ᠮᠣᠩᠭᠣᠯ ᠵᠦᠢᠷ ᠰᠡᠴᠡᠨ ᠦᠭᠡ ᠶ᠋ᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠰ ᠶ᠋ᠢᠨ ᠠᠢᠮᠠᠭ>
2026-06-06
ᠣᠩᠱᠢᠭ᠍ᠰᠠᠨ ᠣᠳᠠᠭ᠎ᠠ᠄
- ᠰ (C) -
 
1308 ᠰᠠᠭᠠᠳᠠᠭ ᠨᠤᠮᠤ ᠡᠷ᠎ᠡ ᠶ᠋ᠢᠨ ᠴᠢᠮᠡᠭ
ᠰᠠᠨᠵᠢᠯᠭ᠎ᠠ ᠰᠦᠢᠬᠡ ᠡᠮ᠎ᠡ ᠶ᠋ᠢᠨ ᠴᠢᠮᠡᠭ
 
1309 ᠰᠠᠭᠠᠳᠠᠭ ᠲᠠᠢ ᠨᠤᠮᠤ
ᠰᠠᠯᠬᠢᠨ ᠠ᠋ᠴᠠ ᠭᠠᠵᠢᠳᠠᠭ
ᠰᠠᠢᠨ ᠬᠥᠮᠦᠨ ᠦ᠌ ᠦᠷ᠎ᠡ
ᠰᠠᠨᠠᠭᠠᠨ ᠠ᠋ᠴᠠ ᠪᠠᠨ ᠭᠠᠵᠢᠳᠠᠭ ᠦᠭᠡᠢ
 
1310 ᠰᠠᠭᠠᠯᠢ ᠪᠠᠨ ᠪᠠᠵᠠᠭᠠᠬᠤ ᠪᠠᠷ
ᠰᠠᠪᠠ ᠪᠠᠨ ᠪᠠᠵᠠᠭ᠎ᠠ
 
1311 ᠰᠠᠪᠠ ᠳᠦᠭᠦᠷᠡᠩ ᠢᠳᠡᠭᠡ ᠲᠡᠢ
ᠰᠠᠨᠠᠭ᠎ᠠ ᠳᠦᠭᠦᠷᠡᠩ ᠵᠢᠷᠭᠠᠯ ᠲᠠᠢ
 
1312 ᠰᠠᠪᠠ ᠶᠢᠷᠲᠢᠨᠴᠦ ᠬᠢᠵᠠᠭᠠᠷ ᠦᠭᠡᠢ
ᠰᠠᠨᠠᠭ᠎ᠠ ᠪᠣᠳᠣᠯ ᠦᠵᠦᠭᠦᠷ ᠦᠭᠡᠢ
 
1313 ᠰᠠᠪᠠ ᠨᠢ ᠲᠣᠮᠣ ᠪᠣᠯ
ᠰᠠᠭᠠᠯᠢ ᠨᠢ ᠠᠷᠪᠢᠨ
 
1314 ᠰᠠᠪᠠ ᠰᠠᠪᠠᠨ ᠠ᠋ᠴᠠ ᠪᠠᠨ ᠬᠣᠵᠢᠳᠠᠳᠠᠭ ᠦᠭᠡᠢ
ᠰᠠᠮᠪᠠᠢ ᠬᠠᠳᠠᠭ ᠠ᠋ᠴᠠ ᠪᠠᠨ ᠳᠤᠲᠠᠳᠠᠭ ᠦᠭᠡᠢ
 
1315 ᠰᠠᠪᠠ ᠬᠣᠭᠣᠰᠣᠨ ᠪᠤᠴᠠᠭᠠᠳᠠᠭ ᠦᠭᠡᠢ
ᠰᠠᠪᠰᠠᠭ ᠦᠭᠡ ᠬᠡᠯᠡᠳᠡᠭ ᠦᠭᠡᠢ
 
1316 ᠰᠠᠪᠠᠭ᠎ᠠ ᠦᠭᠡᠢ ᠨᠣᠬᠠᠢ
ᠰᠠᠷᠠᠨ ᠳ᠋ᠤ᠌ ᠬᠤᠴᠠᠬᠤ
 
1317 ᠰᠠᠪᠠᠭ᠎ᠠ ᠦᠭᠡᠢ ᠲᠣᠭᠯᠠᠭᠠᠮ ᠪᠤᠤ ᠲᠣᠭᠯᠠ
ᠰᠠᠨᠠᠮᠰᠠᠷ ᠦᠭᠡᠢ ᠦᠭᠡ ᠪᠤᠤ ᠬᠡᠯᠡ
 
1318 ᠰᠠᠪᠠᠭ᠎ᠠ ᠦᠭᠡᠢ ᠬᠥᠮᠦᠨ ᠦ᠌
ᠰᠠᠨᠠᠭ᠎ᠠ ᠲᠠᠷᠭᠤᠨ
 
1319 ᠰᠠᠪᠠᠭ᠎ᠠ ᠦᠭᠡᠢ ᠶᠠᠭᠤᠮᠠᠨ ᠳ᠋ᠤ᠌ ᠰᠠᠪᠠᠴᠢᠵᠤ
ᠰᠡᠮᠡᠵᠡᠨ ᠦ᠌ ᠪᠡᠨ ᠲᠣᠰᠣ ᠶ᠋ᠢ ᠪᠠᠷᠠᠬᠤ
 
1320 ᠰᠠᠪᠠᠷ ᠰᠠᠢᠨ ᠴᠦ᠍
ᠠᠷᠤᠭ ᠮᠠᠭᠤ ᠪᠣᠯ ᠨᠡᠮᠡᠷᠢ ᠦᠭᠡᠢ
 
1321 ᠰᠠᠪᠠᠨ ᠤ᠋ ᠭᠬᠢᠷ ᠡᠴᠡ
ᠰᠠᠨᠠᠭᠠᠨ ᠤ᠋ ᠭᠬᠢᠷ ᠬᠡᠴᠡᠭᠦᠦ
 
1322 ᠰᠠᠪᠠᠨ ᠤ᠋ ᠴᠡᠪᠡᠷ ᠨᠢ ᠭᠠᠳᠠᠨ᠎ᠠ ᠪᠠᠨ
ᠰᠠᠨᠠᠭᠠᠨ ᠤ᠋ ᠴᠡᠪᠡᠷ ᠨᠢ ᠳᠣᠲᠣᠷ᠎ᠠ ᠪᠠᠨ
 
1323 ᠰᠠᠭᠯᠠᠭᠠᠷ ᠮᠣᠳᠣ ᠠᠭᠤᠯᠠ ᠶ᠋ᠢᠨ ᠴᠢᠮᠡᠭ
ᠰᠠᠢᠬᠠᠨ ᠬᠡᠦᠬᠡᠨ ᠭᠡᠷ ᠦ᠋ᠨ ᠴᠢᠮᠡᠭ
 
1324 ᠰᠠᠭᠰᠠᠭᠤᠷᠠᠵᠤ ᠪᠠᠢᠭᠠᠳ ᠣᠰᠣᠯᠳᠠᠬᠤ
ᠰᠠᠨᠳᠠᠢᠯᠠᠵᠤ ᠪᠠᠢᠭᠠᠳ ᠤᠨᠠᠬᠤ
 
1325 ᠰᠠᠳᠤᠨ ᠲᠠᠢ ᠬᠥᠮᠦᠨ
ᠰᠠᠯᠠᠭ᠎ᠠ ᠲᠠᠢ ᠮᠣᠳᠣ
 
1326 ᠰᠠᠳᠤᠷ ᠰᠠᠮᠠᠭᠤᠨ ᠶᠠᠪᠤᠪᠠᠯ
ᠰᠠᠢᠨ ᠨᠡᠷ᠎ᠡ ᠪᠡᠨ ᠠᠯᠳᠠᠨ᠎ᠠ
 
1327 ᠰᠠᠳᠤᠷ ᠡᠮ᠎ᠡ ᠭᠡᠷ ᠪᠤᠵᠠᠷᠯᠠᠨ᠎ᠠ
ᠰᠢᠷᠪᠠᠭ᠎ᠠ ᠥᠯᠥᠭᠴᠢᠨ ᠬᠣᠲᠠ ᠪᠤᠵᠠᠷᠯᠠᠨ᠎ᠠ
 
1328 ᠰᠠᠢᠳ ᠦᠭᠡᠢ ᠳ᠋ᠦ᠍
ᠰᠠᠢᠨ ᠡᠪᠦᠭᠡᠨ ᠰᠠᠢᠳ
 
1329 ᠰᠠᠢᠵᠢᠷᠠᠨ ᠳᠡᠭᠡᠭᠰᠢᠯᠡᠬᠦ ᠶ᠋ᠢ ᠬᠦᠰᠡᠭᠴᠢᠳ
ᠵᠠᠯᠠᠭᠤ ᠠ᠋ᠴᠠ ᠪᠠᠨ ᠡᠷᠳᠡᠮ ᠰᠤᠷ
 
1330 ᠰᠠᠢᠨ ᠠᠬ᠎ᠠ ᠳᠡᠭᠦᠦ
ᠮᠢᠩᠭ᠎ᠠ ᠪᠠᠢᠭᠰᠠᠨ ᠴᠦ᠍ ᠠᠷᠪᠢᠳᠠᠬᠤ ᠦᠭᠡᠢ
ᠮᠠᠭᠤ ᠠᠬ᠎ᠠ ᠳᠡᠭᠦᠦ
ᠨᠢᠭᠡ ᠪᠠᠢᠭᠰᠠᠨ ᠴᠦ᠍ ᠪᠠᠭᠠᠳᠠᠬᠤ ᠦᠭᠡᠢ
 
1331 ᠰᠠᠢᠨ ᠪᠣᠯᠵᠤ ᠭᠡᠪᠡᠯ ᠪᠢ ᠬᠢᠭᠰᠡᠨ ᠭᠡᠳ
ᠰᠠᠭᠠᠷ ᠪᠣᠯᠵᠤ ᠭᠡᠪᠡᠯ ᠲᠡᠷᠡ ᠬᠢᠭᠰᠡᠨ ᠭᠡᠬᠦ
 
1332 ᠰᠠᠢᠨ ᠪᠡᠷᠭᠡᠨ ᠡᠵᠢ ᠮᠡᠲᠦ
ᠰᠠᠢᠨ ᠪᠡᠷᠢ ᠬᠡᠦᠬᠡᠨ ᠮᠡᠲᠦ
 
1333 ᠰᠠᠢᠨ ᠭᠡᠳᠡᠭ ᠨᠢ ᠪᠡᠶ᠎ᠡ ᠳ᠋ᠡᠭᠡᠨ
ᠰᠠᠢᠬᠠᠨ ᠭᠡᠳᠡᠭ ᠨᠢ ᠵᠢᠰᠦᠨ ᠳ᠋ᠡᠭᠡᠨ
 
1334 ᠰᠠᠢᠨ ᠭᠡᠷᠡᠴᠢ ᠤᠷᠤᠭᠤᠯ ᠳ᠋ᠠᠭᠠᠨ ᠲᠣᠰᠣ ᠲᠠᠢ
ᠮᠠᠭᠤ ᠭᠡᠷᠡᠴᠢ ᠪᠥᠭᠰᠡᠨ ᠳ᠋ᠡᠭᠡᠨ ᠲᠠᠰᠢᠭᠤᠷ ᠲᠠᠢ
 
1335 ᠰᠠᠢᠨ ᠳᠠᠷᠬᠠᠨ ᠭᠠᠷ ᠢ᠋ᠶ᠋ᠠᠨ ᠴᠣᠬᠢᠳᠠᠭ ᠦᠭᠡᠢ
ᠰᠠᠢᠨ ᠣᠶᠣᠳᠠᠯᠴᠢᠨ ᠤᠲᠠᠰᠤ ᠪᠠᠨ ᠵᠠᠩᠭᠢᠳᠳᠠᠭ ᠦᠭᠡᠢ
 
1336 ᠰᠠᠢᠨ ᠮᠣᠷᠢ ᠵᠠᠮ ᠤ᠋ᠨ ᠬᠠᠨᠢ
ᠰᠠᠢᠨ ᠡᠬᠡᠨᠡᠷ ᠨᠠᠰᠤᠨ ᠤ᠋ ᠬᠠᠨᠢ
 
1337 ᠰᠠᠢᠨ ᠮᠣᠷᠢ ᠰᠠᠯᠬᠢᠰᠠᠭ
ᠰᠠᠢᠨ ᠡᠷ᠎ᠡ ᠨᠠᠢᠷᠰᠠᠭ
 
1338 ᠰᠠᠢᠨ ᠮᠣᠷᠢ ᠴᠢᠬᠢᠨ ᠳ᠋ᠡᠭᠡᠨ
ᠰᠠᠢᠨ ᠡᠷ᠎ᠡ ᠨᠢᠳᠦᠨ ᠳ᠋ᠡᠭᠡᠨ
 
1339 ᠰᠠᠢᠨ ᠮᠣᠷᠢ ᠡᠮᠡᠭᠡᠯ ᠪᠢᠰᠢ
ᠰᠠᠢᠬᠠᠨ ᠴᠢᠷᠠᠢ ᠳᠡᠪᠡᠯ ᠪᠢᠰᠢ
 
1340 ᠰᠠᠢᠨ ᠮᠣᠷᠢ ᠡᠴᠡᠬᠦ ᠦᠭᠡᠢ
ᠰᠠᠢᠨ ᠬᠥᠮᠦᠨ ᠭᠤᠲᠤᠬᠤ ᠦᠭᠡᠢ
 
1341 ᠰᠠᠢᠨ ᠮᠣᠷᠢ ᠶ᠋ᠢ ᠭᠤᠷᠪᠠ ᠭᠤᠶᠠᠳᠠᠪᠠᠯ ᠰᠢᠷᠪᠠᠭ᠎ᠠ ᠪᠣᠯᠬᠤ
ᠰᠠᠢᠨ ᠦᠭᠡ ᠶ᠋ᠢ ᠭᠤᠷᠪᠠ ᠬᠡᠯᠡᠪᠡᠯ ᠴᠠᠯᠴᠢᠶ᠎ᠠ ᠪᠣᠯᠬᠤ
 
1342 ᠰᠠᠢᠨ ᠮᠣᠷᠢ ᠶ᠋ᠢ ᠲᠠᠰᠢᠭᠤᠷᠳᠠᠭᠰᠠᠭᠠᠷ ᠬᠠᠱᠠᠩ ᠪᠣᠯᠭᠠᠬᠤ
ᠰᠠᠢᠨ ᠬᠥᠮᠦᠨ ᠢ᠋ ᠵᠥᠭᠡᠭᠰᠡᠭᠡᠷ ᠮᠠᠭᠤ ᠪᠣᠯᠭᠠᠬᠤ
 
1343 ᠰᠠᠢᠨ ᠮᠣᠷᠢᠨ ᠳ᠋ᠤ᠌ ᠭᠠᠭᠴᠠ ᠡᠮᠡᠭᠡᠯ
ᠰᠠᠢᠨ ᠬᠡᠦᠬᠡᠨ ᠳ᠋ᠦ᠍ ᠨᠢᠭᠡ ᠡᠷ᠎ᠡ
 
1344 ᠰᠠᠢᠨ ᠮᠣᠷᠢᠨ ᠳ᠋ᠤ᠌ ᠡᠵᠡᠨ ᠣᠯᠠᠨ
ᠰᠠᠢᠨ ᠬᠥᠮᠦᠨ ᠳ᠋ᠦ᠍ ᠨᠥᠬᠥᠷ ᠣᠯᠠᠨ
 
1345 ᠰᠠᠢᠨ ᠮᠠᠭᠤ ᠦᠭᠡ ᠶ᠋ᠢ ᠢᠯᠭᠠᠵᠤ ᠰᠤᠷ
ᠬᠠᠷ᠎ᠠ ᠴᠠᠭᠠᠨ ᠬᠡᠷᠡᠭ ᠢ᠋ ᠰᠠᠯᠭᠠᠵᠤ ᠰᠤᠷ
 
1346 ᠰᠠᠢᠨ ᠮᠠᠭᠤ ᠬᠣᠶᠠᠷ ᠰᠡᠳᠬᠢᠯ ᠢ᠋ᠶ᠋ᠡᠷ ᠢ᠋ᠶ᠋ᠡᠨ ᠢᠯᠭᠠᠷᠠᠬᠤ
ᠲᠤᠰᠠ ᠬᠣᠣᠷ ᠬᠣᠶᠠᠷ ᠦᠢᠯᠡ ᠪᠡᠷ ᠢ᠋ᠶ᠋ᠡᠨ ᠢᠯᠭᠠᠷᠠᠬᠤ
 
1347 ᠰᠠᠢᠨ ᠮᠠᠭᠤ ᠢᠯᠭᠠᠪᠤᠷᠢ ᠲᠠᠢ
ᠰᠠᠢᠳ ᠲᠦᠰᠢᠮᠡᠳ ᠬᠡᠮᠵᠢᠶ᠎ᠡ ᠲᠡᠢ
 
1348 ᠰᠠᠢᠨ ᠮᠠᠭᠤ ᠶ᠋ᠢᠨ ᠰᠠᠪᠠ ᠨᠢᠭᠡ
ᠰᠠᠭᠠᠳᠠᠭ ᠨᠤᠮᠤ ᠶ᠋ᠢᠨ ᠬᠦᠴᠦ ᠨᠢᠭᠡ
 
1349 ᠰᠠᠢᠨ ᠨᠣᠶᠠᠨ ᠭᠡᠭᠡᠨ ᠨᠠᠷᠠᠨ ᠮᠡᠲᠦ
ᠰᠠᠭᠠᠷ ᠨᠣᠶᠠᠨ ᠮᠤᠬᠤᠷ ᠬᠤᠴᠠ ᠮᠡᠲᠦ
 
1350 ᠰᠠᠢᠨ ᠨᠣᠬᠠᠢ ᠬᠣᠲᠠ ᠪᠠᠨ ᠰᠠᠬᠢᠨ᠎ᠠ
ᠮᠠᠭᠤ ᠡᠮ᠎ᠡ ᠡᠭᠦᠳᠡ ᠭᠡᠰᠦᠨ᠎ᠡ
 
1351 ᠰᠠᠢᠨ ᠨᠥᠬᠥᠷ ᠴᠢᠯᠠᠭᠤᠨ ᠬᠡᠷᠡᠮ ᠡᠴᠡ ᠴᠦ᠍ ᠪᠠᠲᠤ
ᠰᠠᠢᠨ ᠮᠣᠷᠢ ᠬᠠᠷᠴᠠᠭᠠᠢ ᠰᠢᠪᠠᠭᠤᠨ ᠠ᠋ᠴᠠ ᠴᠦ᠍ ᠬᠤᠷᠳᠤᠨ
 
1352 ᠰᠠᠢᠨ ᠨᠢ ᠮᠠᠭᠤ ᠪᠠᠨ ᠳᠠᠷᠤᠯᠠᠨ᠎ᠠ
ᠮᠤᠤᠷ ᠬᠤᠯᠤᠭᠠᠨ᠎ᠠ ᠪᠠᠨ ᠳᠠᠷᠤᠯᠠᠨ᠎ᠠ
 
1353 ᠰᠠᠢᠨ ᠨᠡᠷ᠎ᠡ ᠶ᠋ᠢ ᠠᠯᠳᠠᠪᠠᠯ
ᠮᠠᠭᠤ ᠨᠡᠷ᠎ᠡ ᠪᠠᠯᠠᠷᠠᠬᠤ ᠦᠭᠡᠢ
 
1354 ᠰᠠᠢᠨ ᠨᠡᠷ᠎ᠡ ᠶ᠋ᠢ ᠬᠦᠰᠡᠪᠡᠴᠦ ᠣᠯᠬᠤ ᠳ᠋ᠤ᠌ ᠪᠡᠷᠬᠡ
ᠮᠠᠭᠤ ᠨᠡᠷ᠎ᠡ ᠶ᠋ᠢ ᠬᠤᠰᠤᠪᠠᠴᠤ ᠠᠷᠢᠯᠭᠠᠬᠤ ᠳ᠋ᠤ᠌ ᠪᠡᠷᠬᠡ
 
1355 ᠰᠠᠢᠨ ᠰᠠᠨᠠᠭ᠎ᠠ ᠥᠭᠡᠳᠡ ᠪᠡᠨ
ᠮᠠᠭᠤ ᠰᠠᠨᠠᠭ᠎ᠠ ᠤᠷᠤᠭᠤ ᠪᠠᠨ
 
1356 ᠰᠠᠢᠨ ᠰᠠᠨᠠᠭᠠᠨ ᠤ᠋ ᠦᠷ᠎ᠡ ᠶᠠᠪᠤᠨ ᠶᠠᠪᠤᠵᠤ ᠳᠡᠢᠯᠳᠡᠭ
ᠰᠠᠯᠬᠢᠨ ᠤ᠋ ᠦᠷ᠎ᠡ ᠶᠠᠪᠤᠨ ᠶᠠᠪᠤᠵᠤ ᠳᠤᠯᠠᠭᠠᠷᠠᠳᠠᠭ
 
1357 ᠰᠠᠢᠨ ᠰᠠᠨᠠᠭ᠎ᠠ ᠲᠠᠢ ᠪᠣᠯ ᠪᠤᠷᠬᠠᠨ ᠳᠠᠭᠠᠨ᠎ᠠ
ᠮᠠᠭᠤ ᠰᠠᠨᠠᠭ᠎ᠠ ᠲᠠᠢ ᠪᠣᠯ ᠴᠢᠳᠬᠥᠷ ᠳᠠᠭᠠᠨ᠎ᠠ
 
1358 ᠰᠠᠢᠨ ᠰᠠᠨᠠᠭᠠᠲᠠᠨ ᠤ᠋ ᠦᠭᠡ ᠨᠢ ᠲᠣᠰᠣ
ᠮᠠᠭᠤ ᠰᠠᠨᠠᠭᠠᠲᠠᠨ ᠤ᠋ ᠦᠭᠡ ᠨᠢ ᠤᠰᠤ
 
1359 ᠰᠠᠢᠨ ᠰᠡᠳᠬᠢᠯ ᠲᠠᠯ᠎ᠠ ᠲᠣᠭᠣᠷᠢᠵᠤ
ᠮᠠᠭᠤ ᠰᠡᠳᠬᠢᠯ ᠪᠡᠶ᠎ᠡ ᠣᠷᠢᠶᠠᠨ᠎ᠠ
 
1360 ᠰᠠᠢᠨ ᠲᠡᠮᠦᠷ ᠵᠢᠪᠡᠷᠡᠪᠡᠴᠦ ᠬᠡᠷᠡᠭ ᠲᠡᠢ
ᠰᠠᠢᠨ ᠬᠥᠮᠦᠨ ᠥᠲᠡᠯᠪᠡᠴᠦ ᠬᠦᠨᠳᠦ ᠲᠡᠢ
 
1361 ᠰᠠᠢᠨ ᠤᠬᠠᠭᠠᠨᠲᠤ ᠬᠥᠮᠦᠨ
ᠠᠰᠢᠳᠠ ᠥᠪᠡᠷ ᠦ᠋ᠨ ᠭᠡᠮ ᠢ᠋ ᠰᠢᠨᠵᠢᠯᠡᠨ᠎ᠡ
ᠰᠠᠪᠠᠭ᠎ᠠ ᠦᠭᠡᠢ ᠬᠥᠮᠦᠨ
ᠢᠮᠠᠭᠲᠠ ᠪᠤᠰᠤᠳ ᠤ᠋ᠨ ᠭᠡᠮ ᠢ᠋ ᠰᠢᠨᠵᠢᠯᠡᠨ᠎ᠡ
 
1362 ᠰᠠᠢᠨ ᠦᠢᠯᠡᠰ ᠦ᠋ᠨ ᠨᠡᠷ᠎ᠡ ᠶ᠋ᠢ
ᠰᠠᠳᠤᠷ ᠶᠠᠪᠤᠳᠠᠯ ᠪᠠᠯᠠᠯᠤᠨ᠎ᠠ
 
1363 ᠰᠠᠢᠨ ᠬᠠᠪᠤᠷ ᠴᠠᠰᠤ ᠲᠠᠢ
ᠮᠠᠭᠤ ᠨᠠᠮᠤᠷ ᠪᠣᠷᠣᠭ᠎ᠠ ᠲᠠᠢ
 
1364 ᠰᠠᠢᠨ ᠬᠥᠮᠦᠨ ᠠᠵᠢᠯ ᠬᠢᠭᠰᠡᠨ ᠢ᠋ᠶ᠋ᠡᠨ ᠰᠠᠢᠷᠬᠠᠬᠤ
ᠮᠠᠭᠤ ᠬᠥᠮᠦᠨ ᠭᠡᠳᠡᠰᠦ ᠴᠠᠳᠤᠭᠰᠠᠨ ᠢ᠋ᠶ᠋ᠠᠨ ᠰᠠᠢᠷᠬᠠᠬᠤ
 
1365 ᠰᠠᠢᠨ ᠬᠥᠮᠦᠨ ᠠᠵᠢᠯ ᠳ᠋ᠠᠭᠠᠨ
ᠮᠠᠭᠤ ᠬᠥᠮᠦᠨ ᠢᠳᠡᠬᠦ ᠳ᠋ᠡᠭᠡᠨ
 
1366 ᠰᠠᠢᠨ ᠬᠥᠮᠦᠨ ᠠᠵᠢᠯ ᠢ᠋ᠶ᠋ᠠᠷ ᠢ᠋ᠶ᠋ᠠᠨ
ᠰᠠᠭᠰᠠᠭᠤ ᠬᠥᠮᠦᠨ ᠠᠮᠠ ᠪᠠᠷ ᠢ᠋ᠶ᠋ᠠᠨ
 
1367 ᠰᠠᠢᠨ ᠬᠥᠮᠦᠨ ᠪᠣᠯᠭᠠᠨ ᠳ᠋ᠤ᠌
ᠰᠠᠢᠨ ᠮᠠᠭᠤ ᠨᠡᠷ᠎ᠡ ᠬᠣᠣᠰᠯᠠᠵᠤ ᠶᠠᠪᠤᠳᠠᠭ
 
1368 ᠰᠠᠢᠨ ᠬᠥᠮᠦᠨ ᠵᠥᠪᠰᠢᠶᠡᠭᠡᠴᠢ
ᠰᠠᠢᠨ ᠮᠣᠷᠢ ᠬᠠᠲᠠᠷᠢᠭᠠᠴᠢ
 
1369 ᠰᠠᠢᠨ ᠬᠥᠮᠦᠨ ᠮᠣᠷᠢ ᠪᠠᠨ ᠬᠠᠷᠠᠵᠤ
ᠰᠠᠢᠬᠠᠨ ᠲᠤᠭᠤᠯ ᠰᠡᠭᠦᠯ ᠢ᠋ᠶ᠋ᠡᠨ ᠬᠠᠷᠠᠬᠤ
 
1370 ᠰᠠᠢᠨ ᠬᠥᠮᠦᠨ ᠮᠠᠭᠤ ᠲᠠᠢ
ᠰᠠᠢᠨ ᠮᠣᠷᠢ ᠴᠤᠤ ᠲᠠᠢ
 
1371 ᠰᠠᠢᠨ ᠬᠥᠮᠦᠨ ᠨᠥᠬᠥᠷᠰᠡᠭ
ᠮᠠᠭᠤ ᠬᠥᠮᠦᠨ ᠠᠮᠢᠨᠴᠢ
 
1372 ᠰᠠᠢᠨ ᠬᠥᠮᠦᠨ ᠨᠤᠲᠤᠭ ᠲᠠᠭᠠᠨ ᠠᠭᠤᠯᠠ
ᠮᠠᠭᠤ ᠬᠥᠮᠦᠨ ᠨᠤᠲᠤᠭ ᠲᠠᠭᠠᠨ ᠣᠭᠣᠯᠢ
 
1373 ᠰᠠᠢᠨ ᠬᠥᠮᠦᠨ ᠨᠢᠭᠡ ᠦᠭᠡᠨ ᠳ᠋ᠦ᠍
ᠰᠠᠢᠨ ᠮᠣᠷᠢ ᠨᠢᠭᠡ ᠲᠠᠰᠢᠭᠤᠷ ᠲᠤ᠌
 
1374 ᠰᠠᠢᠨ ᠬᠥᠮᠦᠨ ᠨᠡᠷ᠎ᠡ ᠪᠡᠨ ᠬᠠᠢᠷᠠᠯᠠᠨ᠎ᠠ
ᠲᠣᠭᠣᠰ ᠰᠢᠪᠠᠭᠤ ᠰᠡᠭᠦᠯ ᠢ᠋ᠶ᠋ᠡᠨ ᠬᠠᠢᠷᠠᠯᠠᠨ᠎ᠠ
 
1375 ᠰᠠᠢᠨ ᠬᠥᠮᠦᠨ ᠦᠭᠡ ᠪᠡᠷ
ᠰᠠᠢᠪᠤᠷ ᠮᠣᠷᠢ ᠵᠢᠷᠣᠭ᠎ᠠ ᠪᠠᠷ
 
1376 ᠰᠠᠢᠨ ᠬᠥᠮᠦᠨ ᠡᠪᠳᠡᠷᠡᠬᠦ ᠨᠢ ᠪᠡᠷᠬᠡ
ᠰᠠᠭᠠᠷ ᠬᠥᠮᠦᠨ ᠬᠠᠨᠢᠯᠠᠬᠤ ᠨᠢ ᠪᠡᠷᠬᠡ
 
1377 ᠰᠠᠢᠨ ᠬᠥᠮᠦᠨ ᠶᠠᠪᠤᠭᠰᠠᠨ ᠢ᠋ᠶ᠋ᠠᠨ
ᠮᠠᠭᠤ ᠬᠥᠮᠦᠨ ᠢᠳᠡᠭᠰᠡᠨ ᠢ᠋ᠶ᠋ᠡᠨ
 
1378 ᠰᠠᠢᠨ ᠬᠥᠮᠦᠨ ᠳ᠋ᠦ᠍ ᠰᠠᠭᠠᠳ ᠣᠯᠠᠨ
ᠮᠠᠭᠤ ᠬᠥᠮᠦᠨ ᠳ᠋ᠦ᠍ ᠵᠤᠭ᠎ᠠ ᠣᠯᠠᠨ
 
1379 ᠰᠠᠢᠨ ᠬᠥᠮᠦᠨ ᠳ᠋ᠦ᠍ ᠲᠠᠯ᠎ᠠ ᠣᠯᠠᠨ
ᠰᠠᠭᠠᠷ ᠬᠥᠮᠦᠨ ᠳ᠋ᠦ᠍ ᠶᠠᠯ᠎ᠠ ᠣᠯᠠᠨ
 
1380 ᠰᠠᠢᠨ ᠬᠥᠮᠦᠨ ᠦ᠌ ᠵᠠᠩ ᠬᠤᠪᠢᠷᠠᠳᠠᠭ ᠦᠭᠡᠢ
ᠰᠢᠵᠢᠷ ᠠᠯᠲᠠᠨ ᠤ᠋ ᠥᠩᠭᠡ ᠬᠤᠪᠢᠷᠠᠳᠠᠭ ᠦᠭᠡᠢ
 
1381 ᠰᠠᠢᠨ ᠬᠥᠮᠦᠨ ᠦ᠌ ᠨᠡᠷ᠎ᠡ ᠰᠠᠨᠠᠭᠳᠠᠬᠤ
ᠰᠠᠭᠠᠷ ᠬᠥᠮᠦᠨ ᠦ᠌ ᠨᠡᠷ᠎ᠡ ᠮᠠᠷᠲᠠᠭᠳᠠᠬᠤ
 
1382 ᠰᠠᠢᠨ ᠬᠥᠮᠦᠨ ᠦ᠌ ᠨᠡᠷ᠎ᠡ ᠶ᠋ᠢ
ᠮᠠᠭᠤ ᠬᠥᠮᠦᠨ ᠭᠤᠲᠤᠭᠠᠳᠠᠭ
ᠰᠠᠢᠬᠠᠨ ᠰᠦᠮ᠎ᠡ ᠶ᠋ᠢᠨ ᠣᠷᠣᠢ ᠶ᠋ᠢ
ᠱᠠᠭᠠᠵᠠᠭᠠᠢ ᠰᠢᠪᠠᠭᠤ ᠪᠤᠵᠠᠷᠯᠠᠳᠠᠭ
 
1383 ᠰᠠᠢᠨ ᠬᠥᠮᠦᠨ ᠦ᠌ ᠦᠭᠡ ᠰᠢᠷᠦᠭᠦᠨ ᠪᠣᠯᠪᠠᠴᠤ ᠲᠤᠰᠠ ᠲᠠᠢ
ᠮᠠᠭᠤ ᠬᠥᠮᠦᠨ ᠦ᠌ ᠦᠭᠡ ᠵᠥᠭᠡᠯᠡᠨ ᠪᠣᠯᠪᠠᠴᠤ ᠬᠣᠣᠷ ᠲᠠᠢ
 
1384 ᠰᠠᠢᠨ ᠬᠦᠦ ᠳ᠋ᠦ᠍ ᠪᠦᠦ ᠨᠦᠬᠡ
ᠮᠠᠭᠤ ᠬᠦᠦ ᠳ᠋ᠦ᠍ ᠪᠦᠦ ᠵᠥᠭᠡᠭᠡ
 
1385 ᠰᠠᠢᠨ ᠬᠡᠦᠬᠡᠨ ᠬᠠᠷᠢ ᠳ᠋ᠤ᠌ ᠭᠠᠷᠬᠤ ᠦᠭᠡᠢ
ᠰᠠᠢᠨ ᠮᠣᠷᠢ ᠨᠤᠲᠤᠭ ᠠᠯᠳᠠᠬᠤ ᠦᠭᠡᠢ
 
1386 ᠰᠠᠢᠨ ᠰᠢᠪᠠᠭᠤ ᠮᠣᠳᠣ ᠶ᠋ᠢ ᠰᠢᠯᠢᠨ ᠰᠠᠭᠤᠨ᠎ᠠ
ᠰᠠᠢᠨ ᠬᠥᠮᠦᠨ ᠬᠥᠮᠦᠨ ᠢ᠋ ᠰᠣᠩᠭᠣᠵᠤ ᠤᠷᠤᠭᠯᠠᠨ᠎ᠠ
 
1387 ᠰᠠᠢᠨ ᠡᠳ᠋ ᠰᠠᠢᠷᠬᠠᠯ ᠦᠭᠡᠢ
ᠮᠠᠭᠤ ᠡᠳ᠋ ᠮᠠᠭᠲᠠᠭᠠᠯ ᠦᠭᠡᠢ
 
1388 ᠰᠠᠢᠨ ᠡᠮ ᠠᠮᠲᠠ ᠨᠢ ᠭᠠᠰᠢᠭᠤᠨ ᠪᠣᠯᠪᠠᠴᠤ
ᠡᠪᠡᠳᠴᠢᠨ ᠳ᠋ᠦ᠍ ᠲᠤᠰᠠ ᠲᠠᠢ
ᠦᠨᠡᠨ ᠦᠭᠡ ᠴᠢᠬᠢᠨ ᠳ᠋ᠦ᠍ ᠠᠶ᠎ᠠ ᠦᠭᠡᠢ ᠪᠣᠯᠪᠠᠴᠤ
ᠶᠠᠪᠤᠳᠠᠯ ᠳ᠋ᠤ᠌ ᠲᠤᠰᠠ ᠲᠠᠢ
 
1389 ᠰᠠᠢᠨ ᠡᠮ᠎ᠡ ᠬᠠᠨᠢ
ᠮᠠᠭᠤ ᠡᠮ᠎ᠡ ᠠᠳᠠ
 
1390 ᠰᠠᠢᠨ ᠡᠮ᠎ᠡ ᠡᠷ᠎ᠡ ᠳ᠋ᠡᠭᠡᠨ ᠵᠤᠯᠠ
ᠮᠠᠭᠤ ᠡᠮ᠎ᠡ ᠡᠷ᠎ᠡ ᠳ᠋ᠡᠭᠡᠨ ᠪᠤᠯᠤ
 
1391 ᠰᠠᠢᠨ ᠡᠷ᠎ᠡ ᠵᠠᠮ ᠤ᠋ᠨ ᠤᠷᠲᠤ ᠳ᠋ᠤ᠌ ᠲᠡᠮᠡᠦᠯᠬᠦ
ᠮᠠᠭᠤ ᠡᠷ᠎ᠡ ᠵᠠᠮ ᠤ᠋ᠨ ᠣᠢᠷ᠎ᠠ ᠳ᠋ᠤ᠌ ᠰᠢᠨᠲᠠᠷᠠᠬᠤ
 
1392 ᠰᠠᠢᠨ ᠡᠷ᠎ᠡ ᠰᠠᠷ᠎ᠠ ᠶ᠋ᠢᠨ ᠬᠦᠯᠢᠶᠡᠴᠡ ᠲᠡᠢ
ᠮᠠᠭᠤ ᠡᠷ᠎ᠡ ᠬᠣᠨᠣᠭ ᠤ᠋ᠨ ᠬᠦᠯᠢᠶᠡᠴᠡ ᠲᠡᠢ
 
1393 ᠰᠠᠢᠨ ᠡᠷ᠎ᠡ ᠶ᠋ᠢ ᠵᠣᠪᠠᠯᠠᠩ ᠤᠬᠠᠭᠠᠨ ᠣᠷᠣᠭᠤᠯᠳᠠᠭ
ᠮᠠᠭᠤ ᠡᠷ᠎ᠡ ᠶ᠋ᠢ ᠵᠣᠪᠠᠯᠠᠩ ᠤᠬᠠᠭᠠᠨ ᠠᠯᠳᠠᠭᠤᠯᠳᠠᠭ
 
1394 ᠰᠠᠢᠨ ᠡᠷ᠎ᠡ ᠶ᠋ᠢᠨ ᠰᠠᠨᠠᠭ᠎ᠠ ᠴᠠᠭᠠᠨ
ᠮᠠᠭᠤ ᠡᠷ᠎ᠡ ᠶ᠋ᠢᠨ ᠰᠡᠳᠬᠢᠯ ᠬᠠᠷ᠎ᠠ
 
1395 ᠰᠠᠢᠨ ᠡᠬᠡᠨᠡᠷ ᠠᠪᠤᠪᠠᠯ ᠰᠠᠷ᠎ᠠ ᠶ᠋ᠢᠨ ᠭᠤᠷᠪᠠᠨ ᠪᠠᠶᠠᠷ
ᠮᠠᠭᠤ ᠡᠬᠡᠨᠡᠷ ᠠᠪᠤᠪᠠᠯ ᠡᠳᠦᠷ ᠦ᠋ᠨ ᠭᠤᠷᠪᠠᠨ ᠵᠣᠪᠠᠯᠠᠩ
 
1396 ᠰᠠᠢᠨ ᠶᠠᠭᠤᠮᠠᠨ ᠳ᠋ᠤ᠌ ᠰᠠᠭᠠᠳ ᠶᠡᠬᠡ
ᠰᠠᠮᠠᠭᠤᠨ ᠶᠠᠪᠤᠳᠠᠯ ᠳ᠋ᠤ᠌ ᠬᠣᠣᠷ ᠶᠡᠬᠡ
 
1397 ᠰᠠᠢᠨ ᠶᠠᠪᠤᠪᠠᠯ ᠦᠷ᠎ᠡ ᠲᠡᠢ
ᠱᠠᠯᠢᠭ ᠶᠠᠪᠤᠪᠠᠯ ᠶᠠᠷ᠎ᠠ ᠲᠠᠢ
 
1398 ᠰᠠᠢᠨ ᠶᠠᠪᠤᠳᠠᠯ ᠰᠠᠮᠠᠭᠤᠨ ᠳ᠋ᠤ᠌ ᠰᠠᠭᠠᠳ
ᠰᠠᠷᠠᠨ ᠤ᠋ ᠭᠡᠷᠡᠯ ᠴᠢᠨᠣ᠎ᠠ ᠳ᠋ᠤ᠌ ᠰᠠᠭᠠᠳ
 
1399 ᠰᠠᠢᠨ ᠶᠠᠪᠤᠳᠠᠯᠲᠠᠨ ᠤ᠋ ᠪᠦᠲᠦᠭᠡᠯ ᠨᠢ ᠶᠡᠬᠡ
ᠰᠠᠭᠠᠷ ᠶᠠᠪᠤᠳᠠᠯᠲᠠᠨ ᠤ᠋ ᠬᠥᠨᠥᠭᠡᠯ ᠨᠢ ᠶᠡᠬᠡ
 
1400 ᠰᠠᠢᠨ ᠶᠠᠪᠤᠳᠠᠯᠲᠠᠨ ᠤ᠋ ᠬᠣᠢᠨ᠎ᠠ ᠠ᠋ᠴᠠ ᠵᠢᠷᠭᠠᠯ ᠳᠠᠭᠠᠬᠤ
ᠮᠠᠭᠤ ᠶᠠᠪᠤᠳᠠᠯᠲᠠᠨ ᠤ᠋ ᠬᠣᠢᠨ᠎ᠠ ᠠ᠋ᠴᠠ ᠵᠣᠪᠠᠯᠠᠩ ᠳᠠᠭᠠᠬᠤ
 
1401 ᠰᠠᠢᠨ ᠶᠠᠪᠤᠳᠠᠯ ᠢ᠋ ᠳᠠᠭ᠎ᠠ
ᠰᠠᠭᠠᠷ ᠶᠠᠪᠤᠳᠠᠯ ᠢ᠋ ᠣᠷᠭᠢ
 
1402 ᠰᠠᠢᠨ ᠢ᠋ᠶ᠋ᠠᠨ ᠰᠣᠨᠣᠰᠤᠭᠠᠳ ᠰᠠᠭᠰᠠᠢᠵᠤ ᠪᠣᠯᠬᠤ ᠦᠭᠡᠢ
ᠮᠠᠭᠤ ᠪᠠᠨ ᠳᠤᠭᠤᠯᠤᠭᠠᠳ ᠮᠤᠷᠴᠢᠢᠵᠤ ᠪᠣᠯᠬᠤ ᠦᠭᠡᠢ
 
1403 ᠰᠠᠢᠨ ᠢ᠋ᠶ᠋ᠠᠷ ᠶᠠᠪᠤᠪᠠᠯ ᠮᠠᠨᠳᠤᠨ᠎ᠠ
ᠰᠠᠮᠠᠭᠤᠨ ᠢ᠋ᠶ᠋ᠠᠷ ᠶᠠᠪᠤᠪᠠᠯ ᠰᠥᠨᠥᠨ᠎ᠡ
 
1404 ᠰᠠᠢᠨ ᠠ᠋ᠴᠠ ᠪᠤᠤ ᠵᠢᠭᠤᠲᠠ
ᠮᠠᠭᠤ ᠳ᠋ᠤ᠌ ᠪᠤᠤ ᠣᠷᠣᠯᠴᠠ
 
1405 ᠰᠠᠢᠨ ᠠ᠋ᠴᠠ ᠪᠤᠤ ᠰᠠᠯ
ᠰᠠᠨᠠᠭᠰᠠᠨ ᠢ᠋ᠶ᠋ᠠᠷ ᠪᠤᠤ ᠬᠡᠯᠡ
 
1406 ᠰᠠᠢᠨ ᠠ᠋ᠴᠠ ᠮᠠᠭᠠᠳ ᠨᠢ ᠣᠯᠠᠨ
ᠮᠠᠭᠤ ᠠ᠋ᠴᠠ ᠬᠤᠳᠠᠯ ᠨᠢ ᠣᠯᠠᠨ
 
1407 ᠰᠠᠢᠨ ᠳ᠋ᠤ᠌ ᠨᠢᠭᠡ ᠮᠠᠭᠤ ᠪᠠᠢᠳᠠᠭ
ᠰᠠᠷᠠᠨ ᠳ᠋ᠤ᠌ ᠨᠢᠭᠡ ᠲᠣᠯᠪᠣ ᠪᠠᠢᠳᠠᠭ
 
1408 ᠰᠠᠢᠨ ᠳ᠋ᠤᠷ ᠰᠠᠭᠠᠷ ᠣᠯᠠᠨ
ᠰᠠᠢᠬᠠᠨ ᠳ᠋ᠤ᠌ ᠱᠣᠬᠣᠭᠣᠷᠬᠠᠭᠴᠢ ᠣᠯᠠᠨ
 
1409 ᠰᠠᠢᠨ ᠳ᠋ᠤᠷ ᠰᠠᠳᠠᠭ᠎ᠠ
ᠰᠠᠢᠳ ᠲᠤ᠌ ᠠᠲᠠᠭ᠎ᠠ
 
1410 ᠰᠠᠢᠨ ᠲᠠᠢ ᠪᠤᠤ ᠮᠡᠯᠵᠢᠭᠡᠷᠡᠢ
ᠮᠠᠭᠤ ᠲᠠᠢ ᠪᠤᠤ ᠪᠣᠯᠵᠣᠭᠠᠷᠠᠢ
 
1411 ᠰᠠᠢᠨ ᠢ᠋ ᠵᠢᠭᠠᠭᠠᠳ ᠦᠯᠦ ᠰᠤᠷᠪᠠᠴᠤ
ᠮᠠᠭᠤ ᠶ᠋ᠢ ᠵᠢᠭᠠᠯᠭᠠᠬᠤ ᠦᠭᠡᠢ ᠪᠡᠷ ᠰᠤᠷᠬᠤ
 
1412 ᠰᠠᠢᠨ ᠢ᠋ ᠬᠤᠷᠢᠶᠠᠭᠰᠠᠨ ᠭᠡᠷ ᠲᠦ᠍ ᠪᠠᠶᠠᠷ ᠶᠡᠬᠡ
ᠮᠠᠭᠤ ᠶ᠋ᠢ ᠬᠤᠷᠢᠶᠠᠭᠰᠠᠨ ᠭᠡᠷ ᠲᠦ᠍ ᠭᠡᠮᠰᠢᠯ ᠶᠡᠬᠡ
 
1413 ᠰᠠᠢᠨ ᠢ᠋ ᠰᠢᠬᠠᠪᠠᠯ ᠲᠣᠰᠣ ᠭᠠᠷᠤᠨ᠎ᠠ
ᠮᠠᠭᠤ ᠶ᠋ᠢ ᠰᠢᠬᠠᠪᠠᠯ ᠤᠰᠤ ᠭᠠᠷᠤᠨ᠎ᠠ
 
1414 ᠰᠠᠢᠲᠤᠷ ᠪᠠᠶᠠᠨ ᠪᠣᠯᠤᠶ᠎ᠠ ᠭᠡᠪᠡᠯ
ᠰᠠᠢᠨ ᠢ᠋ ᠦᠷᠭᠦᠯᠵᠢ ᠲᠡᠳᠬᠦ
ᠰᠠᠷᠠᠭᠤᠯ ᠤᠬᠠᠭᠠᠨ ᠲᠠᠢ ᠪᠣᠯᠤᠶ᠎ᠠ ᠭᠡᠪᠡᠯ
ᠮᠡᠷᠭᠡᠨ ᠢ᠋ ᠦᠷᠭᠦᠯᠵᠢ ᠳᠠᠭ᠎ᠠ
 
1415 ᠰᠠᠢᠬᠠᠨ ᠠᠭᠠᠯᠢ ᠶᠡᠬᠡ ᠡᠷᠳᠡᠮ
ᠲᠥᠪ ᠰᠡᠳᠬᠢᠯ ᠪᠦᠷ ᠡᠷᠳᠡᠮ
 
1416 ᠰᠠᠢᠬᠠᠨ ᠠᠮᠲᠠᠲᠠᠢ ᠴᠠᠢ ᠶ᠋ᠢ
ᠤᠤᠭᠤᠭᠠᠳ ᠬᠠᠩᠬᠤ ᠦᠭᠡᠢ
ᠰᠠᠨᠠᠭᠠᠨ ᠳ᠋ᠤ᠌ ᠨᠡᠢᠴᠡᠭᠰᠡᠨ ᠦᠭᠡ ᠶ᠋ᠢ
ᠬᠡᠯᠡᠯᠴᠡᠭᠡᠳ ᠪᠠᠷᠠᠬᠤ ᠦᠭᠡᠢ
 
1417 ᠰᠠᠢᠬᠠᠨ ᠳᠠᠭᠤᠤ ᠨᠠᠭᠠᠳᠤᠮ ᠳᠡᠭᠡᠷ᠎ᠡ
ᠰᠡᠴᠡᠨ ᠦᠭᠡ ᠴᠢᠭᠤᠯᠭᠠᠨ ᠳᠡᠭᠡᠷ᠎ᠡ
 
1418 ᠰᠠᠢᠬᠠᠨ ᠳᠡᠪᠡᠯ ᠡᠮᠦᠰᠦᠭᠰᠡᠨ ᠬᠥᠮᠦᠨ
ᠰᠤᠷᠤᠭᠰᠠᠨ ᠡᠷᠳᠡᠮ ᠦᠭᠡᠢ ᠪᠣᠯ ᠬᠥᠷᠥᠭ
 
1419 ᠰᠠᠢᠬᠠᠨ ᠵᠠᠩᠳᠠᠨ ᠤ᠋ ᠨᠥᠬᠥᠷ ᠣᠯᠠᠨ
ᠰᠠᠮᠠᠭᠤᠨ ᠶᠠᠪᠤᠳᠠᠯᠲᠠᠨ ᠤ᠋ ᠭᠡᠮᠰᠢᠯ ᠣᠯᠠᠨ
 
1420 ᠰᠠᠢᠬᠠᠨ ᠰᠠᠨᠠᠭ᠎ᠠ ᠠᠮᠤᠭᠤᠯᠠᠩ
ᠮᠠᠭᠤᠬᠠᠢ ᠰᠠᠨᠠᠭ᠎ᠠ ᠵᠣᠪᠠᠯᠠᠩ
 
1421 ᠰᠠᠢᠬᠠᠨ ᠲᠥᠷᠥᠭᠰᠡᠨ ᠡᠴᠡ
ᠰᠠᠮᠪᠠᠭᠠᠲᠠᠢ ᠲᠥᠷᠥᠭᠰᠡᠨ ᠨᠢ ᠳᠡᠭᠡᠷ᠎ᠡ
 
1422 ᠰᠠᠢᠬᠠᠨ ᠲᠥᠷᠥᠭᠰᠡᠨ ᠬᠥᠮᠦᠨ
ᠳᠠᠯᠢᠩᠪᠤᠤ ᠡᠮᠦᠰᠪᠡᠴᠦ ᠰᠠᠢᠬᠠᠨ
ᠮᠠᠭᠤᠬᠠᠢ ᠲᠥᠷᠥᠭᠰᠡᠨ ᠬᠥᠮᠦᠨ
ᠲᠣᠷᠭ᠎ᠠ ᠡᠮᠦᠰᠪᠡᠴᠦ ᠮᠠᠭᠤᠬᠠᠢ
 
1423 ᠰᠠᠢᠬᠠᠨ ᠬᠡᠦᠬᠡᠨ ᠵᠢᠷᠭᠠᠯ ᠤ᠋ᠨ ᠴᠢᠮᠡᠭ
ᠤᠬᠠᠭᠠᠨ ᠲᠠᠢ ᠡᠬᠡ ᠭᠡᠷ ᠦ᠋ᠨ ᠴᠢᠮᠡᠭ
 
1424 ᠰᠠᠢᠬᠠᠨ ᠬᠡᠦᠬᠡᠨ ᠰᠠᠨᠸᠠᠷ ᠤ᠋ᠨ ᠳᠠᠢᠰᠤᠨ
ᠰᠠᠮᠠᠭᠤᠨ ᠨᠣᠶᠠᠨ ᠲᠥᠷᠥ ᠶ᠋ᠢᠨ ᠳᠠᠢᠰᠤᠨ
 
1425 ᠰᠠᠢᠬᠠᠨ ᠢ᠋ ᠡᠷᠢᠬᠦ ᠪᠡᠷ
ᠰᠠᠢᠨ ᠢ᠋ ᠡᠷᠢᠭᠰᠡᠨ ᠨᠢ ᠳᠡᠭᠡᠷ᠎ᠡ
 
1426 ᠰᠠᠯᠠᠭ᠎ᠠ ᠶᠡᠬᠡᠲᠡᠢ ᠮᠣᠳᠣᠨ ᠳ᠋ᠤ᠌ ᠰᠢᠪᠠᠭᠤ ᠣᠯᠠᠨ
ᠰᠠᠨᠠᠭ᠎ᠠ ᠰᠠᠢᠲᠠᠢ ᠭᠡᠷ ᠲᠦ᠍ ᠵᠣᠴᠢᠨ ᠣᠯᠠᠨ
 
1427 ᠰᠠᠯᠠᠩ ᠬᠥᠮᠦᠨ ᠶᠠᠭᠤᠮ᠎ᠠ ᠪᠠᠨ ᠭᠡᠭᠡᠨ᠎ᠡ
ᠰᠠᠯᠭ᠎ᠠ ᠬᠥᠮᠦᠨ ᠴᠠᠢ ᠪᠠᠨ ᠠᠰᠬᠠᠨ᠎ᠠ
 
1428 ᠰᠠᠯᠠᠩ ᠬᠥᠮᠦᠨ ᠳ᠋ᠦ᠍ ᠰᠠᠪᠠ ᠬᠡᠷᠡᠭ ᠲᠡᠢ
ᠰᠠᠪᠠᠭ᠎ᠠ ᠦᠭᠡᠢ ᠨᠣᠬᠠᠢ ᠳ᠋ᠤ᠌ ᠤᠶᠠᠭ᠎ᠠ ᠬᠡᠷᠡᠭ ᠲᠡᠢ
 
1429 ᠰᠠᠯᠠᠩ ᠬᠡᠦᠬᠡᠨ ᠰᠠᠮ ᠢ᠋ᠶ᠋ᠠᠨ ᠭᠡᠭᠡᠳᠡᠭ
ᠰᠠᠭᠠᠷ ᠡᠷ᠎ᠡ ᠰᠠᠭᠠᠳᠠᠭ ᠢ᠋ᠶ᠋ᠠᠨ ᠭᠡᠭᠡᠳᠡᠭ
 
1430 ᠰᠠᠯᠠᠩ ᠳ᠋ᠤ᠌ ᠰᠠᠮᠪᠠᠭ᠎ᠠ ᠣᠯᠳᠠᠬᠤ ᠦᠭᠡᠢ
ᠰᠠᠭᠠᠷ ᠲᠤ ᠨᠡᠷ᠎ᠡ ᠣᠯᠳᠠᠬᠤ ᠦᠭᠡᠢ
 
1431 ᠰᠠᠯᠬᠤ ᠭᠡᠳᠡᠭ ᠰᠠᠮᠠᠭᠤᠷᠠᠬᠤ ᠶ᠋ᠢᠨ ᠨᠡᠷ᠎ᠡ
ᠰᠠᠢᠷᠬᠠᠬᠤ ᠭᠡᠳᠡᠭ ᠳᠣᠷᠣᠢᠲᠠᠬᠤ ᠶ᠋ᠢᠨ ᠨᠡᠷ᠎ᠡ
 
1432 ᠰᠠᠯᠬᠢ ᠭᠠᠷᠪᠠᠯ ᠰᠢᠭᠤᠷᠭ᠎ᠠ ᠪᠣᠯᠬᠤ
ᠰᠠᠮᠠᠭᠤᠨ ᠭᠠᠷᠪᠠᠯ ᠦᠢᠮᠡᠭᠡᠨ ᠪᠣᠯᠬᠤ
 
1433 ᠰᠠᠯᠬᠢ — ᠬᠦᠷᠵᠡ ᠦᠭᠡᠢ ᠪᠠᠢᠲᠠᠯ᠎ᠠ
ᠬᠡᠷᠡᠮ ᠨᠤᠷᠠᠭᠠᠨ᠎ᠠ
ᠰᠡᠳᠬᠢᠯ — ᠭᠣᠬ᠎ᠠ ᠦᠭᠡᠢ ᠪᠠᠢᠲᠠᠯ᠎ᠠ
ᠬᠥᠮᠦᠨ ᠢ᠋ ᠳᠡᠭᠡᠭᠡᠳᠡᠨ᠎ᠡ
 
1434 ᠰᠠᠯᠬᠢ ᠦᠭᠡᠢ ᠪᠣᠯ ᠳᠠᠪᠠᠯᠭ᠎ᠠ ᠬᠥᠳᠡᠯᠬᠦ ᠦᠭᠡᠢ
ᠰᠢᠯᠲᠠᠭ ᠦᠭᠡᠢ ᠪᠣᠯ ᠬᠡᠯᠡ ᠠᠮᠠ ᠭᠠᠷᠬᠤ ᠦᠭᠡᠢ
 
1435 ᠰᠠᠯᠬᠢᠨ ᠠ᠋ᠴᠠ
ᠰᠠᠨᠠᠭ᠎ᠠ ᠬᠤᠷᠳᠤᠨ
 
1436 ᠰᠠᠯᠬᠢᠨ ᠤ᠋ ᠳᠠᠷᠠᠭ᠎ᠠ ᠲᠤᠩᠭᠠᠯᠠᠭ
ᠰᠠᠮᠠᠭᠤᠷᠠᠯ ᠤ᠋ᠨ ᠡᠴᠦᠰ ᠲᠦᠪᠰᠢᠷᠡᠯ
 
1437 ᠰᠠᠯᠬᠢᠨ ᠤ᠋ ᠰᠡᠭᠦᠯ ᠪᠣᠷᠣᠭ᠎ᠠ
ᠨᠠᠭᠠᠳᠤᠮ ᠤ᠋ᠨ ᠰᠡᠭᠦᠯ ᠬᠡᠷᠡᠭᠦᠯ
 
1438 ᠰᠠᠮᠠᠭᠤᠨ ᠵᠠᠯᠢᠬᠠᠢ ᠳᠡᠭᠳᠡᠬᠦ ᠦᠭᠡᠢ ᠪᠣᠯ
ᠰᠠᠢᠨ ᠡᠷ᠎ᠡ ᠲᠣᠳᠣᠷᠠᠬᠤ ᠦᠭᠡᠢ
 
1439 ᠰᠠᠮᠠᠭᠤᠨ ᠬᠥᠮᠦᠨ ᠲᠡᠢ ᠪᠤᠤ ᠤᠴᠠᠷᠠ
ᠰᠠᠨᠠᠭᠰᠠᠨ ᠪᠦᠷᠢ ᠶ᠋ᠢ ᠪᠤᠤ ᠢᠳᠡᠭᠡ
 
1440 ᠰᠠᠮᠠᠭᠤᠨ ᠶᠠᠪᠤᠪᠠᠯ ᠥᠷᠢ ᠲᠡᠢ ᠪᠣᠯᠬᠤ
ᠱᠠᠯᠢᠭ ᠶᠠᠪᠤᠪᠠᠯ ᠡᠪᠡᠳᠴᠢᠲᠡᠢ ᠪᠣᠯᠬᠤ
 
1441 ᠰᠠᠩ ᠬᠥᠮᠥᠷᠭᠡ ᠪᠡᠨ ᠬᠤᠯᠠᠭᠠᠢᠴᠢ ᠠ᠋ᠴᠠ
ᠰᠠᠢᠬᠠᠨ ᠣᠢ ᠪᠠᠨ ᠲᠦᠢᠮᠡᠷ ᠡᠴᠡ
 
1442 ᠰᠠᠨᠠᠭ᠎ᠠ ᠪᠠᠢᠪᠠᠴᠤ ᠴᠢᠳᠠᠯ ᠦᠭᠡᠢ
ᠪᠡᠶ᠎ᠡ ᠪᠠᠢᠪᠠᠴᠤ ᠪᠢᠷ᠎ᠠ ᠦᠭᠡᠢ
 
1443 ᠰᠠᠨᠠᠭ᠎ᠠ ᠪᠠᠢᠪᠠᠴᠤ
ᠰᠠᠴᠢᠢ ᠬᠦᠷᠬᠦ ᠦᠭᠡᠢ
 
1444 ᠰᠠᠨᠠᠭ᠎ᠠ ᠵᠠᠶᠠᠭ᠎ᠠ ᠲᠡᠩᠴᠡᠳᠡᠭ ᠦᠭᠡᠢ
ᠰᠠᠬᠠᠯ ᠬᠥᠮᠥᠰᠬᠡ ᠨᠡᠢᠯᠡᠳᠡᠭ ᠦᠭᠡᠢ
 
1445 ᠰᠠᠨᠠᠭ᠎ᠠ ᠵᠠᠶᠠᠭ᠎ᠠ ᠬᠣᠶᠠᠷ
ᠨᠢᠭᠡ ᠵᠠᠮ ᠢ᠋ᠶ᠋ᠠᠷ ᠶᠠᠪᠤᠬᠤ ᠦᠭᠡᠢ
ᠰᠠᠬᠠᠯ ᠬᠥᠮᠥᠰᠬᠡ ᠬᠣᠶᠠᠷ
ᠨᠢᠭᠡ ᠳᠣᠣᠷ᠎ᠠ ᠤᠷᠭᠤᠳᠠᠭ ᠦᠭᠡᠢ
 
1446 ᠰᠠᠨᠠᠭ᠎ᠠ ᠵᠥᠪ ᠪᠣᠯ
ᠵᠠᠶᠠᠭ᠎ᠠ ᠵᠥᠪ
 
1447 ᠰᠠᠨᠠᠭ᠎ᠠ ᠮᠠᠭᠤᠲᠤ
ᠰᠢᠪᠡᠷ ᠳᠣᠲᠣᠷ ᠲᠠᠢ
 
1448 ᠰᠠᠨᠠᠭ᠎ᠠ ᠮᠠᠭᠤᠲᠤ ᠲᠣᠲᠣᠷ᠎ᠠ ᠠ᠋ᠴᠠ ᠪᠠᠨ
ᠰᠠᠪᠠ ᠮᠠᠭᠤᠲᠤ ᠢᠷᠣᠭᠠᠷ ᠠ᠋ᠴᠠ ᠪᠠᠨ
 
1449 ᠰᠠᠨᠠᠭ᠎ᠠ ᠮᠠᠭᠤᠲᠤ ᠶᠠᠪᠤᠨ ᠬᠠᠳᠠᠨ᠎ᠠ
ᠰᠠᠷᠢᠰᠤᠨ ᠪᠠᠭᠪᠠᠬᠠᠢ ᠨᠠᠷᠠᠨ ᠳ᠋ᠤ᠌ ᠬᠠᠳᠠᠨ᠎ᠠ
 
1450 ᠰᠠᠨᠠᠭ᠎ᠠ ᠮᠠᠭᠤᠲᠠᠢ ᠬᠥᠮᠦᠨ ᠦᠬᠦᠲᠡᠯ᠎ᠡ ᠪᠡᠨ ᠵᠣᠪᠠᠨ᠎ᠠ
ᠤᠨᠤᠭ᠎ᠠ ᠮᠠᠭᠤᠲᠠᠢ ᠬᠥᠮᠦᠨ ᠬᠦᠷᠲᠡᠯ᠎ᠡ ᠪᠡᠨ ᠵᠣᠪᠠᠨ᠎ᠠ
 
1451 ᠰᠠᠨᠠᠭ᠎ᠠ ᠮᠠᠭᠤᠲᠠᠢ ᠬᠥᠮᠦᠨ ᠡᠴᠡ
ᠰᠠᠳᠤᠨ ᠴᠦ᠍ ᠭᠡᠰᠡᠨ ᠬᠥᠨᠳᠡᠢᠷᠡᠳᠡᠭ
 
1452 ᠰᠠᠨᠠᠭ᠎ᠠ ᠨᠢ ᠳᠡᠯᠡᠬᠡᠢ
ᠴᠢᠳᠠᠯ ᠨᠢ ᠮᠡᠯᠡᠬᠡᠢ
 
1453 ᠰᠠᠨᠠᠭ᠎ᠠ ᠨᠢ ᠰᠠᠷᠢᠳᠠᠭ ᠲᠤ
ᠬᠥᠯ ᠨᠢ ᠬᠥᠨᠵᠢᠯᠡ ᠳ᠋ᠡᠭᠡᠨ
 
1454 ᠰᠠᠨᠠᠭ᠎ᠠ ᠨᠢ ᠰᠣᠬᠣᠷ ᠪᠣᠯ
ᠨᠢᠳᠦ ᠨᠢ ᠰᠣᠬᠣᠷ
 
1455 ᠰᠠᠨᠠᠭᠠᠨ ᠠ᠋ᠴᠠ ᠬᠡᠷᠡᠭ ᠪᠦᠲᠦᠳᠡᠭ
ᠰᠠᠷᠬᠤᠳ ᠠ᠋ᠴᠠ ᠬᠡᠷᠡᠭ ᠭᠠᠷᠳᠠᠭ
 
1456 ᠰᠠᠨᠠᠭᠠᠨ ᠤ᠋ ᠮᠥᠰᠥ ᠶ᠋ᠢ
ᠰᠡᠳᠬᠢᠯ ᠦ᠋ᠨ ᠣᠴᠢ ᠬᠠᠢᠯᠤᠭᠤᠯᠤᠨ᠎ᠠ
ᠰᠠᠨᠠᠭᠠᠨ ᠤ᠋ ᠡᠪᠡᠳᠴᠢᠨ ᠢ᠋
ᠰᠡᠳᠬᠢᠯ ᠦ᠋ᠨ ᠡᠮ ᠡᠳᠡᠭᠡᠷᠡᠭᠦᠯᠦᠨ᠎ᠡ
 
1457 ᠰᠠᠨᠠᠭᠠᠨ ᠤ᠋ ᠮᠠᠭᠤ ᠪᠠᠷ ᠵᠠᠶᠠᠭ᠎ᠠ ᠪᠠᠨ ᠪᠠᠷᠠᠨ᠎ᠠ
ᠰᠠᠪᠠᠨ ᠤ᠋ ᠮᠠᠭᠤ ᠪᠠᠷ ᠢᠳᠡᠭᠡᠨ ᠢ᠋ᠶ᠋ᠡᠨ ᠪᠠᠷᠠᠨ᠎ᠠ
 
1458 ᠰᠠᠨᠠᠭᠠᠲᠤ ᠬᠥᠮᠦᠨ ᠳ᠋ᠦ᠍ ᠰᠡᠵᠢᠭ ᠣᠯᠠᠨ
ᠰᠠᠢᠨ ᠮᠣᠷᠢᠨ ᠳ᠋ᠤ᠌ ᠭᠠᠵᠠᠷ ᠣᠢᠷ᠎ᠠ
 
1459 ᠰᠠᠨᠠᠵᠤ ᠶᠠᠪᠤᠪᠠᠯ ᠪᠦᠲᠦᠳᠡᠭ
ᠰᠠᠵᠢᠯᠠᠵᠤ ᠶᠠᠪᠤᠪᠠᠯ ᠬᠦᠷᠳᠡᠭ
 
1460 ᠰᠠᠨᠠᠭᠰᠠᠨ ᠪᠦᠷᠢ ᠶ᠋ᠢ ᠪᠤᠤ ᠶᠠᠷᠢ
ᠰᠠᠯᠬᠤ ᠤᠴᠠᠷᠠᠬᠤ ᠳ᠋ᠤ᠌ ᠪᠤᠤ ᠭᠣᠮᠣᠳᠠ
 
1461 ᠰᠠᠨᠠᠭᠰᠠᠨ ᠰᠠᠨᠠᠭ᠎ᠠ ᠬᠤᠳᠠᠯᠴᠢ
ᠰᠠᠬᠢᠭᠰᠠᠨ ᠪᠤᠷᠬᠠᠨ ᠦᠨᠡᠨᠴᠢ
 
1462 ᠰᠠᠨᠠᠭᠰᠠᠨ ᠰᠠᠨᠠᠭ᠎ᠠ ᠴᠥᠭᠦᠷᠡᠵᠦ
ᠬᠠᠷᠠᠭᠰᠠᠨ ᠨᠢᠳᠦ ᠬᠥᠬᠡᠷᠡᠬᠦ
 
1463 ᠰᠠᠨᠠᠭᠰᠠᠨ ᠬᠥᠮᠦᠨ ᠦ᠌ ᠰᠡᠳᠬᠢᠯ ᠨᠢᠭᠡ
ᠰᠠᠭᠠᠳᠠᠭ ᠨᠤᠮᠤ ᠶ᠋ᠢᠨ ᠬᠥᠪᠴᠢ ᠨᠢ ᠨᠢᠭᠡ
 
1464 ᠰᠠᠨᠠᠭᠰᠠᠨ ᠬᠡᠷᠡᠭ ᠢ᠋ᠶ᠋ᠡᠨ ᠪᠤᠤ ᠣᠷᠭᠢ
ᠰᠠᠷᠪᠠᠢᠭᠰᠠᠨ ᠭᠠᠷ ᠢ᠋ᠶ᠋ᠠᠨ ᠪᠤᠤ ᠲᠡᠳᠡ
 
1465 ᠰᠠᠨᠠᠭᠰᠠᠨ ᠢ᠋ᠶ᠋ᠠᠨ ᠬᠦᠰᠡᠬᠦ
ᠰᠠᠷᠪᠠᠢᠭᠰᠠᠨ ᠢ᠋ᠶ᠋ᠠᠨ ᠠᠪᠬᠤ
 
1466 ᠰᠠᠨᠠᠬᠤ ᠠ᠋ᠴᠠ ᠰᠠᠨᠠᠭ᠎ᠠ ᠬᠤᠷᠳᠤᠨ
ᠬᠠᠷᠠᠬᠤ ᠠ᠋ᠴᠠ ᠨᠢᠳᠦ ᠬᠤᠷᠳᠤᠨ
 
1467 ᠰᠠᠨᠠᠰᠢ ᠦᠭᠡᠢ ᠰᠠᠨᠠᠭ᠎ᠠ ᠰᠠᠭᠤᠪᠠᠰᠤ
ᠰᠠᠯᠤᠰᠢ ᠦᠭᠡᠢ ᠡᠪᠡᠳᠴᠢᠨ ᠣᠯᠬᠤ
 
1468 ᠰᠠᠨᠸᠠᠷ ᠦᠭᠡᠢ ᠯᠠᠮᠠ ᠰᠠᠮᠠᠭᠤᠨ
ᠰᠠᠬᠢᠯᠭ᠎ᠠ ᠦᠭᠡᠢ ᠨᠣᠶᠠᠨ ᠵᠢᠷᠤᠮ ᠦᠭᠡᠢ
 
1469 ᠰᠠᠩ ᠤ᠋ᠨ ᠭᠡᠷ ᠦ᠋ᠨ ᠡᠭᠦᠳᠡᠨ ᠳ᠋ᠦ᠍
ᠰᠠᠢᠬᠠᠨ ᠳ᠋ᠧᠩᠯᠦ ᠬᠡᠷᠡᠭ ᠦᠭᠡᠢ
ᠰᠠᠢᠨ ᠢ᠋ ᠮᠡᠳᠡᠬᠦ ᠦᠭᠡᠢ ᠬᠥᠮᠦᠨ ᠳ᠋ᠦ᠍
ᠰᠠᠢᠬᠠᠨ ᠰᠡᠳᠬᠢᠯ ᠬᠡᠷᠡᠭ ᠦᠭᠡᠢ
 
1470 ᠰᠠᠨᠳᠤᠷᠬᠤ ᠳ᠋ᠤ᠌ ᠰᠠᠭᠠᠳ ᠣᠯᠠᠨ
ᠶᠠᠭᠠᠷᠠᠤ ᠳ᠋ᠤ᠌ ᠶᠠᠷᠰᠢᠭ ᠣᠯᠠᠨ
 
1471 ᠰᠠᠨᠳᠤᠷᠬᠤ ᠳ᠋ᠤ᠌ ᠰᠠᠮᠪᠠᠭ᠎ᠠ ᠣᠷᠣᠵᠤ
ᠠᠶᠤᠬᠤ ᠳ᠋ᠤ᠌ ᠠᠷᠭ᠎ᠠ ᠡᠭᠦᠰᠦᠨ᠎ᠡ
 
1472 ᠰᠠᠷᠠ ᠰᠠᠷᠠᠭᠤᠯ ᠪᠠᠢᠪᠠᠴᠤ
ᠡᠳᠦᠷ ᠲᠡᠢ ᠠᠳᠠᠯᠢ ᠦᠭᠡᠢ
ᠰᠠᠳᠤᠨ ᠠᠷᠪᠢᠨ ᠪᠣᠯᠪᠠᠴᠤ
ᠡᠬᠡ ᠲᠡᠢ ᠠᠳᠠᠯᠢ ᠦᠭᠡᠢ
 
1473 ᠰᠠᠷᠠ ᠬᠦᠷᠢᠶᠡᠯᠡᠪᠡᠯ
ᠴᠠᠰᠤ ᠪᠣᠷᠣᠭ᠎ᠠ ᠣᠷᠣᠨ᠎ᠠ
ᠨᠠᠷᠠ ᠬᠦᠷᠢᠶᠡᠯᠡᠪᠡᠯ
ᠰᠠᠯᠬᠢ ᠰᠢᠭᠤᠷᠭ᠎ᠠ ᠭᠠᠷᠤᠨ᠎ᠠ
 
1474 ᠰᠠᠷᠠ ᠦᠭᠡᠢ ᠰᠥᠨᠢ ᠬᠠᠷᠠᠩᠭᠤᠢ
ᠬᠠᠨᠢ ᠦᠭᠡᠢ ᠬᠥᠮᠦᠨ ᠲᠡᠨᠦᠮᠡᠬᠡᠢ
 
1475 ᠰᠠᠷᠯᠤᠭ ᠤ᠋ᠨ ᠲᠣᠯᠣᠭᠠᠢ ᠳ᠋ᠤ᠌
ᠬᠠᠵᠠᠭᠠᠷ ᠬᠡᠷᠡᠭ ᠦᠭᠡᠢ
ᠱᠠᠯᠢᠭ ᠬᠥᠮᠦᠨ ᠳ᠋ᠦ᠍
ᠡᠳ᠋ ᠬᠡᠷᠡᠭ ᠦᠭᠡᠢ
 
1476 ᠰᠠᠷᠯᠤᠭ ᠲᠤ᠌ ᠡᠮᠡᠭᠡᠯ ᠵᠣᠬᠢᠬᠤ ᠦᠭᠡᠢ
ᠰᠠᠪᠰᠠᠭ ᠲᠤ᠌ ᠠᠷᠢᠬᠢ ᠵᠣᠬᠢᠬᠤ ᠦᠭᠡᠢ
 
1477 ᠰᠠᠷᠮᠠᠭᠴᠢᠨ ᠬᠥᠮᠦᠨ ᠢ᠋ ᠦᠵᠡᠭᠡᠳ
ᠰᠡᠭᠦᠯ ᠦᠭᠡᠢ ᠭᠡᠵᠦ ᠳᠣᠭᠣᠭᠢᠯᠠᠬᠤ
 
1478 ᠰᠠᠷᠠᠨ ᠤ᠋ ᠭᠡᠷᠡᠯ ᠳ᠋ᠦ᠍
ᠴᠢᠨᠣ᠎ᠠ ᠳᠤᠷ᠎ᠠ ᠦᠭᠡᠢ
ᠰᠠᠢᠨ ᠨᠣᠬᠠᠢ ᠳ᠋ᠤ᠌
ᠬᠤᠯᠠᠭᠠᠢᠴᠢ ᠳᠤᠷ᠎ᠠ ᠦᠭᠡᠢ
 
1479 ᠰᠠᠷᠠᠨ ᠤ᠋ ᠭᠡᠷᠡᠯ ᠢ᠋ ᠡᠭᠦᠯᠡ ᠬᠠᠯᠬᠠᠯᠠᠨ᠎ᠠ
ᠰᠠᠷᠠᠭᠤᠯ ᠪᠣᠳᠣᠯ ᠢ᠋ ᠠᠭᠤᠷ ᠬᠠᠯᠬᠠᠯᠠᠨ᠎ᠠ
 
1480 ᠰᠠᠷᠠᠭᠤᠯ ᠲᠠᠯ᠎ᠠ ᠪᠠᠢᠪᠠᠴᠤ
ᠰᠢᠪᠡᠷ ᠢ᠋ ᠨᠢ ᠮᠡᠳᠡ
ᠰᠠᠢᠬᠠᠨ ᠢᠨᠠᠭ ᠪᠠᠢᠪᠠᠴᠤ
ᠰᠠᠨᠠᠭ᠎ᠠ ᠶ᠋ᠢ ᠨᠢ ᠮᠡᠳᠡ
 
1481 ᠰᠠᠷᠬᠤᠳ ᠰᠠᠪᠠ ᠠ᠋ᠴᠠ ᠪᠠᠨ
ᠪᠤᠰᠤᠳ ᠢ᠋ ᠳᠡᠢᠯᠦᠨ᠎ᠡ
ᠰᠠᠷᠠ ᠥᠪᠡᠷ ᠡᠴᠡ ᠪᠡᠨ
ᠪᠤᠰᠤᠳ ᠢ᠋ ᠬᠠᠷᠠᠨ᠎ᠠ
 
1482 ᠰᠠᠬᠠᠯ ᠨᠢ ᠤᠷᠲᠤ
ᠰᠠᠨᠠᠭ᠎ᠠ ᠨᠢ ᠪᠣᠭᠣᠨᠢ
 
1483 ᠰᠠᠬᠢᠯ ᠢ᠋ ᠬᠠᠶᠠᠭᠰᠠᠨ ᠯᠠᠮᠠ ᠱᠠᠰᠢᠨ ᠤ᠋ ᠪᠤᠭ
ᠰᠠᠳᠤᠷ ᠶᠠᠪᠤᠭᠰᠠᠨ ᠡᠮ᠎ᠡ ᠭᠡᠷ ᠦ᠋ᠨ ᠪᠤᠭ
 
1484 ᠰᠠᠬᠢᠯᠭ᠎ᠠ ᠦᠭᠡᠢᠳᠡᠵᠦ ᠰᠤᠷᠬᠤ ᠪᠠᠷ
ᠰᠠᠨᠳᠠᠯᠢ ᠬᠠᠲᠠᠵᠤ ᠰᠤᠷ
 
1485 ᠰᠡᠢᠮᠡᠬᠡᠢ ᠴᠦ᠍ ᠪᠣᠯᠤᠭᠰᠠᠨ ᠭᠡᠷ ᠮᠢᠨᠢ
ᠰᠡᠭᠰᠡᠭᠡᠷ ᠴᠦ᠍ ᠭᠡᠰᠡᠨ ᠡᠵᠢ ᠮᠢᠨᠢ
 
1486 ᠰᠣᠭᠲᠣᠭᠤ ᠬᠥᠮᠦᠨ ᠪᠠᠷᠳᠠᠮ ᠣᠮᠣᠭ ᠲᠠᠢ
ᠰᠣᠭᠲᠣᠭᠤ ᠪᠠᠨ ᠭᠠᠷᠬᠤᠯᠠᠷ ᠰᠤᠯᠠᠬᠠᠨ ᠳᠠᠭᠤ ᠲᠠᠢ
 
1487 ᠰᠣᠭᠲᠣᠭᠤ ᠬᠥᠮᠦᠨ ᠳ᠋ᠦ᠍
ᠠᠷᠢᠬᠢ ᠪᠤᠤ ᠦᠵᠡᠭᠦᠯ
ᠰᠣᠬᠣᠷ ᠦᠬᠡᠷ ᠲᠦ᠍
ᠬᠤᠳᠳᠤᠭ ᠪᠤᠤ ᠲᠠᠨᠢᠭᠤᠯ
 
1488 ᠰᠣᠭᠲᠣᠭᠤ ᠳ᠋ᠤ᠌ ᠨᠢᠭᠤᠷ ᠦᠭᠡᠢ
ᠰᠣᠬᠣᠷ ᠲᠤ᠌ ᠵᠠᠮ ᠦᠭᠡᠢ
 
1489 ᠰᠣᠶᠣᠯᠵᠢᠬᠤ ᠶ᠋ᠢᠨ ᠲᠤᠯᠠᠳᠠ ᠰᠤᠷᠤᠯᠴᠠᠬᠤ
ᠬᠥᠭᠵᠢᠬᠦ ᠶ᠋ᠢᠨ ᠲᠤᠯᠠᠳᠠ ᠬᠥᠳᠡᠯᠮᠦᠷᠢᠯᠡᠬᠦ
 
1490 ᠰᠣᠢᠯᠭ᠎ᠠ ᠰᠠᠢᠲᠠᠢ ᠮᠣᠷᠢᠨ ᠤ᠋ ᠦᠰᠦ ᠨᠢ ᠥᠩᠭᠡ ᠲᠡᠢ
ᠰᠤᠷᠭᠠᠯ ᠰᠠᠢᠲᠠᠢ ᠬᠡᠦᠬᠡᠳ ᠦ᠋ᠨ ᠦᠭᠡ ᠨᠢ ᠠᠶ᠎ᠠ ᠲᠠᠢ
 
1491 ᠰᠣᠢᠯᠭ᠎ᠠ ᠦᠭᠡᠢ ᠮᠠᠯ ᠬᠠᠪᠤᠷ ᠲᠠᠭᠠᠨ ᠮᠠᠭᠤ
ᠰᠣᠷᠢᠯᠭ᠎ᠠ ᠦᠭᠡᠢ ᠪᠥᠬᠡ ᠪᠠᠷᠢᠯᠳᠤᠭᠠᠨ ᠳ᠋ᠤ᠌ ᠮᠠᠭᠤ
 
1492 ᠰᠣᠯᠢᠯᠴᠠᠬᠤ ᠳ᠋ᠠᠭᠠᠨ ᠮᠡᠬᠡᠯᠡᠬᠦ ᠶ᠋ᠢ ᠣᠷᠣᠯᠳᠣᠬᠤ
ᠪᠠᠷᠢᠯᠳᠤᠬᠤ ᠳ᠋ᠠᠭᠠᠨ ᠬᠠᠶᠠᠬᠤ ᠶ᠋ᠢ ᠣᠷᠣᠯᠳᠣᠬᠤ
 
1493 ᠰᠣᠩᠭᠣᠮ (СОНГОМ) ᠪᠠᠶᠠᠨ— ᠰᠤᠷᠭᠠᠯ
ᠡᠷᠬᠢᠮ ᠪᠠᠶᠠᠨ— ᠡᠷᠳᠡᠮ
 
1494 ᠰᠣᠨᠣᠰᠬᠤ ᠴᠢᠬᠢ
ᠦᠵᠡᠬᠦ ᠨᠢᠳᠦ
 
1495 ᠰᠣᠨᠣᠰᠤᠭᠰᠠᠨ ᠠ᠋ᠴᠠ ᠦᠵᠡᠭᠰᠡᠨ ᠨᠢ ᠳᠡᠭᠡᠷ᠎ᠡ
ᠰᠠᠭᠤᠭᠰᠠᠨ ᠠ᠋ᠴᠠ ᠶᠠᠪᠤᠭᠰᠠᠨ ᠨᠢ ᠳᠡᠭᠡᠷ᠎ᠡ
 
1496 ᠰᠣᠬᠣᠷ ᠮᠣᠷᠢ ᠵᠠᠮ ᠳ᠋ᠠᠭᠠᠨ ᠪᠦᠳᠦᠷᠢᠬᠦ
ᠰᠣᠭᠲᠣᠭᠤ ᠬᠥᠮᠦᠨ ᠠᠮᠢᠳᠤᠷᠠᠯ ᠳ᠋ᠠᠭᠠᠨ ᠪᠦᠳᠦᠷᠢᠬᠦ
 
1497 ᠰᠣᠬᠣᠷ ᠮᠤᠤᠷ ᠲᠤ᠌ ᠦᠬᠦᠭᠰᠡᠨ ᠬᠤᠯᠤᠭᠠᠨ᠎ᠠ
ᠶᠠᠳᠠᠷᠠᠭᠰᠠᠨ ᠨᠣᠬᠠᠢ ᠳ᠋ᠤ᠌ ᠥᠭᠢᠷᠡᠭᠰᠡᠨ ᠶᠠᠰᠤ
 
1498 ᠰᠣᠬᠣᠷ ᠨᠣᠬᠠᠢ ᠤᠯᠢᠶᠠᠴᠢ
ᠰᠣᠭᠲᠣᠭᠤ ᠬᠥᠮᠦᠨ ᠳᠠᠭᠤᠯᠠᠭᠠᠴᠢ
 
1499 ᠰᠣᠬᠣᠷ ᠬᠥᠮᠦᠨ ᠬᠠᠷᠠᠬᠤ ᠶ᠋ᠢ ᠬᠦᠰᠡᠬᠦ
ᠳᠦᠯᠡᠢ ᠬᠥᠮᠦᠨ ᠲᠤᠭᠤᠯᠬᠤ ᠶ᠋ᠢ ᠬᠦᠰᠡᠬᠦ
 
1500 ᠰᠣᠬᠣᠷ ᠬᠥᠮᠦᠨ ᠳ᠋ᠦ᠍ ᠡᠳᠦᠷ ᠰᠥᠨᠢ ᠠᠳᠠᠯᠢ
ᠰᠣᠭᠲᠣᠭᠤ ᠬᠥᠮᠦᠨ ᠳ᠋ᠦ᠍ ᠤᠰᠤ ᠴᠠᠢ ᠠᠳᠠᠯᠢ
 
1501 ᠰᠣᠬᠣᠷ ᠶᠠᠪᠤᠬᠤ ᠪᠠᠷ
ᠰᠣᠯᠢᠷ ᠶᠠᠪᠤᠭᠰᠠᠨ ᠨᠢ ᠳᠡᠭᠡᠷ᠎ᠡ
 
1502 ᠰᠣᠬᠣᠷ ᠲᠤ᠌ ᠵᠠᠮ ᠦᠭᠡᠢ
ᠰᠣᠭᠲᠣᠭᠤ ᠳ᠋ᠤ᠌ ᠣᠷᠣᠨ ᠦᠭᠡᠢ
 
1503 ᠰᠣᠬᠣᠷ ᠤ᠋ᠨ ᠭᠠᠵᠠᠷ ᠰᠣᠬᠣᠷ ᠪᠣᠯᠵᠤ
ᠳᠣᠭᠣᠯᠠᠩ ᠤ᠋ᠨ ᠭᠠᠵᠠᠷ ᠳᠣᠭᠣᠯᠠᠩ ᠪᠣᠯᠬᠤ
 
1504 ᠰᠥᠭᠥᠳᠴᠦ ᠵᠢᠷᠭᠠᠭᠰᠠᠨ ᠠ᠋ᠴᠠ
ᠰᠥᠷᠴᠦ ᠦᠬᠦᠭᠰᠡᠨ ᠨᠢ ᠳᠡᠭᠡᠷ᠎ᠡ
 
1505 ᠰᠤᠳᠤᠯᠬᠤ ᠶᠠᠭᠤᠮᠠᠨ ᠳ᠋ᠤ᠌ ᠰᠠᠭᠤᠷᠢᠲᠠᠢᠬᠠᠨ
ᠰᠤᠷᠭᠠᠬᠤ ᠶᠠᠭᠤᠮᠠᠨ ᠳ᠋ᠤ᠌ ᠪᠠᠭᠤᠷᠢᠲᠠᠢᠬᠠᠨ
 
1506 ᠰᠤᠯᠠ ᠦᠭᠡ ᠰᠤᠷᠭᠠᠯ ᠳ᠋ᠤ᠌ ᠨᠡᠮᠡᠷᠢ ᠦᠭᠡᠢ
ᠰᠤᠪᠢᠳᠠᠭ ᠰᠡᠳᠬᠢᠯ ᠠᠮᠢᠳᠤᠷᠠᠯ ᠳ᠋ᠤ᠌ ᠲᠤᠰᠠ ᠦᠭᠡᠢ
 
1507 ᠰᠤᠯᠠ ᠴᠠᠭ ᠲᠠᠭᠠᠨ ᠰᠢᠮᠳᠠᠵᠤ ᠰᠤᠷᠤᠭᠰᠠᠨ ᠶᠠᠭᠤᠮ᠎ᠠ
ᠶᠠᠭᠠᠷᠠᠬᠤ ᠴᠠᠭ ᠲᠤ᠌ ᠬᠡᠷᠡᠭ ᠪᠣᠯᠬᠤ
ᠢᠳᠡᠷ ᠦᠶᠡᠰ ᠲᠡᠭᠡᠨ ᠵᠢᠳᠬᠦᠵᠦ ᠣᠯᠤᠭᠰᠠᠨ ᠶᠠᠭᠤᠮ᠎ᠠ
ᠥᠲᠡᠯᠬᠦ ᠴᠠᠭ ᠲᠤ᠌ ᠬᠡᠷᠡᠭ ᠪᠣᠯᠬᠤ
 
1508 ᠰᠤᠨᠵᠤ ᠤᠷᠲᠤ ᠪᠣᠯᠬᠤ
ᠰᠤᠷᠴᠤ ᠰᠡᠴᠡᠨ ᠪᠣᠯᠬᠤ
 
1509 ᠰᠤᠷᠤᠭ᠎ᠠ ᠦᠭᠡᠢ ᠪᠠᠢᠵᠤ
ᠰᠤᠳᠠᠯ ᠪᠠᠷᠢᠬᠤ
 
1510 ᠰᠤᠷᠤᠭᠠᠳ ᠪᠠᠷᠠᠭᠳᠠᠰᠢ ᠦᠭᠡᠢ ᠡᠷᠳᠡᠮ ᠦ᠋ᠨ ᠳᠠᠯᠠᠢ
ᠰᠤᠳᠤᠯᠤᠭᠠᠳ ᠪᠠᠷᠠᠭᠳᠠᠰᠢ ᠦᠭᠡᠢ ᠪᠣᠳᠠᠰ ᠤ᠋ᠨ ᠳᠠᠯᠠᠢ
 
1511 ᠰᠤᠷᠠᠭ ᠲᠠᠯᠪᠢᠪᠠᠯ ᠡᠷᠢᠯ ᠣᠯᠳᠠᠳᠠᠭ
ᠰᠣᠯᠣᠩᠭ᠎ᠠ ᠲᠠᠲᠠᠪᠠᠯ ᠪᠣᠷᠣᠭ᠎ᠠ ᠠᠷᠢᠯᠳᠠᠭ
 
1512 ᠰᠤᠷᠬᠤ ᠳ᠋ᠤ᠌ ᠪᠦᠦ ᠵᠠᠯᠬᠠᠭᠤᠷᠠ
ᠰᠤᠷᠭᠠᠬᠤ ᠳ᠋ᠤ᠌ ᠪᠦᠦ ᠬᠠᠯᠠᠰᠢᠷᠠ
 
1513 ᠰᠤᠷᠬᠤ ᠶ᠋ᠢᠨ ᠰᠠᠢᠨ ᠰᠤᠷᠭᠠᠭᠤᠯᠢ ᠠ᠋ᠴᠠ
ᠰᠤᠷᠤᠭᠴᠢ ᠶ᠋ᠢᠨ ᠰᠠᠢᠨ ᠪᠠᠭᠰᠢ ᠠ᠋ᠴᠠ
 
1514 ᠰᠤᠷᠬᠤ ᠶ᠋ᠢᠨ ᠳᠠᠢᠰᠤᠨ ᠪᠠᠷᠳᠠᠮ
ᠶᠠᠪᠤᠬᠤ ᠶ᠋ᠢᠨ ᠳᠠᠢᠰᠤᠨ ᠵᠠᠯᠬᠠᠭᠤ
 
1515 ᠰᠤᠷᠭᠠᠯ— ᠤᠬᠠᠭᠠᠨ ᠤ᠋ ᠪᠤᠯᠠᠭ
ᠰᠤᠷᠭᠠᠯ ᠦᠭᠡᠢ— ᠤᠬᠠᠭᠠᠨ ᠤ᠋ ᠪᠠᠯᠠᠢ
 
1516 ᠰᠤᠷᠭᠠᠯ ᠲᠠᠢ ᠬᠥᠮᠦᠨ ᠰᠠᠷᠠᠭᠤᠯ ᠳᠣᠲᠣᠷ᠎ᠠ
ᠰᠤᠷᠭᠠᠯ ᠦᠭᠡᠢ ᠬᠥᠮᠦᠨ ᠮᠠᠨᠠᠨ ᠳᠣᠲᠣᠷ᠎ᠠ
 
1517 ᠰᠤᠷᠭᠠᠭᠤᠯᠢ ᠦᠭᠡᠢ ᠬᠥᠮᠦᠨ ᠰᠣᠬᠣᠷ
ᠰᠤᠮᠤ ᠦᠭᠡᠢ ᠠᠩᠴᠢᠨ ᠬᠣᠭᠣᠰᠣᠨ
 
1518 ᠰᠤᠷᠤᠭᠰᠠᠨ ᠪᠦᠬᠦᠨ ᠡᠷᠳᠡᠮ
ᠰᠤᠷᠤᠭ᠎ᠠ ᠦᠭᠡᠢ ᠪᠦᠬᠦᠨ ᠭᠡᠮ
 
1519 ᠰᠤᠷᠤᠭᠰᠠᠨ ᠭᠡᠷᠡᠯ ᠲᠡᠢ
ᠰᠤᠷᠤᠭ᠎ᠠ ᠦᠭᠡᠢ ᠭᠡᠮᠰᠢᠯ ᠲᠡᠢ
 
1520 ᠰᠤᠷᠤᠭᠰᠠᠨ ᠨᠢ ᠳᠠᠭᠠᠭᠤᠯᠬᠤ
ᠰᠤᠷᠤᠭ᠎ᠠ ᠦᠭᠡᠢ ᠨᠢ ᠳᠠᠭᠠᠬᠤ
 
1521 ᠰᠤᠷᠤᠭᠰᠠᠨ ᠨᠢ ᠳᠠᠯᠠᠢ
ᠰᠤᠷᠤᠭ᠎ᠠ ᠦᠭᠡᠢ ᠨᠢ ᠪᠠᠯᠠᠢ
 
1522 ᠰᠤᠷᠤᠭᠰᠠᠨ ᠬᠥᠮᠦᠨ ᠵᠠᠮ ᠢ᠋ᠶ᠋ᠠᠨ ᠣᠯᠬᠤ
ᠰᠤᠷᠤᠭ᠎ᠠ ᠦᠭᠡᠢ ᠬᠥᠮᠦᠨ ᠵᠠᠮ ᠢ᠋ᠶ᠋ᠠᠨ ᠠᠯᠳᠠᠬᠤ
 
1523 ᠰᠤᠷᠤᠭᠰᠠᠨ ᠬᠥᠮᠦᠨ ᠳ᠋ᠦ᠍ ᠬᠢᠯᠪᠠᠷ
ᠰᠤᠷᠤᠭ᠎ᠠ ᠦᠭᠡᠢ ᠬᠥᠮᠦᠨ ᠳ᠋ᠦ᠍ ᠪᠡᠷᠬᠡ
 
1524 ᠰᠤᠷᠤᠭᠰᠠᠨ ᠢ᠋ᠶ᠋ᠠᠨ ᠳᠠᠪᠲᠠᠵᠤ
ᠰᠤᠷᠭᠠᠯ ᠢ᠋ᠶ᠋ᠠᠨ ᠳᠠᠭᠠᠬᠤ
 
1525 ᠰᠤᠷᠤᠭᠰᠠᠨ ᠢ᠋ᠶ᠋ᠠᠨ ᠮᠠᠷᠲᠠᠵᠤ
ᠰᠤᠳᠤᠷ ᠢ᠋ᠶ᠋ᠠᠨ ᠭᠡᠭᠡᠬᠦ
 
1526 ᠰᠤᠷᠤᠭᠰᠠᠨ ᠢ᠋ᠶ᠋ᠠᠷ ᠢ᠋ᠶ᠋ᠠᠨ ᠨᠥᠬᠥᠷ ᠲᠡᠭᠡᠨ ᠲᠤᠰᠠᠯᠠ
ᠰᠤᠷᠤᠭ᠎ᠠ ᠦᠭᠡᠢ ᠪᠡᠨ ᠪᠤᠰᠤᠳ ᠠ᠋ᠴᠠ ᠰᠤᠷ
 
1527 ᠰᠤᠷᠲᠠᠯ ᠦᠭᠡᠢ ᠬᠡᠦᠬᠡᠳ
ᠰᠤᠷᠭᠠᠯ ᠦᠭᠡᠢ ᠲᠣᠲᠣᠷᠠᠢ
 
1528 ᠰᠤᠷᠴᠤ ᠣᠯᠤᠭᠰᠠᠨ ᠡᠷᠳᠡᠮ — ᠴᠢᠳᠠᠯ
ᠰᠣᠩᠭᠣᠵᠤ ᠠᠪᠤᠭᠰᠠᠨ ᠬᠠᠨᠢ — ᠨᠥᠬᠥᠷ
 
1529 ᠰᠠᠭᠤᠵᠤ ᠵᠢᠷᠭᠠᠬᠤ ᠪᠠᠷ
ᠶᠠᠪᠤᠵᠤ ᠵᠦᠳᠡᠷᠡ
 
1530 ᠰᠠᠭᠤᠭᠰᠠᠨ ᠬᠥᠮᠦᠨ ᠳ᠋ᠦ᠍ ᠣᠯᠵᠠ ᠥᠬᠡᠢ
ᠬᠡᠪᠲᠡᠭᠰᠡᠨ ᠬᠥᠮᠦᠨ ᠳ᠋ᠦ᠍ ᠬᠡᠰᠢᠭ ᠦᠭᠡᠢ
 
1531 ᠰᠠᠭᠤᠬᠤ ᠨᠢ ᠰᠢᠮᠠᠭᠤᠯ ᠰᠢᠭ᠋
ᠰᠢᠨᠤᠬᠤ ᠨᠢ ᠴᠢᠨᠣ᠎ᠠ ᠰᠢᠭ᠋
 
1532 ᠰᠦᠮᠪᠦᠷ ᠠᠭᠤᠯᠠ ᠮᠡᠲᠦ ᠪᠠᠲᠤ
ᠰᠦᠨ ᠳᠠᠯᠠᠢ ᠮᠡᠲᠦ ᠭᠦᠨ
 
1533 ᠰᠦᠮ᠎ᠡ ᠳ᠋ᠦ᠍ ᠦᠭᠡᠢ ᠯᠠᠮᠠ
ᠰᠦᠷᠦᠭ ᠲᠦ᠍ ᠦᠭᠡᠢ ᠪᠤᠬ᠎ᠠ
 
1534 ᠰᠦᠷ ᠪᠠᠳᠠᠷᠠᠭᠤᠯᠤᠨ
ᠰᠦᠬᠡ ᠳᠠᠯᠠᠢᠬᠤ
 
1535 ᠰᠦᠷ ᠨᠢ ᠪᠠᠷᠰ ᠰᠢᠭ᠋
ᠰᠦᠨᠡᠰᠦ ᠨᠢ ᠲᠠᠤᠯᠠᠢ ᠰᠢᠭ᠋
 
1536 ᠰᠦᠷ ᠨᠢ ᠶᠡᠬᠡ
ᠰᠦᠯᠳᠡ ᠨᠢ ᠪᠠᠭ᠎ᠠ
 
1537 ᠰᠦ ᠭᠣᠷᠢᠳᠠᠭᠰᠠᠨ ᠮᠤᠤᠷ ᠰᠢᠭ᠋
ᠰᠡᠭᠦᠯ ᠳᠣᠯᠢᠶᠠᠭᠰᠠᠨ ᠴᠢᠨᠣ᠎ᠠ ᠰᠢᠭ᠋
 
1538 ᠰᠦ ᠬᠥᠭᠡᠷᠪᠡᠯ ᠭᠠᠯ ᠳᠡᠭᠡᠷ᠎ᠡ
ᠰᠦᠬᠡ ᠰᠤᠭᠤᠷᠠᠪᠠᠯ ᠲᠣᠯᠣᠭᠠᠢ ᠳᠡᠭᠡᠷ᠎ᠡ
 
1539 ᠰᠡᠭᠦᠳᠡᠷ ᠦ᠋ᠨ ᠪᠠᠷ᠎ᠠ ᠨᠢ ᠶᠡᠬᠡ ᠪᠣᠯᠪᠠᠴᠤ
ᠪᠠᠷᠢᠵᠤ ᠪᠣᠯᠳᠠᠭ ᠦᠭᠡᠢ
ᠰᠦᠨ ᠦ᠌ ᠥᠩᠭᠡ ᠨᠢ ᠴᠠᠭᠠᠨ ᠪᠣᠯᠪᠠᠴᠤ
ᠪᠣᠳᠣᠵᠤ ᠪᠣᠯᠳᠠᠭ ᠦᠭᠡᠢ
 
1540 ᠰᠡᠭᠦᠳᠡᠷ ᠢ᠋ᠶ᠋ᠡᠨ ᠬᠠᠷᠠᠵᠤ ᠬᠤᠪᠴᠠᠰᠤ ᠪᠠᠨ ᠵᠠᠰᠠ
ᠨᠥᠬᠥᠷ ᠢ᠋ᠶ᠋ᠡᠨ ᠬᠠᠷᠠᠵᠤ ᠵᠠᠩ ᠢ᠋ᠶ᠋ᠠᠨ ᠵᠠᠰᠠ
 
1541 ᠰᠡᠭᠦᠳᠡᠷ ᠡᠴᠡ ᠪᠡᠨ ᠥᠭᠡᠷ᠎ᠡ ᠨᠥᠬᠥᠷ ᠦᠭᠡᠢ
ᠰᠡᠭᠦᠯ ᠡᠴᠡ ᠪᠡᠨ ᠥᠭᠡᠷ᠎ᠡ ᠲᠠᠰᠢᠭᠤᠷ ᠦᠭᠡᠢ
 
1542 ᠰᠡᠭᠦᠳᠡᠷ ᠲᠤᠨᠢ ᠰᠠᠭᠤᠪᠠᠯ
ᠮᠣᠳᠣ ᠶ᠋ᠢ ᠨᠢ ᠪᠦᠦ ᠮᠠᠷᠲᠠ
 
1543 ᠰᠡᠭᠦᠳᠡᠷ ᠲᠡᠢ ᠪᠡᠨ ᠣᠷᠣᠯᠳᠣᠪᠠᠯ ᠲᠦᠷᠦᠭᠦᠯᠡᠬᠦ ᠦᠭᠡᠢ
ᠰᠢᠭᠦᠮᠵᠢᠯᠡᠯ ᠢ ᠰᠥᠷᠪᠡᠯ ᠵᠠᠰᠠᠷᠠᠬᠤ ᠦᠭᠡᠢ
 
1544 ᠰᠡᠭᠦᠯ ᠨᠢ ᠲᠣᠯᠣᠭᠠᠢ ᠪᠠᠨ ᠳᠠᠭᠠᠬᠤ
ᠰᠡᠭᠦᠳᠡᠷ ᠨᠢ ᠪᠡᠶ᠎ᠡ ᠪᠡᠨ ᠳᠠᠭᠠᠬᠤ
 
1545 ᠰᠡᠭᠦᠯ ᠦ᠋ᠨ ᠲᠡᠮᠡᠭᠡᠨ ᠦ᠌
ᠠᠴᠢᠶ᠎ᠠ ᠬᠦᠨᠳᠦ
 
1546 ᠰᠡᠭᠦᠯ ᠲᠡᠢ ᠴᠢᠨᠣ᠎ᠠ ᠡᠴᠡ
ᠰᠡᠭᠦᠯ ᠦᠭᠡᠢ ᠴᠢᠨᠣ᠎ᠠ ᠪᠡᠷᠬᠡ
 
1547 ᠰᠦᠬᠡ ᠠᠪᠬᠤ ᠬᠥᠮᠦᠨ ᠣᠩᠭᠢ ᠶ᠋ᠢ ᠨᠢ ᠬᠠᠷᠠᠳᠠᠭ
ᠬᠦᠦ ᠠᠪᠬᠤ ᠬᠥᠮᠦᠨ ᠤᠳᠤᠮ ᠢ᠋ ᠨᠢ ᠬᠠᠷᠠᠳᠠᠭ
 
1548 ᠰᠦᠬᠡ ᠳᠠᠯᠠᠢᠲᠠᠯ᠎ᠠ
ᠦᠬᠡᠷ ᠠᠮᠤᠷ
 
1549 ᠰᠡᠪ ᠦᠭᠡᠢ ᠰᠤᠪᠤᠳ— ᠡᠷᠳᠡᠨᠢ
ᠰᠡᠵᠢᠭ ᠦᠭᠡᠢ ᠨᠥᠬᠥᠷ— ᠡᠷᠬᠢᠮ
 
1550 ᠰᠡᠭ ᠳᠡᠭᠡᠷ᠎ᠡ
ᠴᠤᠭᠯᠠᠷᠠᠭᠰᠠᠨ ᠨᠣᠬᠠᠢ
 
1551 ᠰᠡᠳᠦᠭᠰᠡᠨ ᠦᠢᠯᠡ ᠪᠡᠨ
ᠪᠦᠲᠦᠲᠡᠯ᠎ᠡ ᠪᠡᠨ ᠨᠢᠭᠤᠵᠤ ᠶᠠᠪᠤ
ᠰᠡᠵᠢᠭᠯᠡᠭᠰᠡᠨ ᠬᠡᠷᠡᠭ ᠢ᠋ᠶ᠋ᠡᠨ
ᠢᠯᠡᠷᠡᠲᠡᠯ᠎ᠡ ᠪᠡᠨ ᠬᠠᠷᠠᠵᠤ ᠶᠠᠪᠤ

1552 ᠰᠡᠵᠢᠭ ᠢ᠋ᠶ᠋ᠡᠷ ᠡᠪᠡᠳᠴᠦ
ᠰᠦᠰᠦᠭ ᠢ᠋ᠶ᠋ᠡᠷ ᠡᠳᠡᠭᠡᠷᠡᠳᠡᠭ
 
1553 ᠰᠡᠵᠢᠭᠯᠡᠬᠦ ᠳ᠋ᠦ᠍ ᠴᠢᠳᠬᠥᠷ
ᠰᠦᠰᠦᠭᠯᠡᠬᠦ ᠳ᠋ᠦ᠍ ᠪᠤᠷᠬᠠᠨ
 
1554 ᠰᠡᠯᠡᠮ᠎ᠡ ᠵᠢᠳᠠ ᠠᠳᠠᠭ ᠤ᠋ᠨ ᠵᠡᠪᠰᠡᠭ
ᠰᠡᠴᠡᠨ ᠤᠬᠠᠭᠠᠨ ᠳᠡᠭᠡᠳᠦ ᠶ᠋ᠢᠨ ᠵᠡᠪᠰᠡᠭ
 
1555 ᠰᠡᠯᠡᠮ᠎ᠡ ᠪᠡᠷ ᠴᠠᠪᠴᠢᠪᠠᠯ ᠪᠡᠶ᠎ᠡ ᠡᠪᠡᠳᠦᠨ᠎ᠡ
ᠦᠭᠡ ᠪᠡᠷ ᠳᠠᠭᠠᠷᠢᠪᠠᠯ ᠰᠡᠳᠬᠢᠯ ᠡᠪᠡᠳᠦᠨ᠎ᠡ
 
1556 ᠰᠠᠮ ᠰᠠᠭᠤᠵᠤ
ᠭᠡᠮ ᠬᠢᠬᠦ
 
1557 ᠰᠡᠷᠡᠵᠦ ᠶᠠᠪᠤᠪᠠᠯ ᠠᠮᠢᠨ ᠳ᠋ᠤ᠌ ᠲᠤᠰᠠ ᠲᠠᠢ
ᠰᠡᠷᠡᠮᠵᠢ ᠦᠭᠡᠢ ᠶᠠᠪᠤᠪᠠᠯ ᠠᠮᠢᠨ ᠳ᠋ᠤ᠌ ᠬᠣᠣᠷ ᠲᠠᠢ
 
1558 ᠰᠡᠷᠴᠢᠭᠢᠨᠡᠨ ᠢᠷᠡᠬᠦ ᠰᠠᠯᠬᠢ
ᠰᠡᠮᠡᠬᠡᠷ ᠢᠷᠡᠬᠦ ᠬᠤᠯᠠᠭᠠᠢᠴᠢ
 
1559 ᠰᠡᠳᠬᠢᠯ ᠭᠡᠮᠲᠡᠨ ᠦ᠌
ᠰᠠᠨᠠᠭ᠎ᠠ ᠨᠢ ᠠᠮᠠᠷᠠᠳᠠᠭ ᠦᠭᠡᠢ
 
1560 ᠰᠡᠳᠬᠢᠯ ᠰᠡᠪ ᠦᠭᠡᠢ ᠪᠣᠯ
ᠲᠠᠪᠤᠨ ᠮᠠᠬᠠᠪᠣᠳ ᠡᠷᠡᠭᠦᠯ
 
1561 ᠰᠡᠳᠬᠢᠯ ᠳ᠋ᠦ᠍ᠨᠢ ᠠᠯᠠᠭ ᠲᠠᠢ ᠪᠣᠯ
ᠠᠵᠢᠯ ᠳ᠋ᠤᠨᠢ ᠠᠯᠠᠭ ᠲᠠᠢ
 
1562 ᠰᠡᠳᠬᠢᠯ ᠦ᠋ᠨ ᠵᠣᠪᠠᠯᠠᠩ ᠠ᠋ᠴᠠ
ᠪᠡᠶ᠎ᠡ ᠶ᠋ᠢᠨ ᠵᠣᠪᠠᠯᠠᠩ
 
1563 ᠰᠡᠳᠬᠢᠯ ᠦ᠋ᠨ ᠡᠪᠡᠳᠴᠢᠨ ᠢ᠋ ᠦᠭᠡ ᠪᠡᠷ
ᠪᠡᠶ᠎ᠡ ᠶ᠋ᠢᠨ ᠡᠪᠡᠳᠴᠢᠨ ᠢ᠋ ᠡᠮ ᠢ᠋ᠶ᠋ᠡᠷ
 
1564 ᠰᠡᠳᠬᠢᠯ ᠦ᠋ᠨ ᠰᠠᠢᠬᠠᠨ ᠨᠢ ᠠᠮᠢᠳᠤᠷᠠᠯ ᠤ᠋ᠨ ᠴᠢᠮᠡᠭ
ᠴᠢᠷᠠᠢ ᠶ᠋ᠢᠨ ᠰᠠᠢᠬᠠᠨ ᠨᠢ ᠨᠢᠳᠦᠨ ᠦ᠌ ᠭᠡᠮ
 
1565 ᠰᠡᠳᠬᠢᠯ ᠦ᠋ᠨ ᠬᠠᠷᠠᠩᠭᠤᠢ ᠠ᠋ᠴᠠ
ᠰᠥᠨᠢ ᠶ᠋ᠢᠨ ᠬᠠᠷᠠᠩᠭᠤᠢ ᠳᠡᠭᠡᠷ᠎ᠡ
 
1566 ᠰᠡᠳᠬᠢᠯ ᠦ᠋ᠨ ᠭᠬᠢᠷ
ᠪᠡᠶ᠎ᠡ ᠶ᠋ᠢᠨ ᠭᠬᠢᠷ ᠡᠴᠡ ᠪᠤᠵᠠᠷ
 
1567 ᠰᠡᠳᠬᠢᠯ ᠦ᠋ᠨ ᠴᠡᠭᠡᠷ
ᠰᠠᠨᠠᠭᠠᠨ ᠤ᠋ ᠰᠡᠪ
 
1568 ᠰᠡᠳᠬᠢᠬᠦ ᠳᠣᠳᠣᠮ ᠰᠡᠴᠡᠨ ᠪᠣᠯᠬᠤ
ᠰᠡᠷᠡᠮᠵᠢᠯᠡᠬᠦ ᠳᠣᠳᠣᠮ ᠮᠡᠷᠭᠡᠨ ᠪᠣᠯᠬᠤ
 
1569 ᠰᠡᠲᠡᠷᠬᠡᠢ ᠵᠡᠭᠦᠦ ᠳ᠋ᠦ᠍ ᠤᠲᠠᠰᠤ ᠲᠣᠭᠲᠠᠬᠤ ᠦᠭᠡᠢ
ᠱᠠᠯᠢᠭ ᠬᠥᠮᠦᠨ ᠳ᠋ᠦ᠍ ᠡᠳ᠋ ᠲᠣᠭᠲᠠᠬᠤ ᠦᠭᠡᠢ
 
1570 ᠰᠡᠭᠡᠷ ᠨᠢᠷᠤᠭᠤ ᠬᠣᠶᠠᠷ ᠰᠦᠪᠡᠭᠡ ᠪᠡᠷ ᠢ᠋ᠶ᠋ᠡᠨ ᠬᠣᠯᠪᠣᠭᠳᠠᠳᠠᠭ
ᠰᠡᠳᠬᠢᠯ ᠢᠨᠠᠭ ᠬᠣᠶᠠᠷ ᠬᠠᠢᠷ᠎ᠠ ᠪᠠᠷ ᠢ᠋ᠶ᠋ᠠᠨ ᠬᠣᠯᠪᠣᠭᠳᠠᠳᠠᠭ
 
1571 ᠰᠡᠭᠡᠷ ᠦ᠋ᠨ ᠪᠥᠬᠡ ᠡᠴᠡ
ᠰᠡᠳᠬᠢᠯ ᠦ᠋ᠨ ᠪᠥᠬᠡ ᠨᠢ
 
1572 ᠰᠡᠭᠡᠷ ᠦ᠋ᠨ ᠮᠢᠬᠠᠨ ᠤ᠋ ᠱᠥᠯᠥ ᠰᠠᠢᠬᠠᠨ
ᠰᠡᠯᠭᠦᠵᠦ ᠪᠠᠭᠤᠭᠰᠠᠨ ᠨᠤᠲᠤᠭ ᠰᠠᠢᠬᠠᠨ
 
ᠢᠷᠡᠯᠲᠡ᠄

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠢᠮᠧᠯ᠄ soninhuudas@gmail.com