭᠰᠠᠭᠤᠷᠠ
1244 ᠥᠨᠥᠴᠢᠨ ᠦ᠌ ᠭᠠᠰᠠᠯᠠᠩ ᠪᠤᠮᠠᠨ ᠪᠡᠷᠬᠡ
ᠡᠪᠡᠳᠴᠢᠨ ᠦ᠌ ᠵᠣᠪᠠᠯᠠᠩ ᠲᠦᠮᠡᠨ ᠪᠡᠷᠬᠡ
1245 ᠦ ᠡᠷᠢᠵᠦ
ᠬᠦ ᠲᠦᠷᠬᠢᠬᠦ
1246 ᠥᠭᠡᠳᠡᠯᠡᠬᠦ ᠠᠢᠯ ᠤ᠋ᠨ ᠦᠭᠡ ᠨᠢ ᠨᠢᠭᠡ
ᠥᠰᠬᠦ ᠮᠠᠯ ᠤ᠋ᠨ ᠵᠢᠰᠦ ᠨᠢ ᠨᠢᠭᠡ
1247 ᠥᠭᠡᠳᠡᠯᠡᠬᠦ ᠬᠥᠮᠦᠨ ᠡᠳᠦᠷ ᠢ᠋ᠶ᠋ᠡᠷ ᠪᠠᠶᠠᠵᠢᠬᠤ
ᠦᠭᠡᠢᠷᠡᠬᠦ ᠬᠥᠮᠦᠨ ᠰᠥᠨᠢ ᠪᠡᠷ ᠪᠠᠶᠠᠵᠢᠬᠤ
1248 ᠥᠭᠡᠳᠡᠯᠡᠬᠦ ᠴᠠᠭ ᠤ᠋ᠨ ᠨᠠᠢᠵᠠ
ᠦᠬᠡᠷ ᠦ᠋ᠨ ᠦᠰᠦᠨ ᠡᠴᠡ ᠣᠯᠠᠨ
ᠤᠷᠤᠭᠤᠳᠠᠬᠤ ᠴᠠᠭ ᠤ᠋ᠨ ᠨᠥᠬᠥᠷ
ᠡᠳᠦᠷ ᠦ᠋ᠨ ᠣᠳᠣ ᠠ᠋ᠴᠠ ᠴᠥᠭᠡᠨ
1249 ᠥᠭᠡᠳᠡᠯᠡᠬᠦ ᠳ᠋ᠦ᠍ ᠣᠮᠣᠭᠰᠢᠬᠤ ᠮᠠᠭᠤ
ᠤᠷᠤᠭᠤᠳᠠᠬᠤ ᠳ᠋ᠤ᠌ ᠭᠤᠲᠤᠷᠠᠬᠤ ᠮᠠᠭᠤ
1250 ᠥᠭᠡᠳᠡᠯᠡᠬᠦ ᠳ᠋ᠦ᠍ ᠰᠠᠨᠠᠬᠤ᠂ ᠰᠡᠷᠡᠬᠦ
ᠤᠷᠤᠭᠤᠳᠠᠬᠤ ᠳ᠋ᠤ᠌ ᠤᠨᠲᠠᠬᠤ᠂ ᠮᠠᠷᠲᠠᠬᠤ