1621 ᠲᠣᠯᠣᠭᠠᠢ ᠶ᠋ᠢ ᠨᠢ ᠢᠯᠢᠵᠦ
ᠲᠠᠷᠢᠬᠢ ᠶ᠋ᠢ ᠨᠢ ᠰᠣᠷᠣᠬᠤ
1622 ᠲᠣᠯᠣᠭᠠᠢ ᠪᠠᠨ ᠲᠣᠭᠣᠷᠢᠭᠰᠠᠨ ᠪᠣᠳᠣᠯ ᠲᠠᠢ
ᠲᠣᠬᠣᠢ ᠪᠠᠨ ᠮᠠᠭᠠᠵᠢᠭᠰᠠᠨ ᠵᠠᠩ ᠲᠠᠢ
1623 ᠲᠣᠯᠣᠭᠠᠢ ᠳ᠋ᠠᠭᠠᠨ ᠮᠡᠳᠡᠯᠭᠡ ᠦᠭᠡᠢ ᠪᠣᠯ
ᠬᠣᠶᠠᠷ ᠬᠥᠯ ᠳ᠋ᠦ᠍ ᠠᠮᠠᠷ ᠦᠭᠡᠢ
1624 ᠲᠣᠯᠣᠭᠠᠢ ᠳ᠋ᠠᠭᠠᠨ ᠡᠮᠦᠰᠬᠦ ᠲᠣᠭᠣᠷᠴᠣᠭ ᠦᠭᠡᠢ
ᠬᠥᠯ ᠳ᠋ᠡᠭᠡᠨ ᠤᠭᠯᠠᠬᠤ ᠭᠤᠲᠤᠯ ᠦᠭᠡᠢ
1625 ᠲᠣᠯᠣᠭᠠᠢ ᠶ᠋ᠢᠨ ᠦᠰᠦ ᠪᠤᠭᠤᠷᠤᠯ ᠪᠣᠯᠵᠤ
ᠪᠤᠯᠴᠢᠩ ᠤ᠋ᠨ ᠮᠢᠬ᠎ᠠ ᠰᠡᠷᠢᠰᠦ ᠪᠣᠯᠬᠤ
1626 ᠲᠣᠯᠣᠭᠠᠢ ᠶ᠋ᠢᠨ ᠦᠰᠦ ᠣᠯᠠᠨ ᠪᠣᠯᠪᠠᠴᠤ
ᠲᠣᠩᠭᠣᠷᠠᠭ ᠢ᠋ᠶ᠋ᠠᠷ ᠬᠤᠰᠤᠵᠤ ᠪᠣᠯᠬᠤ
1627 ᠲᠣᠯᠢ ᠰᠢᠭ᠋ ᠴᠢᠷᠠᠢ ᠠ᠋ᠴᠠ
ᠲᠤᠩᠭᠠᠯᠠᠭ ᠰᠡᠳᠬᠢᠯ ᠳᠡᠭᠡᠷ᠎ᠡ
1628 ᠲᠣᠯᠢᠨ ᠤ᠋ ᠰᠠᠢᠨ ᠢ᠋ᠶ᠋ᠠᠷ ᠵᠢᠰᠦ ᠪᠡᠨ ᠦᠵᠡᠨ᠎ᠡ
ᠲᠠᠨᠢᠯ ᠤ᠋ᠨ ᠰᠠᠢᠨ ᠢ᠋ᠶ᠋ᠠᠷ ᠲᠤᠰᠠ ᠶ᠋ᠢ ᠣᠯᠤᠨ᠎ᠠ
1629 ᠲᠣᠭ᠎ᠠ ᠮᠡᠳᠡᠬᠦ ᠦᠭᠡᠢ ᠪᠠᠢᠵᠤ
ᠲᠣᠷᠭᠠᠨ ᠳᠡᠪᠡᠯ ᠡᠮᠦᠰᠬᠦ
1630 ᠲᠣᠭ᠎ᠠ ᠮᠡᠳᠡᠬᠦ ᠦᠭᠡᠢ ᠬᠥᠮᠦᠨ ᠢ᠋ᠶ᠋ᠡᠷ
ᠳᠠᠩᠰᠠ ᠪᠤᠤ ᠪᠣᠳᠣᠭᠤᠯ
ᠲᠣᠮᠣᠭᠣ ᠮᠠᠭᠤ ᠲᠠᠢ ᠬᠥᠮᠦᠨ ᠢ᠋ᠶ᠋ᠡᠷ
ᠲᠥᠷᠥ ᠪᠤᠤ ᠪᠠᠷᠢᠭᠤᠯ
1631 ᠲᠣᠭ᠎ᠠ ᠦᠭᠡᠢ ᠡᠳᠦᠷ
ᠬᠣᠨᠣᠭ ᠦᠭᠡᠢ ᠬᠤᠭᠤᠴᠠᠭ᠎ᠠ ᠪᠠᠢᠳᠠᠭ ᠦᠭᠡᠢ
1632 ᠲᠣᠭᠠᠯᠠᠪᠠᠯ ᠨᠠᠰᠤ ᠰᠠᠴᠠᠭᠤ
ᠲᠥᠭᠡᠯᠡᠪᠡᠯ ᠪᠡᠶ᠎ᠡ ᠰᠠᠴᠠᠭᠤ
1633 ᠲᠣᠭᠣᠨᠣ ᠬᠠᠵᠠᠢᠬᠤ ᠦᠭᠡᠢ ᠪᠣᠯ
ᠣᠨᠢ ᠮᠤᠷᠤᠢᠬᠤ ᠦᠭᠡᠢ
1634 ᠲᠣᠭᠣᠨᠣ ᠪᠠᠷ ᠢ᠋ᠶ᠋ᠠᠨ ᠲᠩᠷᠢ ᠬᠡᠮᠵᠢᠵᠦ
ᠲᠣᠭᠣᠭ᠎ᠠ ᠪᠠᠷ ᠢ᠋ᠶ᠋ᠠᠨ ᠳᠠᠯᠠᠢ ᠶᠠᠨᠳᠠᠬᠤ
1635 ᠲᠣᠭᠣᠨᠣᠲᠤ ᠭᠡᠷ ᠲᠦ᠍ ᠲᠣᠯᠣᠭᠠᠢ ᠬᠣᠯᠪᠣᠵᠤ
ᠲᠣᠭᠣᠭᠠᠲᠠᠢ ᠱᠥᠯᠦᠨ ᠳ᠋ᠦ᠍ ᠬᠣᠰᠢᠭᠤ ᠬᠣᠯᠪᠣᠬᠤ
1636 ᠲᠣᠭᠣᠰᠣ ᠦᠭᠡᠢ ᠪᠠᠢᠯᠳᠤᠭᠠᠨ
ᠴᠢᠰᠤ ᠦᠭᠡᠢ ᠲᠡᠢᠨ ᠪᠠᠢᠳᠠᠭ ᠦᠭᠡᠢ
1637 ᠲᠣᠷᠭ᠎ᠠ ᠡᠮᠦᠰᠪᠡᠴᠦ ᠰᠡᠭᠦᠳᠡᠷ ᠨᠢ ᠬᠠᠷ᠎ᠠ
ᠲᠣᠰᠣ ᠢᠳᠡᠪᠡᠴᠦ ᠪᠠᠭᠠᠰᠤ ᠨᠢ ᠬᠠᠷ᠎ᠠ
1638 ᠲᠣᠷᠭ᠎ᠠ ᠡᠮᠦᠰᠦᠭᠰᠡᠨ ᠭᠡᠵᠦ ᠪᠦᠦ ᠪᠠᠶᠠᠷᠯᠠ
ᠲᠤᠭᠤᠯ ᠤᠨᠤᠭᠰᠠᠨ ᠭᠡᠵᠦ ᠪᠦᠦ ᠭᠣᠮᠣᠳᠠ
1639 ᠲᠣᠷᠭᠠᠨ ᠳᠡᠪᠡᠯ ᠲᠡᠢ ᠪᠣᠯᠪᠠᠴᠤ
ᠲᠣᠭ᠎ᠠ ᠮᠡᠳᠡᠬᠦ ᠦᠭᠡᠢ ᠮᠤᠩᠬᠠᠭ
1640 ᠲᠣᠰᠣ ᠢᠳᠡᠵᠦ
ᠲᠣᠷᠭ᠎ᠠ ᠡᠮᠦᠰᠴᠦ ᠶᠠᠪᠤᠬᠤ
1641 ᠲᠣᠰᠣ ᠢᠳᠡᠬᠦ ᠬᠡᠰᠢᠭ ᠦᠭᠡᠢ
ᠲᠣᠷᠭ᠎ᠠ ᠡᠮᠦᠰᠬᠦ ᠪᠤᠶᠠᠨ ᠦᠭᠡᠢ
1642 ᠲᠣᠰᠣ ᠴᠣᠬᠢᠭᠰᠠᠨ ᠬᠥᠮᠦᠨ ᠭᠠᠷ ᠢ᠋ᠶ᠋ᠠᠨ ᠳᠣᠯᠢᠶᠠᠳᠠᠭ
ᠲᠣᠭᠣᠰᠣ ᠴᠣᠬᠢᠭᠰᠠᠨ ᠬᠥᠮᠦᠨ ᠭᠠᠷ ᠢ᠋ᠶ᠋ᠠᠨ ᠤᠬᠢᠶᠠᠳᠠᠭ
1643 ᠲᠣᠰᠣ ᠰᠢᠭ᠋ ᠰᠠᠨᠠᠭ᠎ᠠ ᠶ᠋ᠢ ᠴᠠᠷᠴᠠᠭᠠᠵᠤ
ᠰᠦ ᠰᠢᠭ ᠰᠡᠳᠬᠢᠯ ᠢ᠋ ᠨᠢ ᠡᠭᠡᠳᠡᠭᠦᠯᠬᠦ
1644 ᠲᠣᠰᠣᠨ ᠳᠣᠲᠣᠷ᠎ᠠ ᠤᠮᠪᠠᠵᠤ
ᠲᠣᠷᠭᠠᠨ ᠳᠡᠭᠡᠷ᠎ᠡ ᠬᠥᠷᠪᠡᠬᠦ
1645 ᠲᠣᠰᠣ ᠪᠠᠨ ᠭᠦᠵᠡᠭᠡᠯᠡᠬᠦ ᠭᠡᠳ
ᠲᠤᠭᠤᠯ ᠢ᠋ᠶ᠋ᠠᠨ ᠭᠦᠵᠡᠭᠡᠯᠡᠬᠦ
1646 ᠲᠣᠰᠣᠨ ᠳᠡᠭᠡᠷ᠎ᠡ ᠲᠣᠭᠯᠠᠵᠤ
ᠥᠭᠡᠬᠦᠨ ᠳᠡᠭᠡᠷ᠎ᠡ ᠪᠥᠮᠪᠥᠷᠢᠬᠦ
1647 ᠲᠣᠬᠢᠷᠠᠭ᠎ᠠ ᠦᠭᠡᠢ ᠬᠤᠪᠴᠠᠰᠤ ᠨᠢᠳᠦᠨ ᠦ᠌ ᠪᠣᠯᠠᠢ
ᠲᠣᠰᠤᠯᠠᠭ᠎ᠠ ᠦᠭᠡᠢ ᠲᠡᠷᠭᠡ ᠴᠢᠬᠢᠨ ᠦ᠌ ᠪᠣᠯᠠᠢ
1648 ᠲᠣᠬᠣᠢ ᠵᠥᠷᠢᠭᠦᠯᠦᠨ ᠪᠠᠷᠢᠯᠴᠠᠵᠤ
ᠲᠣᠯᠣᠭᠠᠢ ᠨᠡᠢᠯᠡᠭᠦᠯᠦᠨ ᠨᠥᠬᠥᠷᠯᠡᠬᠦ
1649 ᠲᠣᠬᠣᠮ ᠦᠭᠡᠢ ᠡᠮᠡᠭᠡᠯ ᠢ᠋ ᠲᠣᠬᠣᠵᠤ ᠪᠣᠯᠬᠤ ᠦᠭᠡᠢ
ᠲᠣᠭᠲᠠᠪᠤᠷᠢ ᠦᠭᠡᠢ ᠬᠥᠮᠦᠨ ᠢ᠋ ᠢᠲᠡᠭᠡᠵᠦ ᠪᠣᠯᠬᠤ ᠦᠭᠡᠢ
1650 ᠲᠥᠪ᠂ ᠰᠢᠳᠤᠷᠭᠤ ᠮᠥᠩᠬᠡ
ᠲᠦᠷᠢᠮᠡᠬᠡᠢ᠂ ᠵᠢᠰᠤᠷ ᠬᠡᠪᠡᠷᠡᠭ
1651 ᠲᠥᠯᠥᠭᠡ ᠲᠥᠷᠥᠵᠦ ᠴᠢᠳᠠᠭ᠎ᠠ ᠦᠭᠡᠢ ᠪᠠᠢᠵᠤ
ᠢᠰᠢᠭᠡᠨ ᠳ᠋ᠦ᠍ ᠡᠬᠡ ᠪᠣᠯᠬᠤ ᠰᠢᠭ᠋
1652 ᠲᠥᠯ ᠢ᠋ᠶ᠋ᠡᠷ ᠮᠠᠯ ᠥᠰᠦᠨ᠎ᠡ
ᠦᠷ᠎ᠡ ᠪᠡᠷ ᠪᠦᠯᠢ ᠨᠡᠮᠡᠨ᠎ᠡ
1653 ᠲᠡᠮᠦᠷ ᠤᠰᠤᠨ ᠳ᠋ᠤ᠌ ᠳᠡᠪᠲᠦᠬᠦ ᠦᠭᠡᠢ
ᠲᠣᠰᠣ ᠤᠰᠤᠨ ᠳ᠋ᠤ᠌ ᠰᠢᠩᠭᠡᠬᠦ ᠦᠭᠡᠢ
1654 ᠲᠡᠮᠦᠷ ᠢ᠋ ᠵᠢᠪᠡ ᠢᠳᠡᠨ᠎ᠡ
ᠪᠡᠶ᠎ᠡ ᠶ᠋ᠢ ᠨᠠᠰᠤ ᠢᠳᠡᠨ᠎ᠡ
1655 ᠲᠡᠮᠦᠷ ᠢ᠋ ᠬᠠᠯᠠᠭᠤᠨ ᠳ᠋ᠤᠨᠢ ᠳᠠᠪᠲᠠ
ᠲᠡᠦᠬᠡ ᠶ᠋ᠢ ᠰᠢᠨ᠎ᠡ ᠳ᠋ᠦ᠍ᠨᠢ ᠪᠢᠴᠢ
1656 ᠲᠡᠮᠦᠷ ᠦ᠋ᠨ ᠰᠠᠢᠨ ᠢ᠋ ᠳᠠᠪᠲᠠᠵᠤ ᠮᠡᠳᠡᠨ᠎ᠡ
ᠮᠣᠷᠢᠨ ᠤ᠋ ᠰᠠᠢᠨ ᠢ᠋ ᠤᠨᠤᠵᠤ ᠮᠡᠳᠡᠨ᠎ᠡ
1657 ᠲᠡᠮᠦᠷ ᠦ᠋ᠨ ᠰᠠᠢᠨ ᠢ᠋ ᠳᠠᠷᠬᠠᠨ ᠮᠡᠳᠡᠬᠦ
ᠲᠥᠷᠥ ᠶ᠋ᠢᠨ ᠰᠠᠢᠨ ᠢ᠋ ᠡᠪᠦᠭᠡᠳ ᠮᠡᠳᠡᠬᠦ
1658 ᠲᠡᠮᠦᠷ ᠢ᠋ᠶ᠋ᠡᠨ ᠲᠠᠨᠢᠬᠤ ᠦᠭᠡᠢ ᠬᠠᠤᠷᠠᠢ
ᠲᠥᠷᠥᠯ ᠢ᠋ᠶ᠋ᠡᠨ ᠲᠠᠨᠢᠬᠤ ᠦᠭᠡᠢ ᠨᠣᠬᠠᠢ
1659 ᠲᠥᠭᠡ ᠶ᠋ᠢᠨ ᠳᠡᠭᠡᠷ᠎ᠡ
ᠰᠥᠭᠥᠮ ᠨᠡᠮᠡᠬᠦ
1660 ᠲᠥᠷᠥ ᠮᠡᠳᠡᠬᠦ ᠦᠭᠡᠢ ᠨᠣᠶᠠᠨ ᠠ᠋ᠴᠠ
ᠲᠦᠪᠰᠢᠨ ᠶᠠᠪᠤᠭᠰᠠᠨ ᠠᠷᠠᠳ ᠳᠡᠭᠡᠷ᠎ᠡ
1661 ᠲᠥᠷᠥ ᠲᠡᠮᠦᠷ ᠨᠢᠭᠤᠷ ᠲᠠᠢ
ᠲᠥᠷᠥᠭᠰᠡᠨ ᠪᠡᠶ᠎ᠡ ᠮᠢᠬᠠᠨ ᠨᠢᠭᠤᠷ ᠲᠠᠢ
1662 ᠲᠥᠷᠥ ᠲᠦᠮᠡᠨ ᠨᠢᠳᠦᠲᠡᠢ
ᠲᠥᠷᠥᠭᠰᠡᠨ ᠪᠡᠶ᠎ᠡ ᠬᠣᠶᠠᠷ ᠨᠢᠳᠦ ᠲᠡᠢ
1663 ᠲᠥᠷᠥ ᠴᠠᠭᠠᠵᠠᠨ ᠳ᠋ᠤ᠌ ᠪᠠᠷᠢᠭᠳᠠᠬᠤ
ᠲᠡᠮᠦᠷ ᠬᠠᠳᠠᠭᠠᠰᠤᠨ ᠳ᠋ᠤ᠌ ᠪᠠᠷᠢᠭᠳᠠᠬᠤ
1664 ᠲᠥᠷᠥ ᠳ᠋ᠦ᠍ ᠬᠠᠤᠯᠢ ᠪᠣᠢ
ᠲᠦᠮᠡᠨ ᠳ᠋ᠦ᠍ ᠶᠣᠰᠣ ᠪᠣᠢ
1665 ᠲᠥᠷᠥ ᠦᠭᠡᠢ ᠬᠠᠭᠠᠨ ᠪᠠᠢᠳᠠᠭ ᠦᠭᠡᠢ
ᠲᠡᠦᠬᠡ ᠦᠭᠡᠢ ᠤᠯᠤᠰ ᠪᠠᠢᠳᠠᠭ ᠦᠭᠡᠢ
1666 ᠲᠥᠷᠥ ᠶ᠋ᠢᠨ ᠨᠢᠷᠤᠭᠤ ᠲᠦᠪᠰᠢᠨ ᠪᠣᠯ
ᠲᠦᠮᠡᠨ ᠦ᠌ ᠨᠢᠷᠤᠭᠤ ᠠᠮᠤᠷ
1667 ᠲᠥᠷᠥ ᠶ᠋ᠢᠨ ᠨᠢᠭᠤᠴᠠ
ᠳᠡᠷᠡ ᠳᠡᠭᠡᠷ᠎ᠡ ᠵᠠᠳᠠᠷᠠᠬᠤ
1668 ᠲᠥᠷᠥ ᠶ᠋ᠢᠨ ᠰᠠᠬᠢᠭᠤᠰᠤ ᠰᠠᠢᠨ ᠵᠢᠷᠤᠮᠲᠤ ᠰᠠᠢᠳ
ᠱᠠᠰᠢᠨ ᠤ᠋ ᠰᠠᠬᠢᠭᠤᠰᠤ ᠰᠠᠢᠨ ᠡᠷᠳᠡᠮᠲᠦ ᠯᠠᠮᠠ
1669 ᠲᠥᠷᠥ ᠶ᠋ᠢᠨ ᠲᠥᠯᠥᠭᠡ
ᠣᠭᠣᠲᠣᠨ᠎ᠠ ᠪᠣᠭᠣᠵᠤ ᠦᠬᠦᠬᠦ
1670 ᠲᠥᠷᠥ ᠶ᠋ᠢᠨ ᠬᠡᠯᠬᠢᠶ᠎ᠡ ᠬᠠᠤᠯᠢ
ᠲᠥᠷᠥᠯ ᠦ᠋ᠨ ᠬᠡᠯᠬᠢᠶ᠎ᠡ ᠨᠠᠭᠠᠴᠤ
1671 ᠲᠥᠷᠥ ᠶ᠋ᠢᠨ ᠡᠯᠴᠢ ᠰᠢᠷᠦᠭᠦᠨ
ᠲᠥᠷᠬᠥᠮ ᠦ᠋ᠨ ᠵᠠᠷᠭᠤ ᠰᠢᠷᠦᠭᠦᠨ
1672 ᠲᠥᠷᠥᠯ ᠰᠠᠳᠤᠨ ᠤ᠋ ᠬᠣᠯᠠ ᠨᠢ ᠳᠡᠭᠡᠷ᠎ᠡ
ᠲᠥᠷᠥᠭᠰᠡᠨ ᠨᠤᠲᠤᠭ ᠤ᠋ᠨ ᠣᠢᠷ᠎ᠠ ᠨᠢ ᠳᠡᠭᠡᠷ᠎ᠡ
1673 ᠲᠥᠷᠥᠯ ᠲᠥᠷᠥᠭᠰᠡᠳ ᠢ᠋ᠶ᠋ᠡᠨ ᠡᠷᠭᠦᠪᠡᠯ
ᠪᠡᠬᠢ ᠬᠦᠴᠦᠲᠡᠢ ᠪᠣᠯᠬᠤ
ᠲᠥᠷᠥ ᠶᠣᠰᠣᠨ ᠢ᠋ ᠳᠠᠭᠠᠪᠠᠯ
ᠶᠡᠬᠡ ᠠᠯᠳᠠᠷ ᠲᠠᠢ ᠪᠣᠯᠬᠤ
1674 ᠲᠥᠷᠥᠯᠬᠢ ᠶ᠋ᠢᠨ ᠮᠠᠭᠤᠬᠠᠢ ᠪᠠᠨ ᠮᠡᠳᠡᠬᠦ ᠦᠭᠡᠢ
ᠲᠣᠯᠢ ᠪᠠᠨ ᠮᠠᠭᠤ ᠬᠡᠯᠡᠬᠦ
1675 ᠳᠥᠷᠥᠭᠡ ᠦᠭᠡᠢ ᠬᠡᠦᠬᠡᠳ ᠲᠦ᠍
ᠲᠡᠮᠦᠷ ᠥᠯᠥᠭᠡᠢ ᠪᠡᠯᠡᠳᠬᠡᠬᠦ
1676 ᠲᠥᠷᠥᠭᠡᠳ ᠥᠰᠬᠡᠬᠦ ᠳ᠋ᠦ᠍
ᠡᠵᠢ ᠠᠪᠤ ᠡᠨᠡᠷᠢᠯ ᠲᠡᠢ ᠨᠢ ᠰᠠᠢᠬᠠᠨ
ᠥᠰᠦᠭᠡᠳ ᠥᠲᠡᠯᠬᠦ ᠳ᠋ᠦ᠍
ᠡᠷ᠎ᠡ ᠡᠮ᠎ᠡ ᠡᠪᠲᠡᠢ ᠨᠢ ᠰᠠᠢᠬᠠᠨ
1677 ᠲᠥᠷᠥᠬᠦ ᠭᠡᠳᠡᠭ
ᠦᠬᠦᠬᠦ ᠲᠡᠢ ᠠᠳᠠᠯᠢ
1678 ᠲᠥᠷᠥᠭᠰᠡᠨ ᠠᠬ᠎ᠠ ᠳᠡᠭᠦᠦ ᠡᠪ ᠦᠭᠡᠢ ᠪᠣᠯ
ᠲᠦᠮᠡᠨ ᠣᠯᠠᠨ ᠤ᠋ ᠰᠢᠪᠰᠢᠭ
1679 ᠲᠥᠷᠥᠭᠰᠡᠨ ᠭᠠᠵᠠᠷ — ᠲᠥᠷᠥᠯ ᠡᠬᠡ
ᠬᠥᠮᠦᠨ ᠦ᠌ ᠭᠠᠵᠠᠷ — ᠬᠣᠢᠲᠤ ᠡᠬᠡ
1680 ᠲᠥᠷᠥᠭᠰᠡᠨ ᠨᠤᠲᠤᠭ ᠠ᠋ᠴᠠ ᠪᠠᠨ
ᠲᠥᠭᠡ ᠬᠣᠯᠠᠳᠠᠭ᠎ᠠ ᠦᠭᠡᠢ
1681 ᠲᠥᠷᠥᠭᠰᠡᠨ ᠨᠤᠲᠤᠭ ᠤ᠋ᠨ ᠣᠢᠷ᠎ᠠ ᠨᠢ
ᠲᠥᠷᠥᠯ ᠰᠠᠳᠤᠨ ᠤ᠋ ᠬᠣᠯᠠ ᠨᠢ
1682 ᠲᠥᠷᠥᠭᠰᠡᠨ ᠦ᠌ ᠡᠴᠦᠰ ᠲᠦ᠍ ᠦᠬᠦᠳᠡᠭ
ᠬᠤᠷᠠᠭᠰᠠᠨ ᠤ᠋ ᠡᠴᠦᠰ ᠲᠦ᠍ ᠲᠠᠷᠬᠠᠳᠠᠭ
1683 ᠲᠥᠷᠬᠦ ᠦᠭᠡᠢ ᠣᠯᠠᠨ ᠠ᠋ᠴᠠ
ᠲᠦᠪᠰᠢᠨ ᠭᠠᠭᠴᠠ ᠳᠡᠭᠡᠷ᠎ᠡ
1684 ᠲᠥᠷᠬᠥᠮ ᠢ᠋ᠶ᠋ᠡᠨ ᠭᠣᠯᠣᠭᠰᠠᠨ ᠬᠡᠦᠬᠡᠨ
ᠲᠥᠷᠥᠯ ᠢ᠋ᠶ᠋ᠡᠨ ᠭᠣᠯᠣᠭᠰᠠᠨ ᠬᠥᠪᠡᠭᠦᠨ
1685 ᠲᠤᠭᠤᠯ ᠨᠢ ᠮᠥᠭᠡᠷᠡᠬᠦ ᠦᠭᠡᠢ ᠪᠣᠯ
ᠡᠬᠡ ᠨᠢ ᠡᠨᠡᠷᠢᠬᠦ ᠦᠭᠡᠢ
1686 ᠲᠤᠢᠯᠪᠤᠷᠢ ᠦᠭᠡᠢ ᠬᠥᠮᠦᠨ ᠪᠤᠴᠠᠬᠤ ᠳ᠋ᠠᠭᠠᠨ ᠠᠮᠠᠷᠬᠠᠨ
ᠲᠣᠭᠣᠯᠭᠠᠨ ᠵᠢᠳᠠ ᠰᠢᠨᠲᠠᠷᠠᠬᠤ ᠳ᠋ᠠᠭᠠᠨ ᠠᠮᠠᠷᠬᠠᠨ
1687 ᠲᠤᠯᠭ᠎ᠠ ᠪᠠᠭ᠎ᠠ ᠴᠦ᠍ ᠲᠣᠭᠣᠭ᠎ᠠ ᠪᠠᠨ ᠪᠠᠭᠲᠠᠭᠠᠳᠠᠭ
ᠮᠣᠷᠢ ᠡᠴᠡᠩᠬᠡᠢ ᠴᠦ᠍ ᠡᠮᠡᠭᠡᠯ ᠢ᠋ᠶ᠋ᠡᠨ ᠳᠠᠭᠠᠭᠠᠳᠠᠭ
1688 ᠲᠤᠯᠭ᠎ᠠ ᠲᠠᠢ ᠭᠠᠯ ᠤ᠋ᠨ ᠳᠥᠯᠥ ᠨᠢ ᠨᠢᠭᠡ
ᠳᠣᠷᠣᠭᠣ ᠲᠠᠢ ᠮᠠᠯ ᠤ᠋ᠨ ᠪᠡᠯᠴᠢᠭᠡᠷ ᠨᠢ ᠨᠢᠭᠡ
1689 ᠲᠤᠷᠤᠭ( ᠰᠢᠪᠠᠭᠤ) ᠶᠠᠳᠠᠷᠠᠪᠠᠯ ᠠᠭᠤᠯᠠ ᠪᠠᠨ
ᠬᠥᠮᠦᠨ ᠶᠠᠳᠠᠷᠠᠪᠠᠯ ᠤᠷᠤᠭ ᠢ᠋ᠶ᠋ᠠᠨ
1690 ᠲᠤᠷᠠᠩᠬᠠᠢ ᠮᠣᠷᠢ ᠲᠠᠷᠭᠤᠯᠠᠵᠤ ᠪᠣᠯᠤᠨ᠎ᠠ
ᠡᠪᠡᠳᠴᠢᠲᠡᠢ ᠬᠥᠮᠦᠨ ᠡᠳᠡᠭᠡᠵᠦ ᠪᠣᠯᠤᠨ᠎ᠠ
1691 ᠲᠤᠷᠠᠬᠤ ᠳ᠋ᠠᠭᠠᠨ ᠵᠢᠷᠣᠭ᠎ᠠ ᠪᠣᠯᠵᠤ
ᠲᠤᠢᠯᠳᠠᠬᠤ ᠳ᠋ᠠᠭᠠᠨ ᠤᠬᠠᠭ᠎ᠠ ᠣᠷᠣᠬᠤ
1692 ᠲᠤᠰᠠ ᠪᠣᠯᠬᠤ ᠭᠡᠳ
ᠲᠤᠱᠠ(ᠲᠤᠰᠢᠶ᠎ᠠ) ᠪᠣᠯᠬᠤ
1693 ᠲᠤᠰᠠ ᠬᠢᠭᠰᠡᠨ ᠮᠠᠷᠲᠠᠭᠳᠠᠬᠤ
ᠲᠣᠳᠬᠠᠷ ᠬᠢᠭᠰᠡᠨ ᠮᠠᠷᠲᠠᠭᠳᠠᠬᠤ ᠦᠭᠡᠢ
1694 ᠲᠤᠰᠠᠯᠠᠪᠠᠯ ᠲᠤᠤᠱᠲᠠᠢ (ᠲᠤᠭᠤᠰᠢᠲᠠᠢ) ᠨᠢ
ᠪᠣᠯᠵᠣᠪᠠᠯ ᠪᠣᠳᠠᠲᠠᠢ ᠨᠢ
1695 ᠲᠤᠰᠠᠲᠠᠢ ᠬᠥᠮᠦᠨ ᠲᠣᠰᠣ ᠠᠳᠠᠯᠢ
ᠲᠤᠰᠠ ᠦᠭᠡᠢ ᠬᠥᠮᠦᠨ ᠤᠰᠤ ᠠᠳᠠᠯᠢ
1696 ᠲᠤᠰᠠᠲᠠᠢ ᠬᠡᠷᠡᠭ ᠪᠦᠬᠦᠨ ᠢ᠋
ᠲᠤᠤᠱᠲᠠᠢ (ᠲᠤᠭᠤᠰᠢᠲᠠᠢ) ᠰᠠᠢᠨ ᠭᠦᠢᠴᠡᠳᠭᠡ
1697 ᠲᠤᠤ ᠭᠡᠬᠦ ᠨᠣᠬᠠᠢ ᠦᠭᠡᠢ
ᠴᠠ ᠭᠡᠬᠦ ᠢᠮᠠᠭ᠎ᠠ ᠦᠭᠡᠢ
1698 ᠲᠤᠰᠠ ᠶ᠋ᠢ ᠤᠰᠤ ᠪᠠᠷ
ᠠᠴᠢ ᠶ᠋ᠢ ᠪᠠᠴᠢ ᠪᠠᠷ
1699 ᠲᠠᠤᠯᠠᠢ ᠳ᠋ᠤ᠌ ᠡᠪᠡᠷ ᠤᠷᠭᠤᠵᠤ
ᠲᠤᠭᠤᠯ ᠳ᠋ᠤ᠌ ᠰᠣᠶᠣᠭ᠎ᠠ ᠤᠷᠭᠤᠬᠤ
1700 ᠲᠠᠤᠯᠠᠢ ᠶ᠋ᠢᠨ ᠠᠷᠠᠰᠤ ᠨᠢᠮᠭᠡᠨ ᠪᠣᠯᠪᠠᠴᠤ
ᠭᠤᠷᠪᠠᠨ ᠡᠳᠦᠷ ᠦ᠋ᠨ ᠬᠦᠢᠲᠡᠨ ᠳᠠᠭᠠᠭᠠᠬᠤ
1701 ᠲᠠᠤᠯᠠᠢ ᠶ᠋ᠢᠨ ᠵᠣ ᠲᠠᠢ ᠮᠣᠷᠢ ᠶ᠋ᠢ
ᠣᠯᠵᠤ ᠤᠨᠤᠬᠤ ᠳ᠋ᠤ᠌ ᠪᠡᠷᠬᠡ
ᠲᠤᠩᠭᠠᠯᠠᠭ ᠰᠠᠨᠠᠭ᠎ᠠ ᠲᠠᠢ ᠬᠥᠮᠦᠨ ᠢ᠋
ᠣᠯᠵᠤ ᠬᠠᠨᠢᠯᠠᠬᠤ ᠳ᠋ᠤ᠌ ᠪᠡᠷᠬᠡ
1702 ᠲᠠᠤᠯᠠᠢ ᠶ᠋ᠢᠨ ᠬᠢᠷᠢ ᠪᠡᠷ ᠨᠤᠮᠤ ᠪᠠᠨ ᠲᠡᠳᠡ
ᠲᠤᠭᠤᠯ ᠤ᠋ᠨ ᠢ᠋ᠶ᠋ᠠᠨ ᠬᠢᠷᠢ ᠪᠡᠷ ᠵᠡᠯ᠎ᠡ ᠪᠡᠨ ᠲᠡᠳᠡ
1703 ᠲᠠᠤᠯᠠᠢ ᠶ᠋ᠢᠨ ᠴᠢᠨᠡᠭᠡ ᠠᠰᠢᠭ ᠲᠤ ᠰᠢᠨᠤᠵᠤ
ᠠᠭᠤᠯᠠ ᠶ᠋ᠢᠨ ᠴᠢᠨᠡᠭᠡ ᠭᠠᠷᠤᠵᠠ ᠭᠠᠷᠭᠠᠬᠤ
1704 ᠲᠤᠭᠤᠯᠵᠤ ᠪᠠᠷᠠᠭᠳᠠᠬᠤ ᠦᠭᠡᠢ ᠡᠷᠳᠡᠮ ᠦ᠋ᠨ ᠳᠠᠯᠠᠢ
ᠲᠣᠭᠠᠯᠠᠵᠤ ᠪᠠᠷᠠᠭᠳᠠᠬᠤ ᠦᠭᠡᠢ ᠰᠢᠷᠣᠢ ᠶ᠋ᠢᠨ ᠪᠣᠳᠠᠰ
1705 ᠲᠦᠭᠰᠢᠯ ᠢ᠋ ᠥᠩᠭᠡᠷᠡᠭᠡᠪᠡᠯ
ᠲᠦᠪᠰᠢᠨ ᠠᠮᠤᠭᠤᠯᠠᠩ ᠰᠠᠶᠢ ᠢᠷᠡᠳᠡᠭ
1706 ᠲᠦᠢᠮᠡᠷ ᠥᠭᠡᠳᠡ
ᠲᠦᠯᠡᠰᠢ ᠡᠷᠭᠦᠬᠦ
1707 ᠲᠦᠯᠡᠰᠢ ᠣᠢᠷ᠎ᠠ ᠶ᠋ᠢ ᠪᠣᠳᠣᠪᠠᠯ
ᠠᠭᠤᠯᠠ ᠶ᠋ᠢ ᠲᠦᠰᠢᠵᠦ ᠰᠠᠭᠤ
ᠤᠰᠤ ᠣᠢᠷ᠎ᠠ ᠶ᠋ᠢ ᠪᠣᠳᠣᠪᠠᠯ
ᠭᠣᠣᠯ ᠢ᠋ ᠳᠠᠭᠠᠵᠤ ᠰᠠᠭᠤ
1708 ᠲᠦᠯᠡᠬᠦ ᠳ᠋ᠦ᠍ ᠲᠦᠯᠡᠭᠡ ᠪᠣᠯᠬᠤ ᠦᠭᠡᠢ
ᠲᠡᠭᠦᠬᠦ ᠳ᠋ᠦ᠍ ᠲᠡᠵᠢᠭᠡᠯ ᠪᠣᠯᠬᠤ ᠦᠭᠡᠢ
1709 ᠲᠦᠮᠡᠨ ᠦ᠌ ᠳᠤᠮᠳᠠ ᠲᠥᠭᠡᠷᠢᠬᠦ ᠦᠭᠡᠢ
ᠮᠢᠩᠭᠠᠨ ᠤ᠋ ᠳᠤᠮᠳᠠ ᠮᠢᠲᠠᠷᠠᠬᠤ ᠦᠭᠡᠢ
1710 ᠲᠦᠮᠡᠨ ᠦ᠌ ᠲᠦᠢᠳᠬᠡᠷ
ᠲᠥᠷᠥ ᠶ᠋ᠢᠨ ᠬᠤᠳᠬᠤᠭᠤᠷ
1711 ᠲᠦᠮᠡᠨ ᠦ᠌ ᠬᠥᠷᠥᠩᠭᠡ ᠶ᠋ᠢ ᠲᠦᠷᠦᠭᠦᠨ ᠳ᠋ᠦ᠍ ᠬᠠᠢᠷᠠᠯᠠ
ᠲᠥᠷᠥᠭᠰᠡᠨ ᠪᠡᠶ᠎ᠡ ᠶ᠋ᠢ ᠰᠡᠭᠦᠯ ᠳ᠋ᠦ᠍ᠨᠢ ᠬᠠᠢᠷᠠᠯᠠ
1712 ᠲᠦᠮᠡᠨ ᠢ᠋ ᠲᠣᠭᠣᠷᠢᠭᠰᠠᠨ ᠬᠥᠮᠦᠨ
ᠲᠥᠪ ᠢ᠋ ᠨᠢ ᠦᠵᠡᠮᠡᠭᠴᠡ ᠮᠡᠳᠡᠨ᠎ᠡ
1713 ᠲᠦᠮᠡᠨ ᠡᠴᠡ ᠡᠰᠡ ᠲᠡᠳᠬᠦᠪᠡᠯ
ᠮᠡᠷᠭᠡᠳ ᠴᠦ᠍ ᠠᠯᠳᠠᠷᠰᠢᠬᠤ ᠦᠭᠡᠢ
ᠲᠦᠰᠢᠭ ᠢ᠋ᠶ᠋ᠡᠨ ᠬᠠᠷᠠᠳᠠᠪᠠᠯ
ᠤᠬᠠᠭᠠᠨᠲᠠᠨ ᠴᠦ᠍ ᠥᠭᠡᠳᠡᠯᠡᠬᠦ ᠦᠭᠡᠢ
1714 ᠲᠦᠮᠡᠨ ᠯᠠᠩ ᠲᠠᠢ ᠶᠠᠪᠤᠬᠤ ᠪᠠᠷ
ᠲᠦᠮᠡᠨ ᠠᠬ᠎ᠠ ᠳᠡᠭᠦᠦ ᠲᠡᠢ ᠶᠠᠪᠤ
1715 ᠲᠦᠮᠡᠨ ᠳ᠋ᠦ᠍ ᠨᠢᠭᠤᠷ ᠢ᠋ᠶ᠋ᠠᠨ ᠪᠠᠷᠠᠵᠤ
ᠲᠥᠷᠥ ᠳ᠋ᠦ᠍ ᠨᠡᠷ᠎ᠡ ᠪᠡᠨ ᠭᠤᠲᠤᠭᠠᠬᠤ
1716 ᠲᠦᠷᠭᠡᠨ ᠠᠭᠤᠷ ᠬᠡᠷᠡᠭᠦᠯ ᠪᠣᠰᠬᠠᠬᠤ
ᠲᠦᠳᠡᠭ ᠭᠠᠯ ᠲᠦᠢᠮᠡᠷ ᠪᠣᠰᠬᠠᠬᠤ
1717 ᠲᠦᠷᠦᠭᠦᠦ ᠮᠣᠷᠢ ᠰᠠᠨᠳᠤᠷᠬᠤ ᠦᠭᠡᠢ ᠪᠣᠯ
ᠠᠳᠤᠭᠤᠨ ᠰᠦᠷᠦᠭ ᠰᠠᠨᠳᠤᠷᠬᠤ ᠦᠭᠡᠢ
1718 ᠲᠥᠷᠥᠭᠦᠯᠡᠵᠦ ᠳᠤᠤᠭᠠᠷᠤᠭᠰᠠᠨ
ᠬᠥᠬᠦᠭᠡᠨ ᠦ᠌ ᠠᠮᠠ ᠬᠥᠯᠳᠡᠬᠦ
1719 ᠲᠦᠷᠦᠭᠦᠨ ᠳ᠋ᠦ᠍ ᠭᠠᠷᠤᠭᠰᠠᠨ ᠴᠢᠬᠢ ᠡᠴᠡ
ᠰᠡᠭᠦᠯ ᠳ᠋ᠦ᠍ ᠤᠷᠭᠤᠭᠰᠠᠨ ᠡᠪᠡᠷ
1720 ᠲᠦᠮᠡᠨ ᠬᠥᠮᠦᠨ ᠡᠴᠡ
ᠲᠥᠷᠥ ᠶᠣᠰᠣ ᠮᠡᠳᠡᠬᠦ ᠬᠥᠮᠦᠨ ᠳᠡᠭᠡᠷ᠎ᠡ
1721 ᠲᠦᠷᠭᠡᠳᠡᠭᠰᠡᠨ ᠬᠦᠷᠭᠡᠨ
ᠲᠦᠷᠡᠢ ᠪᠡᠨ ᠰᠡᠳᠡ ᠭᠢᠰᠬᠢᠬᠦ
1722 ᠲᠦᠷᠭᠡᠨ ᠨᠢ ᠲᠦᠭᠦᠬᠡᠢ
ᠬᠤᠷᠳᠤᠨ ᠨᠢ ᠬᠤᠭᠤᠷᠬᠠᠢ
1723 ᠲᠦᠷᠡᠢ ᠶ᠋ᠢᠨ ᠪᠥᠭᠡᠰᠦ
ᠲᠣᠯᠣᠭᠠᠢ ᠳ᠋ᠤ᠌ ᠭᠠᠷᠬᠤ
1724 ᠲᠡᠦᠬᠡ ᠲᠥᠭᠡᠷᠢᠬᠦ ᠦᠭᠡᠢ
ᠤᠷᠤᠭ ᠣᠷᠬᠢᠭᠳᠠᠬᠤ ᠦᠭᠡᠢ
1725 ᠲᠡᠦᠬᠡ ᠦᠨᠡᠨ
ᠲᠡᠮᠦᠷ ᠪᠡᠬᠢ
1726 ᠲᠡᠦᠬᠡ ᠶ᠋ᠢᠨ ᠦᠨᠡᠨ ᠬᠡᠴᠡᠭᠦᠦ
ᠲᠡᠮᠦᠷ ᠦ᠋ᠨ ᠭᠢᠨᠵᠢ ᠴᠢᠩᠭ᠎ᠠ
1727 ᠲᠦᠰᠢᠪᠡᠯ ᠠᠬ᠎ᠠ
ᠲᠤᠯᠪᠠᠯ ᠳᠡᠭᠦᠦ
1728 ᠲᠦᠰᠢᠵᠦ ᠰᠠᠭᠤᠬᠤ ᠲᠥᠷᠥᠯ ᠦᠭᠡᠢ
ᠲᠤᠯᠵᠤ ᠣᠴᠢᠬᠤ ᠨᠤᠲᠤᠭ ᠦᠭᠡᠢ
1729 ᠲᠦᠰᠢᠮᠡᠯ ᠢ᠋ᠶ᠋ᠡᠷ ᠲᠡᠷᠭᠡ ᠪᠠᠷᠢᠭᠤᠯᠪᠠᠯ ᠲᠡᠷᠭᠡ ᠡᠪᠳᠡᠨ᠎ᠡ
ᠲᠡᠷᠭᠡᠴᠢ ᠪᠡᠷ ᠲᠥᠷᠥ ᠪᠠᠷᠢᠭᠤᠯᠪᠠᠯ ᠲᠥᠷᠥ ᠡᠪᠳᠡᠨ᠎ᠡ
1730 ᠲᠦᠰᠢᠭᠰᠡᠨ ᠢ᠋ ᠪᠦᠦ ᠲᠦᠯᠬᠢ
ᠲᠦᠯᠬᠢᠭᠰᠡᠨ ᠢ᠋ ᠪᠦᠦ ᠳᠥᠰᠢ
1731 ᠲᠡᠪᠡᠳᠡᠬᠦ ᠶ᠋ᠢᠨ ᠦᠶ᠎ᠡ ᠳ᠋ᠦ᠍
ᠲᠥᠷᠥᠯ ᠦ᠋ᠨ ᠰᠠᠢᠨ ᠢᠯᠭᠠᠷᠠᠨ᠎ᠠ
ᠰᠠᠨᠳᠤᠷᠬᠤ ᠶ᠋ᠢᠨ ᠴᠠᠭ ᠲᠤ
ᠰᠠᠳᠤᠨ ᠤ᠋ ᠰᠠᠢᠨ ᠲᠠᠨᠢᠭᠳᠠᠨ᠎ᠠ
1732 ᠲᠡᠪᠡᠨᠡ ᠬᠤᠯᠠᠭᠠᠢᠯᠠᠭᠰᠠᠨ ᠴᠦ᠍ ᠬᠤᠯᠠᠭᠠᠢᠴᠢ
ᠲᠡᠮᠡᠭᠡ ᠬᠤᠯᠠᠭᠠᠢᠯᠠᠭᠰᠠᠨ ᠴᠦ᠍ ᠬᠤᠯᠠᠭᠠᠢᠴᠢ
1733 ᠲᠡᠪᠡᠨᠡ ᠶ᠋ᠢᠨ ᠴᠢᠨᠡᠭᠡ ᠨᠦᠬᠡ ᠪᠡᠷ
ᠲᠡᠮᠡᠭᠡᠨ ᠴᠢᠨᠡᠭᠡ ᠰᠠᠯᠬᠢ
1734 ᠲᠡᠭᠰᠢ ᠮᠡᠳᠡᠬᠦ ᠦᠭᠡᠢ ᠬᠥᠮᠦᠨ ᠨᠣᠶᠠᠨ ᠰᠠᠭᠤᠵᠤ
ᠳᠠᠩ ᠮᠡᠳᠡᠬᠦ ᠦᠭᠡᠢ ᠬᠥᠮᠦᠨ ᠬᠤᠪᠢ ᠲᠦᠭᠡᠭᠡᠬᠦ
1735 ᠲᠡᠭᠰᠢ ᠡᠷᠬᠡ ᠪᠠᠢᠪᠠᠰᠤ
ᠲᠦᠪᠰᠢᠨ ᠨᠥᠬᠥᠷᠯᠡᠯ ᠪᠠᠢᠨ᠎ᠠ
1736 ᠲᠡᠵᠢᠭᠡᠭᠰᠡᠨ ᠪᠢᠷᠠᠭᠤ
ᠲᠡᠷᠭᠡ ᠡᠪᠳᠡᠨ᠎ᠡ
1737 ᠲᠡᠮᠡᠴᠡᠯ ᠳᠣᠲᠣᠷ᠎ᠠ ᠠ᠋ᠴᠠ ᠪᠠᠭᠠᠲᠤᠷ ᠲᠥᠷᠥᠬᠦ
ᠲᠡᠨᠡᠭ ᠳᠣᠲᠣᠷ᠎ᠠ ᠠ᠋ᠴᠠ ᠰᠡᠴᠡᠨ ᠲᠣᠳᠣᠷᠠᠬᠤ
1738 ᠲᠡᠮᠡᠭᠡ ᠭᠣᠪᠢ ᠶ᠋ᠢᠨ ᠴᠢᠮᠡᠭ
ᠲᠡᠷᠭᠡ ᠬᠣᠲᠠ ᠶ᠋ᠢᠨ ᠴᠢᠮᠡᠭ
1739 ᠲᠡᠮᠡᠭᠡ ᠭᠡᠲᠡᠬᠡᠷ ᠢ᠋ᠶ᠋ᠡᠨ ᠮᠡᠳᠡᠬᠦ ᠦᠭᠡᠢ
ᠲᠡᠨᠡᠭ ᠮᠠᠭᠤ ᠪᠠᠨ ᠮᠡᠳᠡᠬᠦ ᠦᠭᠡᠢ
1740 ᠲᠡᠮᠡᠭᠡ ᠨᠢᠭᠡ ᠲᠣᠢᠯᠠᠪᠠᠯ
ᠲᠣᠭᠯᠠᠭᠰᠠᠨ ᠲᠠᠢ ᠠᠳᠠᠯᠢ
ᠲᠡᠨᠡᠭ ᠬᠥᠮᠦᠨ ᠲᠡᠢ ᠬᠡᠯᠡᠯᠴᠡᠪᠡᠯ
ᠭᠡᠷᠡᠯᠲᠦᠭᠰᠡᠨ ᠲᠡᠢ ᠠᠳᠠᠯᠢ
1741 ᠲᠡᠮᠡᠭᠡ ᠬᠠᠷᠢᠭᠤᠯᠤᠭᠰᠠᠨ ᠬᠥᠮᠦᠨ
ᠪᠤᠤᠷ᠎ᠠ ᠶ᠋ᠢᠨ ᠢ᠋ᠶ᠋ᠡᠨ ᠵᠠᠩ ᠢ᠋ ᠠᠯᠳᠠᠬᠤ ᠦᠭᠡᠢ
1742 ᠲᠡᠮᠡᠭᠡ ᠬᠤᠵᠢᠷ ᠲᠤ ᠳᠤᠷ᠎ᠠ ᠲᠠᠢ
ᠲᠡᠨᠡᠭ ᠬᠡᠷᠡᠭ ᠲᠦ᠍ ᠳᠤᠷ᠎ᠠ ᠲᠠᠢ
1743 ᠲᠡᠮᠡᠭᠡ ᠬᠦᠷᠬᠦ ᠦᠭᠡᠢ ᠡᠪᠡᠰᠦ ᠶ᠋ᠢ
ᠢᠮᠠᠭ᠎ᠠ ᠢᠳᠡᠬᠦ ᠭᠡᠵᠦ ᠳᠤᠷᠠᠯᠠᠬᠤ᠃
1744 ᠲᠡᠮᠡᠭᠡ ᠦᠭᠡᠢ ᠮᠥᠷᠲᠡᠭᠡᠨ ᠨᠡᠭᠦᠬᠦ ᠳᠤᠷ᠎ᠠ ᠲᠠᠢ
ᠲᠡᠩᠬᠡᠭᠡ ᠦᠭᠡᠢ ᠮᠥᠷᠲᠡᠭᠡᠨ ᠪᠠᠷᠢᠯᠳᠤᠬᠤ ᠳᠤᠷ᠎ᠠ ᠲᠠᠢ
1745 ᠲᠡᠮᠡᠭᠡᠨ ᠦ᠌ ᠠᠴᠢᠶᠠᠨ ᠳ᠋ᠤ᠌
ᠲᠠᠤᠯᠠᠢ ᠬᠦᠨᠳᠦᠳᠡᠬᠦ ᠦᠭᠡᠢ
1746 ᠳᠠᠩ ᠦᠭᠡᠢ ᠢᠳᠡᠪᠡᠯ ᠭᠡᠳᠡᠰᠦ ᠡᠪ ᠦᠭᠡᠢᠷᠡᠬᠦ
ᠲᠡᠭᠰᠢ ᠦᠭᠡᠢ ᠶᠠᠪᠤᠪᠠᠯ ᠲᠩᠷᠢ ᠬᠢᠯᠢᠩᠨᠡᠬᠦ
1747 ᠲᠩᠷᠢ ᠶ᠋ᠢᠨ ᠮᠠᠭᠤᠬᠠᠢ ᠣᠯᠠᠨ ᠢ᠋ ᠵᠣᠪᠠᠭᠠᠨ᠎ᠠ
ᠲᠡᠨᠡᠭ ᠦ᠋ᠨ ᠮᠤᠩᠬᠠᠭ ᠪᠡᠶ᠎ᠡ ᠶ᠋ᠢ ᠵᠣᠪᠠᠭᠠᠨ᠎ᠠ
1748 ᠲᠡᠩᠬᠡᠯᠡᠭᠦᠨ ᠶᠠᠪᠤᠬᠤ ᠳ᠋ᠤ᠌
ᠲᠡᠮᠡᠭᠡ ᠪᠡᠷ ᠲᠤᠰᠠᠯᠠᠭᠰᠠᠨ ᠠ᠋ᠴᠠ
ᠲᠡᠪᠡᠳᠡᠵᠦ ᠶᠠᠪᠤᠬᠤ ᠳ᠋ᠤ᠌
ᠲᠡᠪᠡᠨᠡ ᠪᠡᠷ ᠲᠤᠰᠠᠯᠠᠭᠰᠠᠨ ᠨᠢ ᠳᠡᠭᠡᠷ᠎ᠡ
1749 ᠲᠡᠩᠭᠡᠯᠢᠭ ᠮᠠᠭᠤᠲᠠᠢ ᠲᠡᠷᠭᠡ
ᠲᠡᠭᠡᠭᠡᠰᠢ ᠳᠠᠭᠠᠭᠠᠬᠤ ᠦᠭᠡᠢ
ᠲᠡᠰᠪᠦᠷᠢ ᠮᠠᠭᠤᠲᠠᠢ ᠬᠥᠮᠦᠨ
ᠦᠭᠡ ᠳᠠᠭᠠᠭᠠᠬᠤ ᠦᠭᠡᠢ
1750 ᠲᠡᠩᠴᠡᠭᠦᠷᠢ ᠦᠭᠡᠢ ᠠᠴᠢᠶ᠎ᠠ ᠲᠡᠮᠡᠭᠡᠨ ᠦ᠌ ᠵᠣᠪᠠᠯᠠᠩ
ᠲᠡᠩᠴᠡᠭᠦᠷᠢ ᠦᠭᠡᠢ ᠠᠮᠠᠷᠠᠭ ᠰᠡᠳᠬᠢᠯ ᠦ᠋ᠨ ᠵᠣᠪᠠᠯᠠᠩ
1751 ᠲᠡᠨᠡᠭ ᠮᠠᠭᠲᠠᠭᠠᠯ ᠠ᠋ᠴᠠ
ᠰᠡᠴᠡᠨ ᠬᠠᠷᠢᠶᠠᠯ ᠳᠡᠭᠡᠷ᠎ᠡ
1752 ᠲᠡᠨᠡᠭ ᠨᠥᠬᠥᠷ ᠡᠴᠡ
ᠰᠡᠴᠡᠨ ᠳᠠᠢᠰᠤᠨ
1753 ᠲᠡᠨᠡᠭ ᠨᠢ ᠦᠭᠡᠢ ᠪᠣᠯ
ᠰᠡᠴᠡᠨ ᠨᠢ ᠲᠣᠳᠣᠷᠠᠬᠤ ᠦᠭᠡᠢ
1754 ᠲᠡᠨᠡᠭ ᠬᠥᠮᠦᠨ
ᠲᠩᠷᠢ ᠵᠠᠩᠨᠠᠬᠤ
1755 ᠲᠡᠨᠡᠭ ᠬᠥᠮᠦᠨ ᠭᠠᠭᠴᠠ ᠬᠣᠶᠠᠷ ᠲᠤ ᠴᠠᠳᠬᠤ ᠦᠭᠡᠢ
ᠰᠡᠴᠡᠨ ᠬᠥᠮᠦᠨ ᠠᠢᠯ ᠠᠢᠮᠠᠭ ᠢ᠋ᠶ᠋ᠠᠨ ᠴᠠᠳᠬᠠᠳᠠᠭ
1756 ᠲᠡᠨᠡᠭ ᠬᠥᠮᠦᠨ ᠲᠩᠷᠢ ᠡᠴᠡ ᠨᠢᠭᠡ ᠠᠬ᠎ᠠ
ᠣᠩᠭᠢᠷᠠᠭ᠎ᠠ ᠬᠥᠮᠦᠨ ᠣᠭᠲᠠᠷᠭᠤᠢ ᠠ᠋ᠴᠠ ᠬᠣᠶᠠᠷ ᠠᠬ᠎ᠠ
1757 ᠲᠡᠨᠡᠭ ᠬᠥᠮᠦᠨ ᠲᠡᠭᠡ ᠲᠡᠢ ᠮᠥᠷᠭᠥᠯᠳᠦᠬᠦ
ᠬᠤᠷ ᠲᠡᠨᠡᠭ ᠬᠤᠴᠠ ᠲᠠᠢ ᠮᠥᠷᠭᠥᠯᠳᠦᠬᠦ
1758 ᠲᠡᠨᠡᠭ ᠬᠥᠮᠦᠨ ᠰᠡᠴᠡᠨ ᠳ᠋ᠦ᠍ ᠳᠤᠷ᠎ᠠ ᠦᠭᠡᠢ
ᠰᠣᠭᠲᠣᠭᠤ ᠬᠥᠮᠦᠨ ᠡᠷᠡᠭᠦᠯ ᠳ᠋ᠦ᠍ ᠳᠤᠷ᠎ᠠ ᠦᠭᠡᠢ
1759 ᠲᠡᠨᠡᠭ ᠬᠥᠮᠦᠨ ᠰᠢᠳᠡᠮ ᠡᠴᠡ ᠠᠶᠤᠳᠠᠭ
ᠰᠡᠴᠡᠨ ᠬᠥᠮᠦᠨ ᠦᠭᠡᠨ ᠡᠴᠡ ᠠᠶᠤᠳᠠᠭ
1760 ᠲᠡᠨᠡᠭ ᠬᠥᠮᠦᠨ ᠡᠳ᠋ ᠬᠥᠷᠥᠩᠭᠡ ᠬᠤᠷᠢᠶᠠᠬᠤ
ᠮᠡᠷᠭᠡᠨ ᠬᠥᠮᠦᠨ ᠡᠷᠳᠡᠮ ᠨᠣᠮ ᠬᠤᠷᠢᠶᠠᠬᠤ
1761 ᠲᠡᠨᠡᠭ ᠬᠥᠮᠦᠨ ᠡᠨᠳᠡᠭᠦᠦ ᠪᠡᠨ ᠮᠡᠳᠡᠬᠦ ᠳ᠋ᠦ᠍ ᠴᠢᠬᠤᠯᠳᠠᠳᠠᠭ
ᠮᠡᠷᠭᠡᠨ ᠬᠥᠮᠦᠨ ᠡᠨᠳᠡᠭᠦᠦ ᠪᠡᠨ ᠮᠡᠳᠡᠬᠦ ᠳ᠋ᠦ᠍ ᠰᠡᠷᠭᠦᠳᠡᠭ
1762 ᠲᠡᠨᠡᠭ ᠬᠥᠮᠦᠨ ᠳ᠋ᠦ᠍ ᠢᠷᠦᠭᠡᠯᠭᠡᠬᠦ ᠪᠡᠷ
ᠰᠡᠴᠡᠨ ᠬᠥᠮᠦᠨ ᠳ᠋ᠦ᠍ ᠬᠠᠷᠢᠶᠠᠯᠭᠠᠭᠰᠠᠨ ᠨᠢ ᠳᠡᠭᠡᠷ᠎ᠡ
1763 ᠲᠡᠨᠡᠭ ᠬᠥᠮᠦᠨ ᠲᠡᠢ ᠶᠠᠪᠤᠵᠤ ᠣᠯᠤᠭᠰᠠᠨ ᠠ᠋ᠴᠠ
ᠰᠡᠴᠡᠨ ᠬᠥᠮᠦᠨ ᠲᠡᠢ ᠶᠠᠪᠤᠵᠤ ᠭᠡᠭᠡᠭᠰᠡᠨ ᠨᠢ ᠳᠡᠭᠡᠷ᠎ᠡ
1764 ᠲᠡᠨᠡᠭ ᠰᠡᠴᠡᠨ ᠬᠣᠶᠠᠷ ᠢ᠋
ᠨᠢᠭᠡ ᠬᠡᠮᠵᠢᠭᠦᠷ ᠢ᠋ᠶ᠋ᠡᠷ ᠪᠤᠤ ᠭᠡᠮᠵᠢ
ᠤᠬᠤᠨ᠎ᠠ ᠬᠤᠴᠠ ᠬᠣᠶᠠᠷ ᠢ᠋
ᠨᠢᠭᠡ ᠠᠳᠠᠯᠢ ᠪᠠᠷ ᠪᠤᠤ ᠴᠡᠩᠨᠡ
1765 ᠲᠡᠨᠦᠭᠰᠡᠨ ᠰᠤᠮᠤ ᠲᠠᠷᠢᠬᠢᠨ ᠳ᠋ᠤ᠌
ᠲᠡᠨᠡᠭ ᠦᠭᠡ ᠲᠣᠯᠣᠭᠠᠢ ᠳ᠋ᠤ᠌
1766 ᠲᠡᠷᠡ ᠭᠡᠬᠦ ᠨᠡᠷ᠎ᠡ ᠦᠭᠡᠢ
ᠲᠡᠨᠳᠡ ᠭᠡᠬᠦ ᠣᠷᠣᠨ ᠦᠭᠡᠢ
1767 ᠲᠡᠰᠴᠦ ᠰᠠᠭᠤᠬᠤ ᠶ᠋ᠢᠨ ᠣᠷᠣᠨ ᠳ᠋ᠤ᠌
ᠲᠡᠮᠡᠴᠡᠵᠦ ᠶᠠᠪᠤ
1768 ᠲᠡᠭᠡ ᠶ᠋ᠢᠨ ᠡᠪᠡᠷ ᠲᠩᠷᠢ ᠳ᠋ᠦ᠍ ᠲᠤᠯᠵᠤ
ᠲᠡᠮᠡᠭᠡᠨ ᠦ᠌ ᠰᠡᠭᠦᠯ ᠭᠠᠵᠠᠷ ᠲᠤ ᠬᠦᠷᠬᠦ
1769 ᠲᠡᠭᠡᠭᠡᠪᠦᠷᠢ ᠠᠬᠠᠳᠠᠪᠠᠯ ᠲᠡᠷᠭᠡ ᠡᠪᠳᠡᠷᠡᠨ᠎ᠡ
ᠲᠡᠰᠪᠦᠷᠢ ᠠᠯᠳᠠᠪᠠᠯ ᠬᠡᠷᠡᠭ ᠡᠪᠳᠡᠷᠡᠨ᠎ᠡ
2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠢᠮᠧᠯ᠄ soninhuudas@gmail.com