ᠮᠣᠩᠭᠣᠯ ᠵᠦᠢᠷ ᠰᠡᠴᠡᠨ ᠦᠭᠡ ᠶ᠋ᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠤ 5ᠶ᠋ᠢᠨ ᠠᠢᠮᠠᠭ>
2026-06-06
ᠣᠩᠱᠢᠭ᠍ᠰᠠᠨ ᠣᠳᠠᠭ᠎ᠠ᠄
– ᠣ (У) –
 
1770 ᠤᠭ ᠮᠠᠭᠤ ᠶ᠋ᠢᠨ ᠦᠷ᠎ᠡ ᠶ᠋ᠢ ᠪᠤᠤ ᠠᠪ
ᠤᠳᠤᠮ ᠮᠠᠭᠤ ᠶ᠋ᠢᠨ ᠬᠣᠢᠮᠣᠷ ᠪᠤᠤ ᠰᠠᠭᠤ
 
1771 ᠤᠭ ᠰᠠᠢᠲᠤ ᠶ᠋ᠢ ᠬᠠᠷᠠᠵᠤ ᠤᠷᠤᠭᠯᠠ
ᠣᠩᠬᠢ ᠰᠠᠢᠲᠤ ᠶ᠋ᠢ ᠰᠢᠯᠢᠵᠦ ᠴᠠᠪᠴᠢ
 
1772 ᠤᠭ ᠢ᠋ᠶ᠋ᠠᠨ ᠮᠡᠳᠡᠬᠦ ᠦᠭᠡᠢ ᠬᠥᠮᠦᠨ
ᠤᠰᠤ ᠪᠠᠨ ᠲᠠᠨᠢᠬᠤ ᠦᠭᠡᠢ ᠮᠠᠯ
 
1773 ᠤᠬᠢᠶᠠᠭᠰᠠᠨ ᠤᠰᠤ ᠷᠠᠰᠢᠶᠠᠨ
ᠤᠨᠠᠭᠰᠠᠨ ᠰᠢᠷᠣᠢ ᠠᠯᠲᠠ
 
1774 ᠤᠭᠠᠯᠵᠠ ᠣᠶᠣᠬᠤ ᠳ᠋ᠤ᠌ ᠣᠯᠠᠨ ᠥᠩᠭᠡ ᠶ᠋ᠢᠨ ᠤᠲᠠᠰᠤ ᠬᠡᠷᠡᠭ ᠲᠡᠢ
ᠤᠷᠠᠨ ᠡᠷᠳᠡᠮ ᠢ᠋ ᠰᠤᠷᠬᠤ ᠳ᠋ᠤ᠌ ᠣᠶᠤᠨ ᠤᠬᠠᠭᠠᠨ ᠬᠡᠷᠡᠭ ᠲᠡᠢ
 
1775 ᠤᠭ ᠮᠠᠭᠤ ᠶ᠋ᠢᠨ ᠦᠰᠦ ᠨᠢ ᠰᠡᠭᠰᠡᠭᠡᠷ
ᠤᠬᠠᠭᠠᠨ ᠮᠠᠭᠤ ᠶ᠋ᠢᠨ ᠬᠢᠮᠤᠰᠤ ᠨᠢ ᠤᠷᠲᠤ
 
1776 ᠤᠳᠠᠭᠠᠨ ᠪᠣᠳᠣᠵᠤ
ᠠᠭᠤᠵᠢᠮ ᠰᠡᠳᠬᠢᠬᠦ
 
1777 ᠤᠳᠠᠵᠤ ᠪᠠᠢᠭᠠᠳ ᠠᠭᠤᠯᠵᠠᠭᠰᠠᠨ ᠢᠨᠠᠭ
ᠤᠮᠳᠠᠭᠠᠰᠴᠤ ᠪᠠᠢᠭᠠᠳ ᠤᠤᠭᠤᠭᠰᠠᠨ ᠤᠰᠤ
 
1778 ᠤᠳᠤᠮᠲᠤ ᠬᠥᠮᠦᠨ ᠦ᠌ ᠦᠷ᠎ᠡ
ᠤᠭᠰᠠᠭᠠᠲᠤ ᠭᠡᠭᠦᠦ ᠶ᠋ᠢᠨ ᠤᠨᠠᠭ᠎ᠠ
 
1779 ᠤᠳᠤᠮ ᠢ᠋ᠶ᠋ᠠᠷ ᠢ᠋ᠶ᠋ᠠᠨ ᠠᠯᠳᠠᠷᠰᠢᠳᠠᠭ ᠦᠭᠡᠢ
ᠤᠬᠠᠭᠠᠨ ᠢ᠋ᠶ᠋ᠠᠷ ᠢ᠋ᠶ᠋ᠠᠨ ᠠᠯᠳᠠᠷᠰᠢᠳᠠᠭ
 
1780 ᠣᠢ ᠭᠠᠰᠢᠭᠤ
ᠤᠬᠠᠭᠠᠨ ᠪᠠᠷᠠᠳᠠᠭ
 
1781 ᠣᠢᠭ᠎ᠠ ᠦᠭᠡᠢ ᠠᠵᠢᠯᠯᠠᠪᠠᠯ
ᠤᠰᠤᠨ ᠳ᠋ᠤ᠌ ᠴᠦ᠍ ᠭᠠᠯ ᠠᠰᠠᠨ᠎ᠠ
ᠲᠤᠨᠢᠭᠠᠳ ᠪᠠᠢᠪᠠᠯ
ᠲᠣᠰᠣᠨ ᠳ᠋ᠤ᠌ ᠴᠦ᠍ ᠭᠠᠯ ᠰᠢᠲᠠᠬᠤ ᠦᠭᠡᠢ
 
1782 ᠤᠬᠢᠯᠠᠬᠤ ᠪᠣᠯᠪᠠᠯ
ᠨᠢᠳᠦ ᠲᠡᠢ ᠨᠢᠳᠦ ᠦᠭᠡᠢ ᠴᠦ᠍ ᠤᠬᠢᠯᠠᠳᠠᠭ
ᠦᠬᠦᠬᠦ ᠪᠣᠯᠪᠠᠯ
ᠶᠠᠭᠤᠮ᠎ᠠ ᠲᠠᠢ ᠶᠠᠭᠤᠮ᠎ᠠ ᠦᠭᠡᠢ ᠴᠦ᠍ ᠦᠬᠦᠳᠡᠭ
 
1783 ᠤᠬᠢᠯᠠᠬᠤ ᠬᠡᠦᠬᠡᠳ ᠦ᠋ᠨ ᠬᠣᠰᠬᠢᠨᠠᠭ
ᠤᠷᠳᠤ ᠡᠳᠦᠷ ᠡᠴᠡ ᠨᠢ ᠤᠮᠠᠯᠵᠠᠳᠠᠭ
 
1784 ᠤᠬᠢᠯᠠᠭᠰᠠᠨ ᠢ᠋ ᠪᠤᠤ ᠠᠰᠠᠭᠤ
ᠢᠨᠢᠶᠡᠭᠰᠡᠨ ᠢ᠋ ᠠᠰᠠᠭᠤ
 
1785 ᠤᠢᠮᠤᠷᠠᠭ᠎ᠠ ᠤᠰᠤ ᠤᠷᠤᠭᠤ ᠵᠢᠳᠬᠦᠬᠦ
ᠲᠡᠨᠡᠭ ᠲᠩᠷᠢ ᠥᠭᠡᠳᠡ ᠰᠠᠷᠪᠠᠢᠬᠤ
 
1786 ᠤᠢᠳᠬᠠᠷ ᠭᠠᠰᠠᠯᠠᠩ ᠠ᠋ᠴᠠ
ᠤᠬᠢᠯᠠᠵᠤ ᠰᠠᠯᠳᠠᠭ ᠦᠭᠡᠢ
 
1787 ᠤᠢᠳᠬᠠᠷ ᠳᠦᠭᠦᠷᠦᠭᠰᠡᠨ ᠣᠷᠳᠣᠨ ᠠ᠋ᠴᠠ
ᠢᠨᠢᠶᠡᠳᠦ ᠪᠢᠯᠬᠠᠭᠰᠠᠨ ᠣᠪᠣᠬᠠᠢ ᠳᠡᠭᠡᠷ᠎ᠡ
 
1788 ᠤᠯᠠᠭᠠᠨ ᠢ᠋ ᠦᠵᠡᠵᠦ ᠤᠷᠪᠠᠵᠤ
ᠰᠢᠷ᠎ᠠ ᠶ᠋ᠢ ᠦᠵᠡᠵᠦ ᠰᠢᠷᠪᠠᠬᠤ
 
1789 ᠤᠯᠢᠨ ᠬᠤᠴᠠᠬᠤ ᠨᠣᠬᠠᠢ ᠶ᠋ᠢᠨ ᠠᠶᠤᠯ
ᠤᠬᠢᠯᠠᠨ ᠬᠡᠯᠡᠬᠦ ᠡᠬᠡᠨᠡᠷ ᠦ᠋ᠨ ᠠᠶᠤᠯ
 
1790 ᠤᠯᠠ ᠶ᠋ᠢᠨ ᠢ᠋ᠶ᠋ᠡᠨ ᠮᠢᠬ᠎ᠠ ᠶ᠋ᠢ ᠤᠷᠠᠭᠳᠠᠲᠠᠯ᠎ᠠ
ᠬᠣᠩᠭᠣᠨ ᠤ᠋ ᠪᠠᠨ ᠮᠢᠬ᠎ᠠ ᠶ᠋ᠢ ᠬᠣᠷᠣᠭᠳᠠᠲᠠᠯ᠎ᠠ ᠵᠢᠳᠬᠦᠬᠦ
 
1791 ᠤᠯᠤᠰ ᠵᠠᠩ ᠢ᠋ᠶ᠋ᠠᠷ ᠢ᠋ᠶ᠋ᠠᠨ
ᠤᠰᠤ ᠡᠷᠭᠢ ᠪᠡᠷ ᠢ᠋ᠶ᠋ᠡᠨ
 
1792 ᠤᠯᠤᠰ ᠢ᠋ ᠬᠤᠷᠢᠶᠠᠬᠤ ᠳ᠋ᠤ᠌
ᠵᠢᠰᠤᠷ ᠲᠦᠰᠢᠮᠡᠯ ᠦ᠋ᠨ ᠦᠭᠡ ᠶ᠋ᠢ ᠪᠤᠤ ᠰᠢᠳᠦ
ᠤᠴᠢᠷ ᠢ᠋ ᠲᠤᠩᠭᠠᠬᠤ ᠳ᠋ᠤ᠌
ᠮᠤᠩᠬᠠᠭ ᠬᠥᠮᠦᠨ ᠦ᠌ ᠦᠭᠡ ᠶ᠋ᠢ ᠪᠤᠤ ᠠᠪ
 
1793 ᠤᠯᠠ ᠶ᠋ᠢ ᠬᠠᠳᠬᠤᠬᠤ ᠵᠠᠩᠭᠤᠤ
ᠤᠷᠭᠤᠵᠤ ᠭᠠᠷᠬᠤ ᠳ᠋ᠠᠭᠠᠨ ᠵᠥᠭᠡᠯᠡᠨ
ᠤᠯᠤᠰ ᠢ᠋ ᠬᠠᠭᠤᠷᠬᠤ ᠵᠠᠯᠢᠬᠠᠢ
ᠤᠷᠠᠯᠠᠵᠤ ᠬᠡᠯᠡᠬᠦ ᠳ᠋ᠡᠭᠡᠨ ᠵᠥᠭᠡᠯᠡᠨ
 
1794 ᠤᠨᠤᠭ᠎ᠠ ᠰᠠᠢᠲᠤ ᠶ᠋ᠢᠨ ᠶᠠᠪᠤᠳᠠᠯ ᠪᠦᠲᠦᠨ
ᠠᠪᠠᠭᠠᠢ ᠰᠠᠢᠲᠤ ᠶ᠋ᠢᠨ ᠨᠡᠷ᠎ᠡ ᠪᠦᠲᠦᠨ
 
1795 ᠤᠬᠠᠭᠠᠨ ᠦᠭᠡᠢ ᠬᠥᠮᠦᠨ ᠬᠥᠯᠥᠰᠥ ᠪᠡᠨ ᠭᠣᠭᠣᠵᠢᠭᠤᠯᠤᠨ᠎ᠠ
ᠣᠩᠭᠢᠶ᠎ᠠ ᠦᠭᠡᠢ ᠬᠥᠮᠦᠨ ᠨᠢᠰᠦ ᠪᠡᠨ ᠭᠣᠭᠣᠵᠢᠭᠤᠯᠤᠨ᠎ᠠ
 
1796 ᠤᠨᠤᠭᠠᠨ ᠳ᠋ᠤ᠌ ᠲᠠᠯᠪᠢᠭᠰᠠᠨ ᠠᠵᠢᠷᠭ᠎ᠠ ᠰᠢᠭ᠋
ᠤᠶᠠᠭ᠎ᠠ ᠨᠢ ᠠᠯᠳᠠᠷᠠᠭᠰᠠᠨ ᠨᠣᠬᠠᠢ ᠰᠢᠭ᠋
 
1797 ᠤᠨᠠᠭᠠᠨ ᠵᠢᠷᠣᠭ᠎ᠠ ᠲᠥᠷᠥᠬᠦ ᠶ᠋ᠢ
ᠤᠨᠤᠬᠤ ᠬᠥᠮᠦᠨ ᠦ᠌ ᠬᠤᠪᠢ ᠮᠡᠳᠡᠨ᠎ᠡ
 
1798 ᠤᠨᠠᠭᠰᠠᠨ ᠮᠠᠯᠠᠭᠠᠢ ᠪᠠᠨ ᠠᠪᠬᠤ ᠴᠢᠯᠥᠭᠡ ᠦᠭᠡᠢ
ᠠᠭᠤᠯᠵᠠᠭᠰᠠᠨ ᠬᠥᠮᠦᠨ ᠲᠡᠢ ᠬᠡᠯᠡᠯᠴᠡᠬᠦ ᠵᠠᠪ ᠦᠭᠡᠢ
 
1799 ᠤᠨᠠᠭᠰᠠᠨ ᠮᠠᠯᠠᠭᠠᠢ ᠪᠠᠨ ᠠᠪᠬᠤ ᠦᠭᠡᠢ
ᠤᠨᠵᠢᠢᠭᠰᠠᠨ ᠨᠢᠰᠦ ᠪᠡᠨ ᠲᠠᠲᠠᠬᠤ ᠦᠭᠡᠢ
 
1800 ᠤᠨᠠᠭᠰᠠᠨ ᠮᠣᠳᠣ ᠣᠢ ᠶ᠋ᠢᠨ ᠳᠠᠷᠤᠯᠲᠠ
ᠤᠬᠠᠭᠠᠨ ᠦᠭᠡᠢ ᠨᠣᠶᠠᠨ ᠲᠥᠷᠥ ᠶ᠋ᠢᠨ ᠳᠠᠷᠤᠯᠲᠠ
 
1801 ᠤᠨᠤᠭᠰᠠᠨ ᠮᠣᠷᠢ ᠭᠡᠳᠡᠭᠡ ᠪᠡᠨ ᠬᠦᠷᠪᠡᠯ ᠢᠰᠬᠦᠯᠳᠡᠭ
ᠬᠡᠯᠡᠯᠴᠡᠭᠰᠡᠨ ᠦᠭᠡ ᠪᠡᠨ ᠡᠰᠡ ᠳᠠᠭᠠᠭᠠᠪᠠᠯ ᠬᠡᠷᠡᠯᠳᠦᠳᠡᠭ
 
1802 ᠤᠨᠠᠬᠤ ᠪᠦᠷᠢ ᠤᠬᠠᠭᠠᠨ ᠣᠷᠣᠬᠤ
ᠣᠢᠴᠢᠬᠤ ᠪᠦᠷᠢ ᠰᠠᠨᠠᠭ᠎ᠠ ᠠᠪᠬᠤ
 
1803 ᠤᠨᠤᠬᠤ ᠤᠨᠤᠭ᠎ᠠ ᠣᠯᠳᠠᠪᠠᠴᠤ
ᠲᠣᠬᠣᠬᠤ ᠡᠮᠡᠭᠡᠯ ᠣᠯᠳᠠᠬᠤ ᠦᠭᠡᠢ ᠪᠣᠯᠬᠤ
 
1804 ᠤᠮᠳᠠ ᠬᠣᠭᠣᠯᠠᠨ ᠳ᠋ᠤ᠌ ᠤᠷᠤᠭᠰᠢ ᠪᠠᠨ ᠵᠢᠳᠬᠦᠨ᠎ᠡ
ᠦᠢᠯᠡ ᠬᠡᠷᠡᠭ ᠲᠤ ᠬᠣᠢᠰᠢ ᠪᠠᠨ ᠰᠠᠭᠤᠨ᠎ᠠ
 
1805 ᠤᠨᠲᠠᠵᠤ ᠰᠤᠷᠬᠤ ᠪᠠᠷ
ᠤᠲᠠᠰᠤ ᠡᠭᠡᠷᠡᠵᠦ ᠰᠤᠷ
 
1806 ᠤᠨᠲᠠᠵᠤ ᠬᠡᠪᠲᠡᠪᠡᠴᠦ ᠤᠯᠤᠰ ᠢ᠋ᠶ᠋ᠠᠨ ᠪᠣᠳᠣᠵᠤ
ᠢᠳᠡᠵᠦ ᠤᠤᠭᠤᠪᠠᠴᠤ ᠡᠵᠡᠨ ᠢ᠋ᠶ᠋ᠡᠨ ᠰᠡᠳᠬᠢᠬᠦ
 
1807 ᠤᠨᠲᠠᠬᠤ ᠨᠣᠢᠷ ᠲᠠᠭᠠᠨ ᠳᠠᠷᠤᠭᠳᠠᠪᠠᠯ
ᠤᠷᠤᠭᠤᠳᠠᠬᠤ ᠶ᠋ᠢᠨ ᠲᠡᠮᠳᠡᠭ
ᠤᠤᠭᠤᠵᠤ ᠢᠳᠡᠬᠦ ᠪᠡᠨ ᠬᠥᠭᠡᠭᠡᠴᠡᠯᠳᠦᠪᠡᠯ
ᠦᠭᠡᠢᠷᠡᠬᠦ ᠶ᠋ᠢᠨ ᠲᠡᠮᠳᠡᠭ
 
1808 ᠤᠨᠲᠠᠬᠤ ᠶ᠋ᠢᠨ ᠮᠠᠭᠤ ᠬᠤᠷᠬᠢᠷᠠᠬᠤ
ᠤᠬᠢᠯᠠᠬᠤ ᠶ᠋ᠢᠨ ᠮᠠᠭᠤ ᠡᠭᠡᠷᠡᠬᠦ
 
1809 ᠤᠩᠰᠢᠵᠤ ᠮᠡᠳᠡᠬᠦ ᠳ᠋ᠦ᠍ ᠨᠣᠮ ᠰᠠᠢᠬᠠᠨ
ᠠᠭᠤᠯᠵᠠᠵᠤ ᠶᠠᠷᠢᠯᠴᠠᠬᠤ ᠳ᠋ᠤ᠌ ᠨᠥᠬᠥᠷ ᠰᠠᠢᠬᠠᠨ
 
1810 ᠤᠷᠤᠭ ᠤᠷᠤᠭ ᠲᠠᠭᠠᠨ ᠬᠦᠨᠳᠦ
ᠤᠷᠭᠤᠭ᠎ᠠ ᠮᠣᠳᠣ ᠭᠠᠵᠠᠷ ᠲᠠᠭᠠᠨ ᠬᠦᠨᠳᠦ
 
1811 ᠣᠷᠣᠭᠰᠢ ᠦᠭᠡᠢ ᠵᠠᠯᠠᠭᠤ ᠠ᠋ᠴᠠ
ᠤᠬᠠᠭᠠᠯᠢᠭ ᠬᠥᠭᠰᠢᠨ ᠳᠡᠭᠡᠷ᠎ᠡ
 
1812 ᠤᠷᠤᠭᠰᠢᠲᠠᠢ ᠶᠠᠪᠤᠬᠤ ᠳ᠋ᠠᠭᠠᠨ ᠪᠡᠶ᠎ᠡ ᠪᠡᠨ ᠮᠠᠭᠲᠠᠨ᠎ᠠ
ᠣᠷᠣᠭᠰᠢ ᠦᠭᠡᠢ ᠶᠠᠪᠤᠬᠤ ᠳ᠋ᠠᠭᠠᠨ ᠪᠤᠰᠤᠳ ᠢ᠋ ᠬᠠᠷᠢᠶᠠᠨ᠎ᠠ
 
1813 ᠤᠷᠠᠨ ᠳᠠᠷᠬᠠᠨ ᠤ᠋ ᠤᠬᠠᠭᠠᠨ ᠰᠠᠮᠠᠭᠤᠷᠠᠬᠤ ᠦᠭᠡᠢ
ᠤᠲᠠᠰᠤ ᠵᠡᠭᠦᠦ ᠶ᠋ᠢᠨ ᠬᠡᠷᠡᠭ ᠮᠤᠩᠳᠠᠬᠤ ᠦᠭᠡᠢ
 
1814 ᠤᠷᠠᠨ ᠦᠭᠡ ᠪᠡᠷ ᠣᠯᠠᠨ ᠢ᠋ ᠬᠠᠭᠤᠷᠴᠤ
ᠤᠰᠤᠨ ᠪᠠᠯᠢᠩ ᠢ᠋ᠶ᠋ᠠᠷ ᠯᠤᠤᠰ ᠢ᠋ ᠬᠠᠭᠤᠷᠬᠤ
 
1815 ᠤᠷᠠᠨ ᠦᠭᠡ ᠪᠡᠷ ᠤᠨᠲᠠᠭᠤᠯᠵᠤ
ᠬᠡᠢ ᠦᠭᠡ ᠪᠡᠷ ᠬᠡᠪᠲᠡᠭᠦᠯᠬᠦ
 
1816 ᠤᠷᠠᠨ ᠬᠥᠮᠦᠨ ᠤᠬᠠᠭᠠᠨ ᠲᠠᠢ
ᠤᠬᠠᠭᠠᠨ ᠲᠠᠢ ᠬᠥᠮᠦᠨ ᠲᠦᠢ ᠲᠡᠢ
 
1817 ᠤᠷᠠᠨᠲᠠᠨ ᠲᠠᠢ ᠤᠲᠠᠰᠤ ᠪᠢᠲᠡᠭᠡᠢ ᠪᠤᠯᠢᠶᠠᠯᠳᠤ
ᠤᠬᠠᠭᠠᠨᠲᠠᠨ ᠲᠠᠢ ᠦᠭᠡ ᠪᠢᠲᠡᠭᠡᠢ ᠪᠤᠯᠢᠶᠠᠯᠳᠤ
 
1818 ᠤᠷᠭᠤᠮᠠᠯ ᠤ᠋ᠨ ᠰᠠᠢᠬᠠᠨ ᠴᠡᠴᠡᠭ ᠲᠡᠭᠡᠨ
ᠤᠯᠤᠰ ᠤ᠋ᠨ ᠰᠦᠷ ᠴᠡᠷᠢᠭ ᠲᠡᠭᠡᠨ
 
1819 ᠤᠷᠭᠤᠭᠰᠠᠨ ᠮᠣᠳᠣ ᠶ᠋ᠢ ᠵᠣᠷᠭᠣᠵᠤ ᠪᠠᠢᠵᠤ ᠮᠡᠳᠡᠳᠡᠭ
ᠦᠨᠡᠨ ᠰᠡᠳᠬᠢᠯ ᠢ᠋ ᠬᠠᠨᠢᠯᠠᠵᠤ ᠪᠠᠢᠵᠤ ᠮᠡᠳᠡᠳᠡᠭ
 
1820 ᠤᠷᠭᠤᠭᠰᠠᠨ ᠨᠣᠭᠣᠭ᠎ᠠ ᠬᠠᠳᠠᠨ᠎ᠠ
ᠤᠰᠤᠨ ᠤ᠋ ᠰᠢᠪᠠᠭᠤ ᠪᠤᠴᠠᠨ᠎ᠠ
 

1821 ᠤᠷᠭᠤᠬᠤ ᠨᠠᠷᠠᠨ ᠠ᠋ᠴᠠ ᠤᠨᠢᠶᠠᠷ ᠲᠠᠰᠤᠷᠠᠬᠤ ᠦᠭᠡᠢ
ᠤᠬᠠᠭᠠᠨᠲᠤ ᠬᠥᠮᠦᠨ ᠡᠴᠡ ᠠᠲᠠᠭ᠎ᠠ ᠰᠠᠯᠬᠤ ᠦᠭᠡᠢ

1822 ᠤᠷᠭᠤᠬᠤ ᠨᠠᠷᠠᠨ ᠤ᠋ ᠭᠡᠷᠡᠯ
ᠠᠭᠤᠵᠢᠮ ᠰᠠᠢᠬᠠᠨ ᠤᠬᠠᠭᠠᠨ

1823 ᠤᠷᠳᠤ ᠠ᠋ᠴᠠ ᠨᠢ ᠬᠠᠷᠠᠬᠤ ᠳ᠋ᠤ᠌ ᠬᠥᠮᠦᠨ
ᠤᠬᠠᠭᠠᠨ ᠢ᠋ ᠨᠢ ᠰᠢᠯᠭᠠᠬᠤ ᠳ᠋ᠤ᠌ ᠮᠠᠯ

1824 ᠤᠷᠢᠳᠠᠬᠢ (ᠤᠷᠢᠳᠬᠢ)ᠬᠥᠮᠦᠨ ᠨᠢ ᠮᠣᠳᠣ ᠲᠠᠷᠢᠵᠤ
ᠬᠣᠢᠲᠤᠬᠢ ᠬᠥᠮᠦᠨ ᠨᠢ ᠰᠡᠷᠢᠭᠦᠴᠡᠳᠡᠭ

1825 ᠤᠷᠳᠤ ᠬᠥᠯ ᠭᠢᠰᠬᠢᠪᠡᠯ
ᠬᠣᠢᠲᠤ ᠬᠥᠯ ᠳᠠᠭᠠᠨ᠎ᠠ

1826 ᠤᠷᠠᠨ ᠨᠢᠳᠦ ᠲᠡᠢ ᠶ᠋ᠢ ᠨᠢ ᠪᠦᠦ ᠬᠠᠷᠠ
ᠤᠷᠠᠨ ᠭᠠᠷ ᠲᠠᠢ ᠶ᠋ᠢ ᠨᠢ ᠬᠠᠷᠠ

1827 ᠤᠷᠤᠰᠬᠠᠯ ᠤᠰᠤ ᠦᠮᠡᠬᠡᠢᠷᠡᠳᠡᠭ ᠦᠭᠡᠢ
ᠤᠷᠭᠤᠭ᠎ᠠ ᠮᠣᠳᠣ ᠬᠣᠷᠣᠬᠠᠢᠲᠤᠳᠠᠭ ᠦᠭᠡᠢ

1828 ᠤᠷᠤᠰᠬᠠᠯ ᠦᠭᠡᠢ ᠭᠣᠣᠯ ᠪᠠᠢᠳᠠᠭ ᠦᠭᠡᠢ
ᠠᠭᠤᠷ ᠦᠭᠡᠢ ᠬᠥᠮᠦᠨ ᠪᠠᠢᠳᠠᠭ ᠦᠭᠡᠢ

1829 ᠤᠷᠤᠰᠬᠠᠯ ᠢ᠋ ᠳᠠᠭᠠᠪᠠᠯ ᠬᠢᠯᠪᠠᠷ
ᠰᠥᠷᠪᠡᠯ ᠪᠡᠷᠬᠡ

1830 ᠤᠷᠲᠤ ᠮᠥᠷᠡᠨ ᠨᠤᠭᠤᠯᠤᠭ᠎ᠠ ᠣᠯᠠᠨ ᠲᠠᠢ
ᠤᠷᠠᠨ ᠬᠥᠮᠦᠨ ᠠᠷᠭ᠎ᠠ ᠣᠯᠠᠨ ᠲᠠᠢ

1831 ᠤᠷᠲᠤ ᠬᠣᠰᠢᠭᠤ ᠬᠦᠵᠦᠭᠦᠦ ᠣᠷᠢᠶᠠᠨ᠎ᠠ
ᠤᠷᠲᠤ ᠬᠣᠷᠮᠣᠢ ᠬᠥᠯ ᠣᠷᠢᠶᠠᠨ᠎ᠠ

1832 ᠤᠷᠤᠭᠤ ᠴᠢᠷᠠᠢᠯᠠᠵᠤ
ᠤᠰᠤᠨ ᠨᠢᠳᠦᠯᠡᠬᠦ

1833 ᠤᠷᠰᠢᠭ ᠠ᠋ᠴᠠ ᠠᠶᠤᠪᠠᠯ
ᠣᠷᠣᠭᠰᠢ ᠪᠠᠨ ᠶᠠᠪᠤ

1834 ᠤᠷᠢᠳ ᠢ᠋ᠶ᠋ᠠᠷ ᠬᠡᠯᠡᠭᠰᠡᠨ ᠢ᠋ᠶ᠋ᠡᠷ
ᠵᠥᠪ ᠪᠣᠯᠳᠠᠭ ᠦᠭᠡᠢ

1835 ᠤᠷᠢᠲᠠᠵᠤ ᠢᠷᠡᠭᠰᠡᠨ ᠨᠣᠬᠠᠢ ᠮᠢᠬᠠᠨ ᠳ᠋ᠤ᠌ ᠴᠠᠳᠤᠭᠠᠳ
(ᠣᠷᠣᠢᠲᠠᠵᠤ) ᠬᠣᠵᠢᠮᠳᠠᠵᠤ ᠢᠷᠡᠭᠰᠡᠨ ᠨᠣᠬᠠᠢ ᠶᠠᠰᠤ ᠬᠡᠮᠡᠯᠢᠬᠦ

1836 ᠤᠷᠢᠳᠤ ᠶ᠋ᠢᠨ ᠶᠠᠭᠤᠮ᠎ᠠ ᠤᠯᠠ ᠪᠣᠯᠵᠤ
ᠬᠣᠵᠢᠮ ᠤ᠋ᠨ ᠶᠠᠭᠤᠮ᠎ᠠ ᠵᠤᠯᠠ ᠪᠣᠯᠬᠤ

1837 ᠤᠷᠢᠭᠰᠠᠨ ᠬᠥᠮᠦᠨ ᠤᠭᠲᠤᠳᠠᠭ
ᠤᠢᠳᠤᠭᠰᠠᠨ ᠬᠥᠮᠦᠨ ᠵᠤᠭᠠᠳᠠᠳᠠᠭ

1838 ᠤᠷᠢᠲᠠᠵᠤ ᠪᠠᠷᠳᠠᠬᠤ ᠪᠠᠷ
ᠬᠣᠵᠢᠮ ᠨᠢ ᠪᠡᠷᠲᠡ

1839 ᠤᠰᠤ ᠠᠰᠬᠠᠬᠤ ᠬᠠᠢᠷᠠᠨ ᠪᠤᠰᠤ
ᠰᠦ ᠠᠰᠬᠠᠬᠤ ᠬᠠᠢᠷᠠᠨ

1840 ᠤᠰᠤ ᠵᠥᠭᠡᠯᠡᠨ ᠴᠦ᠍ ᠴᠢᠯᠠᠭᠤ ᠶ᠋ᠢ ᠢᠳᠡᠬᠦ
ᠤᠯᠤᠰ ᠵᠥᠭᠡᠯᠡᠨ ᠴᠦ᠍ ᠬᠠᠭᠠᠨ ᠢ᠋ ᠬᠠᠯᠠᠬᠤ

1841 ᠤᠰᠤ ᠴᠢᠳᠬᠤᠭᠤᠯᠤᠭᠰᠠᠨ ᠬᠤᠯᠤᠭᠠᠨ᠎ᠠ ᠰᠢᠭ᠋
ᠤᠤᠬᠢᠯᠠᠵᠤ ᠲᠡᠪᠡᠳᠡᠭᠰᠡᠨ ᠠᠮᠢᠲᠠᠨ ᠰᠢᠭ᠋

1842 ᠤᠰᠤ ᠰᠦ ᠶ᠋ᠢ ᠠᠷᠪᠢᠳᠬᠠᠬᠤ
ᠰᠦ ᠤᠰᠤ ᠶ᠋ᠢ ᠴᠠᠢᠷᠠᠭᠤᠯᠬᠤ

1843 ᠤᠰᠤ ᠡᠬᠢ ᠲᠡᠢ
ᠤᠯᠤᠰ ᠤᠭ ᠲᠠᠢ

1844 ᠤᠰᠤ ᠪᠠᠨ ᠭᠣᠯᠣᠭᠰᠠᠨ ᠮᠠᠯ ᠮᠠᠭᠤᠳᠠᠬᠤ
ᠤᠷᠤᠭ ᠢ᠋ᠶ᠋ᠠᠨ ᠭᠣᠯᠣᠭᠰᠠᠨ ᠬᠥᠮᠦᠨ ᠦᠭᠡᠢᠷᠡᠬᠦ

1845 ᠤᠰᠤ ᠪᠠᠷ ᠶᠠᠭᠤᠮ᠎ᠠ ᠶ᠋ᠢ ᠠᠷᠢᠭᠤᠳᠬᠠᠨ᠎ᠠ
ᠰᠤᠷᠭᠠᠯ ᠢ᠋ᠶ᠋ᠠᠷ ᠬᠥᠮᠦᠨ ᠢ᠋ ᠬᠥᠮᠦᠵᠢᠭᠦᠯᠦᠨ᠎ᠡ

1846 ᠤᠰᠤᠨ ᠳᠤᠰᠤᠯ ᠢ᠋ ᠬᠤᠷᠢᠶᠠᠪᠠᠯ ᠰᠠᠪᠠ ᠳᠦᠭᠦᠷᠦᠨ᠎ᠡ
ᠤᠷᠠᠨ ᠦᠭᠡᠰ ᠴᠤᠭᠯᠠᠭᠤᠯᠪᠠᠯ ᠮᠡᠷᠭᠡᠨ ᠪᠣᠯᠤᠨ᠎ᠠ

1847 ᠤᠰᠤᠨ ᠳ᠋ᠤ᠌ ᠳᠤᠷᠠᠲᠠᠢ ᠭᠠᠯᠠᠭᠤ
ᠤᠯᠠᠢ ᠳ᠋ᠤ᠌ ᠳᠤᠷᠠᠲᠠᠢ ᠬᠡᠷᠢᠶ᠎ᠡ

1848 ᠤᠰᠤᠨ ᠳ᠋ᠤ᠌ ᠤᠨᠠᠭᠰᠠᠨ ᠬᠥᠮᠦᠨ
ᠪᠣᠷᠣᠭᠠᠨ ᠠ᠋ᠴᠠ ᠠᠶᠤᠬᠤ ᠦᠭᠡᠢ

1849 ᠤᠰᠤᠨ ᠳ᠋ᠤ᠌ ᠤᠨᠠᠭᠰᠠᠨ ᠢ᠋ᠶ᠋ᠠᠨ ᠪᠦᠦ ᠱᠣᠭᠯᠠ
ᠤᠷᠢᠳ ᠦᠬᠦᠭᠰᠡᠨ ᠢ᠋ᠶ᠋ᠡᠨ ᠪᠦᠦ ᠳᠠᠪᠠᠯᠠ

1850 ᠤᠰᠤ ᠦᠭᠡᠢ ᠳᠠᠯᠠᠢ ᠦᠭᠡᠢ
ᠴᠢᠰᠤ ᠦᠭᠡᠢ ᠲᠡᠢᠨ ᠦᠭᠡᠢ

1851 ᠤᠰᠤᠨ ᠤ᠋ ᠭᠦᠨ ᠢ᠋ ᠤᠷᠭ᠎ᠠ ᠪᠠᠷ ᠮᠡᠳᠡᠬᠦ
ᠤᠬᠠᠭᠠᠨ ᠤ᠋ ᠭᠦᠨ ᠢ᠋ ᠦᠭᠡ ᠪᠡᠷ ᠮᠡᠳᠡᠬᠦ

1852 ᠤᠰᠤᠨ ᠤ᠋ ᠤᠷᠲᠤ ᠶ᠋ᠢ ᠲᠤᠭᠤᠯᠵᠤ
ᠠᠭᠤᠯᠠ ᠶ᠋ᠢᠨ ᠥᠨᠳᠥᠷ ᠢ᠋ ᠲᠠᠪᠠ

1853 ᠤᠰᠤᠨ ᠤ᠋ ᠡᠬᠢ ᠪᠤᠯᠠᠭ
ᠤᠯᠤᠰ ᠤ᠋ᠨ ᠡᠬᠢ ᠠᠷᠠᠳ

1854 ᠤᠰᠤ ᠶ᠋ᠢ ᠪᠣᠭᠣᠪᠠᠯ ᠨᠠᠭᠤᠷ ᠪᠣᠯᠤᠨ᠎ᠠ
ᠠᠭᠤᠷᠠᠰᠤ ᠶ᠋ᠢ ᠬᠤᠷᠢᠶᠠᠪᠠᠯ ᠡᠯᠪᠡᠭ ᠪᠣᠯᠤᠨ᠎ᠠ

1855 ᠤᠰᠤ ᠲᠠᠢ ᠭᠠᠵᠠᠷ ᠰᠢᠪᠠᠷ ᠲᠠᠢ
ᠰᠢᠪᠠᠷ ᠲᠠᠢ ᠭᠠᠵᠠᠷ ᠨᠠᠮᠤᠭ ᠲᠠᠢ

1856 ᠤᠰᠤ ᠶ᠋ᠢ ᠨᠢ ᠤᠤᠭᠤᠵᠤ
ᠶᠣᠰᠣ ᠶ᠋ᠢ ᠨᠢ ᠳᠠᠭᠠᠳᠠᠭ

1857 ᠤᠲᠤᠭ᠎ᠠ ᠭᠠᠷᠤᠭᠰᠠᠨ ᠭᠠᠵᠠᠷ ᠭᠠᠯ ᠲᠠᠢ
ᠤᠯᠤᠰ ᠪᠠᠢᠭᠰᠠᠨ ᠭᠠᠵᠠᠷ ᠠᠵᠢᠯ ᠲᠠᠢ

1858 ᠤᠲᠠᠰᠤ ᠵᠡᠭᠦᠦ ᠪᠡᠨ ᠳᠠᠭᠠᠳᠠᠭ
ᠤᠴᠢᠷ ᠵᠦᠢ ᠪᠡᠨ ᠲᠠᠨᠢᠳᠠᠭ

1859 ᠤᠳᠬ᠎ᠠ ᠦᠭᠡᠢ ᠦᠭᠡ ᠴᠠᠭ ᠤ᠋ᠨ ᠳᠠᠢᠰᠤᠨ
ᠣᠷᠣᠭᠰᠢ ᠦᠭᠡᠢ ᠬᠥᠮᠦᠨ ᠠᠵᠢᠯ ᠤ᠋ᠨ ᠳᠠᠢᠰᠤᠨ

1860 ᠤᠤᠭᠤᠭᠠᠳ ᠤᠬᠠᠭᠠᠨ ᠨᠡᠮᠡᠬᠦ ᠦᠭᠡᠢ
ᠪᠠᠯᠭᠤᠭᠠᠳ ᠪᠠᠭᠠᠲᠤᠷ ᠪᠣᠯᠬᠤ ᠦᠭᠡᠢ

1861 ᠤᠤᠭᠠᠨ ᠬᠦᠦ ᠣᠮᠣᠭᠯᠠᠩ
ᠤᠳᠬᠤᠨ ᠬᠦᠦ ᠨᠠᠭᠠᠯᠢᠩᠬᠠᠢ

1862 ᠤᠤᠭᠤᠵᠤ ᠢᠳᠡᠬᠦ ᠳ᠋ᠡᠭᠡᠨ ᠤᠷᠭ᠎ᠠ ᠶ᠋ᠢᠨ ᠮᠣᠷᠢ
ᠣᠷᠣᠭᠰᠢ ᠭᠢᠰᠬᠢᠬᠦ ᠳ᠋ᠡᠭᠡᠨ ᠤᠷᠭᠤᠭ᠎ᠠ ᠬᠠᠳᠠ

1863 ᠠᠭᠤᠵᠢᠮ ᠳᠠᠯᠠᠢ ᠳ᠋ᠤ᠌ ᠣᠩᠭᠣᠴᠠ ᠬᠡᠷᠡᠭ ᠲᠡᠢ
ᠠᠭᠤᠯᠵᠠᠭᠰᠠᠨ ᠬᠥᠮᠦᠨ ᠳ᠋ᠦ᠍ ᠮᠡᠨᠳᠦ ᠬᠡᠷᠡᠭ ᠲᠡᠢ

1864 ᠠᠭᠤᠵᠢᠮ ᠳᠣᠲᠣᠷ᠎ᠠ ᠲᠠᠢ ᠬᠥᠮᠦᠨ ᠳ᠋ᠦ᠍
ᠠᠭᠤᠯᠠ ᠶ᠋ᠢᠨ ᠥᠨᠳᠥᠷ ᠰᠠᠭᠠᠳ ᠦᠭᠡᠢ

1865 ᠠᠭᠤᠵᠢᠮ ᠰᠠᠨᠠᠭ᠎ᠠ ᠪᠡᠶ᠎ᠡ ᠶ᠋ᠢᠨ ᠵᠢᠷᠭᠠᠯ
ᠣᠭᠵᠣᠮ ᠠᠭᠤᠷ ᠣᠷᠴᠢᠯᠠᠩ ᠤ᠋ᠨ ᠵᠣᠪᠠᠯᠠᠩ

1866 ᠠᠭᠤᠯᠠ ᠪᠦᠬᠦᠨ ᠣᠷᠣᠢ ᠲᠠᠢ
ᠤᠯᠤᠰ ᠪᠦᠬᠦᠨ ᠵᠠᠰᠠᠭ ᠲᠠᠢ

1867 ᠠᠭᠤᠯᠠ ᠪᠦᠬᠦᠨ ᠡᠷᠳᠡᠨᠢ ᠦᠭᠡᠢ
ᠣᠢ ᠪᠦᠬᠦᠨ ᠽᠠᠨᠳᠠᠨ ᠦᠭᠡᠢ

1868 ᠠᠭᠤᠯᠠ ᠶᠡᠬᠡᠲᠡᠢ ᠨᠤᠲᠤᠭ ᠡᠭᠦᠯᠡ ᠲᠠᠲᠠᠬᠤ
ᠤᠬᠠᠭᠠᠨ ᠰᠠᠢᠲᠠᠢ ᠬᠥᠮᠦᠨ ᠨᠥᠬᠥᠷ ᠲᠠᠲᠠᠬᠤ

1869 ᠠᠭᠤᠯᠠ ᠮᠣᠷᠢ ᠶ᠋ᠢ ᠵᠣᠪᠠᠭᠠᠨ᠎ᠠ
ᠠᠭᠤᠷ ᠪᠡᠶ᠎ᠡ ᠶ᠋ᠢ ᠵᠣᠪᠠᠭᠠᠨ᠎ᠠ

1870 ᠠᠭᠤᠯᠠ ᠣᠷᠣᠢ ᠲᠠᠢ
ᠤᠰᠤ ᠡᠷᠭᠢ ᠲᠡᠢ

1871 ᠠᠭᠤᠯᠠ ᠥᠨᠳᠥᠷ ᠪᠣᠯᠪᠠᠴᠤ
ᠨᠠᠷᠠ ᠶ᠋ᠢ ᠬᠠᠯᠬᠠᠯᠠᠵᠤ ᠴᠢᠳᠠᠬᠤ ᠦᠭᠡᠢ

1872 ᠠᠭᠤᠯᠠ ᠰᠠᠪᠳᠠᠭ ᠲᠠᠢ
ᠤᠰᠤ ᠡᠵᠡᠨ ᠲᠡᠢ

1873 ᠠᠭᠤᠯᠠ ᠦᠵᠡᠭᠡ ᠦᠭᠡᠢ ᠬᠣᠷᠮᠣᠢ ᠰᠢᠭᠤᠵᠤ
ᠤᠰᠤ ᠦᠵᠡᠭᠡ ᠦᠭᠡᠢ ᠭᠤᠲᠤᠯ ᠲᠠᠢᠯᠬᠤ

1874 ᠠᠭᠤᠯᠠ ᠬᠠᠳᠠᠨ ᠳ᠋ᠤ᠌ ᠮᠣᠳᠣ ᠴᠢᠮᠡᠭ
ᠠᠭᠤᠳᠠᠮ ᠲᠠᠯ᠎ᠠ ᠳ᠋ᠤ᠌ ᠮᠠᠯ ᠴᠢᠮᠡᠭ

1875 ᠠᠭᠤᠯᠠ ᠬᠡᠳᠦᠢ ᠥᠨᠳᠥᠷ ᠪᠣᠯᠪᠠᠴᠤ
ᠬᠢᠷ᠎ᠠ ᠪᠠᠷ ᠢ᠋ᠶ᠋ᠠᠨ ᠵᠠᠮ ᠲᠠᠢ
ᠬᠠᠳᠠ ᠬᠡᠳᠦᠢ ᠥᠨᠳᠥᠷ ᠪᠣᠯᠪᠠᠴᠤ
ᠣᠷᠣᠢ ᠪᠠᠷ ᠢ᠋ᠶ᠋ᠠᠨ ᠮᠥᠷ ᠲᠡᠢ

1876 ᠠᠭᠤᠯᠠ ᠰᠢᠭ᠋ ᠲᠦᠰᠢᠭ ᠲᠡᠢ
ᠲᠠᠯ᠎ᠠ ᠰᠢᠭ᠋ ᠰᠡᠳᠬᠢᠯ ᠲᠡᠢ

1877 ᠠᠭᠤᠯᠠᠨ ᠳ᠋ᠤ᠌ ᠠᠪᠠᠷᠢᠬᠤ ᠦᠭᠡᠢ ᠪᠣᠯ
ᠭᠠᠵᠠᠷ ᠤ᠋ᠨ ᠲᠡᠭᠰᠢ ᠶ᠋ᠢ ᠮᠡᠳᠡᠬᠦ ᠦᠭᠡᠢ

1878 ᠠᠭᠤᠯᠠᠨ ᠳ᠋ᠤ᠌ ᠠᠳᠤᠭᠤ ᠦᠷᠭᠦᠬᠦ ᠳ᠋ᠦ᠍
ᠤᠶᠠᠭᠠᠨ ᠳᠡᠭᠡᠷᠡᠬᠢ ᠡᠯᠵᠢᠭᠡ ᠳᠠᠭᠤᠷᠢᠶᠠᠬᠤ

1879 ᠠᠭᠤᠯᠠᠨ ᠳ᠋ᠤ᠌ ᠪᠤᠭᠤ ᠣᠷᠣᠮᠳᠠᠬᠤ ᠳ᠋ᠤ᠌
ᠤᠶᠠᠷᠠᠭᠰᠠᠨ ᠬᠥᠮᠦᠨ ᠤᠬᠢᠯᠠᠳᠠᠭ

1880 ᠤᠤᠯᠭᠠᠮᠵᠢ ᠨᠢ ᠠᠭᠤᠯᠠ ᠰᠢᠭ᠋
ᠤᠬᠠᠭᠠᠨ ᠪᠣᠳᠣᠯ ᠨᠢ ᠮᠠᠨᠠᠨ ᠰᠢᠭ᠋᠃

1881 ᠠᠭᠤᠯᠵᠠᠭᠠᠳ ᠰᠠᠯᠤᠰᠢ ᠦᠭᠡᠢ
ᠤᠬᠠᠭᠠᠨ ᠳ᠋ᠤ᠌ ᠮᠠᠷᠲᠠᠭᠳᠠᠰᠢ ᠦᠭᠡᠢ᠃

1882 ᠠᠭᠤᠯᠵᠠᠬᠤ ᠪᠠᠷ ᠨᠢ ᠨᠡᠢᠯᠡᠳᠡᠭ
ᠤᠢᠳᠬᠤ ᠪᠠᠷ ᠢ᠋ᠶ᠋ᠠᠨ ᠰᠠᠯᠳᠠᠭ

1883 ᠠᠭᠤᠯᠠ ᠶ᠋ᠢ ᠥᠨᠳᠥᠷ ᠭᠡᠵᠦ ᠪᠤᠤ ᠨᠢᠴᠦ
ᠶᠠᠪᠤᠪᠠᠯ ᠳᠠᠪᠠᠨ᠎ᠠ
ᠠᠵᠢᠯ ᠢ᠋ ᠶᠡᠬᠡ ᠭᠡᠵᠦ ᠪᠤᠤ ᠰᠢᠨᠲᠠᠷᠠ
ᠬᠢᠪᠡᠯ ᠳᠠᠭᠤᠰᠤᠨ᠎ᠠ

1884 ᠠᠭᠤᠯᠠ ᠶ᠋ᠢ ᠡᠷᠭᠦᠮᠡᠷ ᠡᠷᠡᠰ ᠣᠯᠠᠨ
ᠠᠭᠤᠷ ᠢ᠋ᠶ᠋ᠠᠨ ᠳᠠᠷᠤᠬᠤ ᠨᠢ ᠲᠤᠩ ᠴᠥᠭᠡᠨ

1885 ᠠᠭᠤᠯᠠ ᠶ᠋ᠢ ᠴᠠᠰᠤ ᠳᠠᠷᠤᠳᠠᠭ
ᠬᠥᠮᠦᠨ ᠢ᠋ ᠨᠠᠰᠤ ᠳᠠᠷᠤᠳᠠᠭ

1886 ᠠᠭᠤᠯᠠ ᠶ᠋ᠢᠨ ᠪᠠᠷᠰ ᠢ᠋ ᠪᠠᠷᠢᠬᠤ ᠳ᠋ᠤ᠌ ᠬᠢᠯᠪᠠᠷ
ᠣᠯᠠᠨ ᠤ᠋ ᠠᠮᠠ ᠶ᠋ᠢ ᠬᠣᠷᠢᠬᠤ ᠳ᠋ᠤ᠌ ᠪᠡᠷᠬᠡ

1887 ᠠᠭᠤᠯᠠ ᠶ᠋ᠢᠨ ᠪᠠᠷᠲᠠᠭ᠎ᠠ ᠶ᠋ᠢ ᠶᠠᠪᠤᠵᠤ ᠮᠡᠳᠡᠨ᠎ᠡ
ᠤᠰᠤᠨ ᠤ᠋ ᠭᠦᠨ ᠢ᠋ ᠭᠠᠲᠤᠯᠵᠤ ᠮᠡᠳᠡᠨ᠎ᠡ

1888 ᠠᠭᠤᠯᠠ ᠶ᠋ᠢᠨ ᠪᠤᠭᠤ ᠶᠢ ᠦᠵᠡᠭᠡᠳ
ᠤᠨᠤᠭᠰᠠᠨ ᠢ᠋ᠶ᠋ᠠᠨ ᠲᠠᠯᠪᠢᠵᠤ ᠲᠠᠭᠤᠬᠤ

1889 ᠠᠭᠤᠯᠠ ᠶ᠋ᠢᠨ ᠳᠠᠪᠠᠭ᠎ᠠ ᠶ᠋ᠢ ᠳᠠᠪᠠᠵᠤ ᠪᠣᠯᠳᠠᠭ
ᠣᠷᠴᠢᠯᠠᠩ ᠤ᠋ᠨ ᠳᠠᠪᠠᠭ᠎ᠠ ᠶ᠋ᠢ ᠳᠠᠪᠠᠵᠤ ᠪᠣᠯᠳᠠᠭ ᠦᠭᠡᠢ

1890 ᠠᠭᠤᠯᠠ ᠶ᠋ᠢᠨ ᠴᠡᠴᠡᠭ ᠪᠠᠢᠭᠠᠯᠢ ᠶ᠋ᠢᠨ ᠴᠢᠮᠡᠭ
ᠡᠪᠦᠭᠡᠳ ᠬᠥᠭᠰᠢᠳ ᠨᠠᠢᠷ ᠤ᠋ᠨ ᠴᠢᠮᠡᠭ

1891 ᠠᠭᠤᠯᠠ ᠶ᠋ᠢᠨ ᠴᠠᠭᠠᠨ᠎ᠠ ᠠ᠋ᠴᠠ ᠤᠷᠤᠭ ᠪᠣᠯᠤᠯᠴᠠᠬᠤ
ᠤᠰᠤᠨ ᠤ᠋ ᠴᠠᠭᠠᠨ᠎ᠠ ᠠ᠋ᠴᠠ ᠬᠣᠲᠠ ᠪᠣᠯᠤᠯᠴᠠᠬᠤ

1892 ᠠᠭᠤᠯᠠ ᠶ᠋ᠢᠨ ᠴᠢᠮᠡᠭ ᠮᠣᠳᠣ
ᠤᠯᠤᠰ ᠤ᠋ᠨ ᠴᠢᠮᠡᠭ ᠡᠷᠳᠡᠮᠲᠡᠨ

1893 ᠠᠭᠤᠯᠠ ᠶ᠋ᠢᠨ ᠴᠢᠮᠡᠭ ᠤᠷᠭᠤᠮᠠᠯ
ᠤᠬᠠᠭᠠᠨ ᠤ᠋ ᠴᠢᠮᠡᠭ ᠡᠷᠳᠡᠮ

1894 ᠠᠭᠤᠯᠠ ᠶ᠋ᠢᠨ ᠴᠢᠨᠡᠭᠡ ᠠᠯᠲᠠᠨ ᠠ᠋ᠴᠠ
ᠤᠲᠠᠰᠤᠨ ᠴᠢᠨᠡᠭᠡ ᠠᠮᠢ ᠪᠠᠨ ᠠᠯᠳᠠᠬᠤ

1895 ᠠᠭᠤᠯᠠ ᠶ᠋ᠢᠨ ᠴᠢᠨᠡᠭᠡ ᠬᠠᠷ᠎ᠠ ᠶ᠋ᠢ
ᠲᠠᠤᠯᠠᠢ ᠶ᠋ᠢᠨ ᠴᠢᠨᠡᠭᠡ ᠴᠠᠭᠠᠨ ᠳᠡᠢᠯᠦᠨ᠎ᠡ

1896 ᠠᠭᠤᠷ ᠶᠡᠬᠡᠲᠦ ᠶ᠋ᠢᠨ ᠤᠬᠠᠭᠠᠨ ᠴᠢᠬᠤᠯ
ᠤᠬᠠᠭᠠᠨ ᠰᠠᠢᠲᠤ ᠶ᠋ᠢᠨ ᠰᠡᠳᠬᠢᠯ ᠠᠭᠤᠵᠢᠮ

1897 ᠠᠭᠤᠷ ᠮᠤᠩᠬᠠᠭ ᠢ᠋ᠶ᠋ᠠᠷ ᠡᠬᠢᠯᠡᠵᠦ
ᠭᠡᠮᠰᠢᠯ ᠢ᠋ᠶ᠋ᠡᠷ ᠲᠡᠭᠦᠰᠬᠦ

1898 ᠠᠭᠤᠷ ᠮᠠᠭᠤᠲᠤ ᠤᠷᠤᠭᠤᠯ ᠢ᠋ᠶ᠋ᠠᠨ ᠴᠣᠭᠣ ᠲᠠᠲᠠᠵᠤ
ᠠᠮᠠ ᠮᠠᠭᠤᠲᠤ ᠠᠶᠠᠭ᠎ᠠ ᠪᠠᠨ ᠬᠠᠭᠠᠯᠬᠤ

1899 ᠠᠭᠤᠷ ᠣᠮᠣᠭ ᠶᠡᠬᠡᠳᠡᠪᠡᠯ ᠳᠣᠷᠣᠢᠲᠠᠬᠤ ᠶ᠋ᠢᠨ ᠲᠡᠮᠳᠡᠭ
ᠠᠷᠢᠬᠢ ᠲᠠᠮᠠᠬᠢᠨ ᠳ᠋ᠤ᠌ ᠰᠢᠨᠤᠪᠠᠯ ᠦᠭᠡᠢᠷᠡᠬᠦ ᠶ᠋ᠢᠨ ᠲᠡᠮᠳᠡᠭ

1900 ᠠᠭᠤᠷ ᠢ᠋ᠶ᠋ᠠᠨ ᠮᠡᠳᠡᠭᠴᠢ ᠨᠢ ᠮᠡᠷᠭᠡᠨ
ᠤᠴᠢᠷ ᠢ᠋ᠶ᠋ᠠᠨ ᠮᠡᠳᠡᠭᠴᠢ ᠨᠢ ᠦᠨᠡᠨᠴᠢ

1901 ᠠᠭᠤᠷ ᠠ᠋ᠴᠠ ᠬᠡᠷᠡᠭᠦᠯ
ᠤᠰᠤᠨ ᠠ᠋ᠴᠠ ᠠᠶᠤᠯ

1902 ᠤᠷᠭ᠎ᠠ ᠪᠠᠷ ᠮᠣᠷᠢ ᠪᠠᠷᠢᠬᠤ
ᠤᠯᠠᠭᠠᠨ ᠭᠠᠷ ᠤ᠋ᠨ ᠬᠦᠴᠦ
ᠤᠷᠠᠨ ᠰᠠᠢᠨ ᠶᠠᠪᠤᠬᠤ
ᠤᠬᠠᠭᠠᠨ ᠪᠢᠯᠢᠭ ᠦ᠋ᠨ ᠬᠦᠴᠦ

1903 ᠤᠷᠭᠠᠴᠢ ᠮᠣᠷᠢ ᠪᠠᠨ
ᠤᠳᠠᠭᠠᠨ ᠪᠢᠲᠡᠭᠡᠢ ᠣᠨᠣ
ᠤᠴᠠᠷᠠᠭᠰᠠᠨ ᠨᠥᠬᠥᠷ ᠲᠡᠭᠡᠨ
ᠤᠢᠳᠬᠤ ᠦᠭᠡ ᠪᠦᠦ ᠬᠡᠯᠡ

1904 ᠤᠭᠤᠷ ᠦᠭᠡᠢ ᠴᠠᠢ ᠨᠦᠳᠦᠵᠦ ᠪᠣᠯᠳᠠᠭ ᠦᠭᠡᠢ
ᠤᠲᠤᠭ᠎ᠠ ᠦᠭᠡᠢ ᠭᠠᠯ ᠲᠦᠯᠡᠵᠦ ᠪᠣᠯᠳᠠᠭ ᠦᠭᠡᠢ

1905 ᠠᠭᠤᠷᠯᠠᠭᠰᠠᠨ ᠢ᠋ᠶ᠋ᠠᠷ ᠢ᠋ᠶ᠋ᠠᠨ ᠡᠪᠦᠭᠡᠷᠡᠬᠦ
ᠢᠨᠢᠶᠡᠭᠰᠡᠨ ᠢ᠋ᠶ᠋ᠡᠷ ᠢ᠋ᠶ᠋ᠡᠨ ᠢᠳᠡᠷᠰᠢᠬᠦ

1906 ᠠᠭᠤᠷ ᠲᠠᠢ ᠬᠥᠮᠦᠨ
ᠥᠪᠡᠷ ᠢ᠋ ᠪᠡᠨ ᠲᠠᠮᠤᠯᠠᠬᠤ

1907 ᠠᠭᠤᠷ ᠲᠠᠢ ᠬᠥᠮᠦᠨ ᠢ᠋ᠶ᠋ᠡᠷ
ᠤᠰᠤ ᠵᠥᠭᠡᠭᠡᠯᠭᠡᠳᠡᠭ
ᠤᠬᠠᠭᠠᠨ ᠲᠠᠢ ᠬᠥᠮᠦᠨ ᠢ᠋ᠶ᠋ᠡᠷ
ᠲᠣᠰᠣ ᠵᠥᠭᠡᠭᠡᠯᠭᠡᠳᠡᠭ

1908 ᠠᠭᠤᠷ ᠢ᠋ ᠲᠠᠲᠠᠵᠤ ᠪᠣᠯᠳᠠᠭ
ᠠᠭᠤᠯᠠ ᠶ᠋ᠢ ᠲᠠᠲᠠᠵᠤ ᠪᠣᠯᠳᠠᠭ ᠦᠭᠡᠢ

1909 ᠠᠭᠤᠷ ᠤ᠋ᠨ ᠮᠤᠩᠬᠠᠭ
ᠪᠡᠶ᠎ᠡ ᠶ᠋ᠢ ᠵᠣᠪᠠᠭᠠᠬᠤ
ᠠᠭᠤᠯᠠ ᠶ᠋ᠢᠨ ᠥᠨᠳᠥᠷ
ᠤᠨᠤᠭ᠎ᠠ ᠶ᠋ᠢ ᠵᠣᠪᠠᠭᠠᠬᠤ

1910 ᠤᠤᠭᠤᠬᠤ ᠶ᠋ᠢ ᠨᠢ ᠤᠤᠭᠤ
ᠤᠬᠠᠭᠠᠨ ᠢ᠋ᠶ᠋ᠠᠨ ᠪᠦᠦ ᠠᠯᠲᠠ

1911 ᠠᠭᠤᠰᠬᠢ ᠵᠢᠷᠦᠬᠡ ᠬᠣᠶᠠᠷ
ᠤᠯᠠᠭᠠᠨ ᠰᠤᠳᠠᠰᠤᠨ ᠤ᠋ ᠬᠣᠯᠪᠣᠭ᠎ᠠ ᠲᠠᠢ
ᠤᠷᠤᠭ ᠰᠠᠳᠤᠨ ᠬᠣᠶᠠᠷ
ᠤᠴᠢᠷ ᠶᠣᠰᠣᠨ ᠤ᠋ ᠪᠠᠷᠢᠯᠳᠤᠯᠭ᠎ᠠ ᠲᠠᠢ

1912 ᠠᠭᠤᠰᠬᠢ ᠮᠡᠩᠭᠡᠷᠲᠦᠬᠦ ᠲᠠᠮᠠᠬᠢᠨ ᠤ᠋ ᠬᠢ
ᠤᠬᠠᠭᠠᠨ ᠪᠠᠯᠠᠷᠳᠤᠬᠤ ᠠᠷᠢᠬᠢᠨ ᠤ᠋ ᠬᠢ

1913 ᠤᠬᠠᠭᠠᠨ ᠳᠠᠯᠠᠢ ᠨᠣᠮ ᠠ᠋ᠴᠠ ᠡᠬᠢ ᠲᠡᠢ
ᠤᠰᠤᠨ ᠳᠠᠯᠠᠢ ᠪᠤᠯᠠᠭ ᠠ᠋ᠴᠠ ᠡᠬᠢ ᠲᠡᠢ

1914 ᠤᠬᠠᠭᠠᠨ ᠮᠠᠭᠤᠲᠤ ᠡᠷᠳᠡᠮ ᠰᠤᠷᠪᠠᠯ ᠭᠠᠯᠵᠠᠭᠤᠷᠠᠬᠤ
ᠳᠣᠲᠣᠷ ᠮᠠᠭᠤᠲᠤ ᠠᠷᠢᠬᠢ ᠤᠤᠭᠤᠪᠠᠯ ᠪᠥᠭᠡᠯᠵᠢᠬᠦ

1915 ᠤᠬᠠᠭᠠᠨ ᠮᠠᠭᠤᠲᠠᠢ ᠪᠣᠯ ᠣᠯᠠᠨ ᠤ᠋ ᠰᠢᠪᠰᠢᠭ
ᠣᠩᠭᠣᠴᠠ ᠮᠠᠭᠤᠲᠠᠢ ᠪᠣᠯ ᠤᠰᠤᠨ ᠤ᠋ ᠰᠢᠪᠰᠢᠭ

1916 ᠤᠬᠠᠭᠠᠨ ᠣᠷᠣᠵᠤ
ᠤᠷᠤᠭ ᠢ᠋ᠶ᠋ᠠᠨ ᠲᠠᠨᠢᠬᠤ

1917 ᠤᠬᠠᠭᠠᠨ ᠰᠠᠢᠲᠤ ᠶ᠋ᠢᠨ ᠦᠵᠦᠭ ᠬᠤᠷᠴᠠ
ᠤᠳᠤᠮ ᠰᠠᠢᠲᠤ ᠶ᠋ᠢᠨ ᠤᠨᠠᠭ᠎ᠠ ᠬᠤᠷᠳᠤᠨ

1918 ᠤᠬᠠᠭᠠᠨ ᠳ᠋ᠤᠨᠢ ᠤᠬᠤᠨ᠎ᠠ ᠦᠬᠦᠭᠰᠡᠨ
ᠰᠡᠳᠬᠢᠯ ᠳ᠋ᠦ᠍ᠨᠢ ᠰᠡᠷᠬᠡ ᠦᠬᠦᠭᠰᠡᠨ

1919 ᠤᠬᠠᠭᠠᠨ ᠳ᠋ᠤ᠌ ᠤᠬᠠᠭᠠᠨ ᠨᠡᠢᠯᠡᠵᠦ
ᠦᠭᠡᠨ ᠳ᠋ᠦ᠍ ᠦᠭᠡ ᠨᠡᠢᠯᠡᠬᠦ

1920 ᠤᠬᠠᠭᠠᠨ ᠲᠠᠢ ᠬᠥᠮᠦᠨ ᠣᠢᠯᠠᠭᠠᠭᠤᠯᠬᠤ
ᠠᠭᠤᠷ ᠲᠠᠢ ᠬᠥᠮᠦᠨ ᠴᠢᠬᠤᠯᠳᠠᠭᠤᠯᠬᠤ

1921 ᠤᠬᠠᠭᠠᠨ ᠲᠠᠢ ᠬᠥᠮᠦᠨ ᠦᠭᠡ ᠪᠡᠷ ᠢ᠋ᠶ᠋ᠡᠨ ᠰᠤᠷᠭᠠᠬᠤ
ᠠᠭᠤᠷ ᠲᠠᠢ ᠬᠥᠮᠦᠨ ᠨᠢᠳᠤᠷᠭ᠎ᠠ ᠪᠠᠷ ᠢ᠋ᠶ᠋ᠠᠨ ᠰᠤᠷᠭᠠᠬᠤ

1922 ᠤᠬᠠᠭᠠᠨ ᠲᠠᠢ ᠬᠥᠮᠦᠨ ᠳ᠋ᠦ᠍ ᠨᠣᠮ ᠰᠤᠷᠭᠠᠪᠠᠯ
ᠣᠭᠲᠠᠷᠭᠤᠢ ᠶ᠋ᠢᠨ ᠣᠳᠣᠨ ᠭᠠᠷᠠᠭ ᠠᠳᠠᠯᠢ

1923 ᠤᠬᠠᠭᠠᠨᠲᠠᠨ ᠤ᠋ ᠴᠠᠭᠠᠨ᠎ᠠ ᠤᠬᠠᠭᠠᠨᠲᠠᠨ ᠪᠣᠢ
ᠠᠭᠤᠯᠠ ᠶ᠋ᠢᠨ ᠴᠠᠭᠠᠨ᠎ᠠ ᠠᠭᠤᠯᠠ ᠪᠣᠢ

1924 ᠤᠬᠠᠭᠠᠨ ᠢ᠋ ᠨᠢ ᠣᠯᠪᠠᠯ
ᠤᠴᠢᠷ ᠦᠭᠡᠢ ᠶᠠᠭᠤᠮ᠎ᠠ ᠪᠠᠢᠳᠠᠭ ᠦᠭᠡᠢ
ᠤᠴᠢᠷ ᠢ᠋ ᠨᠢ ᠣᠯᠪᠠᠯ
ᠪᠣᠯᠬᠤ ᠦᠭᠡᠢ ᠶᠠᠭᠤᠮ᠎ᠠ ᠪᠠᠢᠳᠠᠭ ᠦᠭᠡᠢ

1925 ᠤᠬᠠᠭᠠᠨ ᠤ᠋ ᠪᠠᠨ ᠰᠠᠢᠨ ᠢ᠋
ᠤᠷᠲᠤ ᠵᠠᠮ ᠳ᠋ᠤ᠌ ᠮᠡᠳᠡᠬᠦ
ᠤᠴᠠᠷᠠᠭᠰᠠᠨ ᠤ᠋ ᠪᠠᠨ ᠰᠠᠢᠨ ᠢ᠋
ᠶᠠᠳᠠᠷᠠᠬᠤ ᠴᠠᠭ ᠲᠤ᠌ ᠮᠡᠳᠡᠬᠦ

1926 ᠤᠬᠤᠨ᠎ᠠ ᠳ᠋ᠤ᠌ ᠶᠠᠪᠤᠭᠰᠠᠨ ᠬᠦᠦ
ᠢᠮᠠᠭ᠎ᠠ ᠢᠰᠢᠭᠡᠯᠡᠭᠰᠡᠨ ᠬᠣᠢᠨ᠎ᠠ ᠢᠷᠡᠬᠦ

1927 ᠤᠴᠠᠭᠠᠷ ᠶᠡᠬᠡᠲᠦ ᠶ᠋ᠢᠨ ᠬᠠᠷᠢᠶᠠᠬᠤ ᠨᠢ ᠬᠡᠴᠡᠭᠦᠦ
ᠤᠬᠠᠭᠠᠨ ᠮᠠᠭᠤᠲᠤ ᠶ᠋ᠢᠨ ᠠᠭᠠᠰᠢᠯᠠᠬᠤ ᠨᠢ ᠬᠡᠴᠡᠭᠦᠦ

1928 ᠤᠴᠠᠭᠠᠷ ᠠᠭᠤᠷ ᠬᠣᠶᠠᠷ ᠢ᠋
ᠤᠰᠬᠠᠯ ᠨᠣᠮᠣᠬᠠᠨ ᠵᠠᠩ ᠢ᠋ᠶ᠋ᠠᠷ

1929 ᠤᠴᠢᠷ ᠮᠡᠳᠡᠬᠦ ᠦᠭᠡᠢ ᠨᠣᠶᠠᠨ ᠪᠣᠯᠬᠤ ᠪᠠᠷ
ᠤᠴᠢᠷ ᠮᠡᠳᠡᠬᠦ ᠪᠣᠭᠣᠯ ᠪᠣᠯ

1930 ᠤᠴᠢᠷ ᠮᠡᠳᠡᠬᠦ ᠦᠭᠡᠢ ᠬᠥᠮᠦᠨ ᠳ᠋ᠦ᠍ ᠰᠤᠷᠭᠠᠯ ᠬᠡᠯᠡᠬᠦ ᠨᠢ
ᠤᠷᠭᠤᠴᠠ ᠦᠭᠡᠢ ᠭᠠᠵᠠᠷ ᠲᠠᠷᠢᠶ᠎ᠠ ᠲᠠᠷᠢᠭᠰᠠᠨ ᠲᠠᠢ ᠠᠳᠠᠯᠢ

1931 ᠤᠴᠢᠷ ᠮᠡᠳᠡᠬᠦ ᠦᠭᠡᠢ ᠬᠥᠮᠦᠨ ᠳ᠋ᠦ᠍
ᠦᠭᠡ ᠬᠠᠢᠷᠠᠨ
ᠦᠨᠦᠷ ᠮᠡᠳᠡᠬᠦ ᠦᠭᠡᠢ ᠬᠥᠮᠦᠨ ᠳ᠋ᠦ᠍
ᠽᠠᠨᠳᠠᠨ ᠬᠠᠢᠷᠠᠨ

1932 ᠤᠴᠠᠷᠠᠭᠰᠠᠨ ᠵᠣᠪᠠᠯᠠᠩ ᠠᠭᠤᠯᠠ ᠶ᠋ᠢᠨ ᠴᠢᠨᠡᠭᠡ
ᠤᠭᠲᠤᠬᠤ ᠵᠢᠷᠭᠠᠯ ᠳᠠᠯᠠᠢ ᠶ᠋ᠢᠨ ᠴᠢᠨᠡᠭᠡ

1933 ᠤᠴᠠᠷᠠᠭᠠᠳ ᠬᠡᠯᠡᠯᠴᠡᠬᠦ ᠵᠢᠮ᠎ᠡ ᠪᠣᠯᠪᠠᠴᠤ
ᠤᠳᠬ᠎ᠠ ᠦᠭᠡᠢ ᠦᠭᠡ ᠪᠦᠦ ᠬᠡᠯᠡ

1934 ᠤᠴᠢᠷ ᠢ᠋ ᠨᠢ ᠣᠯᠵᠤ
ᠬᠤᠵᠢᠷ ᠢ᠋ ᠨᠢ ᠲᠤᠩᠭᠠᠬᠤ

1935 ᠤᠶᠠᠨ ᠬᠥᠮᠦᠨ ᠦ᠌ ᠤᠬᠢᠯᠠᠬᠤ ᠨᠢ ᠶᠡᠬᠡ
ᠤᠬᠤᠨ᠎ᠠ ᠢᠰᠢᠭᠡᠨ ᠦ᠌ ᠮᠠᠢᠯᠠᠬᠤ ᠨᠢ ᠶᠡᠬᠡ

1936 ᠤᠶᠠᠷᠠᠬᠤ ᠳ᠋ᠤ᠌ ᠤᠬᠢᠯᠠᠬᠤ
ᠪᠠᠶᠠᠷᠯᠠᠬᠤ ᠳ᠋ᠤ᠌ ᠢᠨᠢᠶᠡᠬᠦ

ᠢᠷᠡᠯᠲᠡ᠄

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠢᠮᠧᠯ᠄ soninhuudas@gmail.com