ᠮᠣᠩᠭᠣᠯ ᠵᠦᠢᠷ ᠰᠡᠴᠡᠨ ᠦᠭᠡ ᠶ᠋ᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠦ᠊ 7 ᠶ᠋ᠢᠨ ᠠᠢᠮᠠᠭ>
2026-06-06
ᠣᠩᠱᠢᠭ᠍ᠰᠠᠨ ᠣᠳᠠᠭ᠎ᠠ᠄
1937 ᠦᠭᠡ ᠠᠯᠳᠠᠭᠰᠠᠨ ᠠ᠋ᠴᠠ
ᠦᠬᠡᠷ ᠠᠯᠳᠠᠭᠰᠠᠨ ᠨᠢ ᠳᠡᠭᠡᠷ᠎ᠡ
 
1938 ᠦᠭᠡ ᠪᠦᠷᠢ ᠤᠳᠬ᠎ᠠ ᠲᠠᠢ
ᠤᠳᠬ᠎ᠠ ᠪᠦᠷᠢ ᠤᠴᠢᠷ ᠲᠠᠢ
 
1939 ᠦᠭᠡ ᠳᠠᠪᠲᠠᠪᠠᠯ ᠣᠯᠢᠭ
ᠨᠣᠮ ᠳᠠᠪᠲᠠᠪᠠᠯ ᠪᠢᠯᠢᠭ
 
1940 ᠦᠭᠡ ᠳᠠᠭᠠᠪᠠᠯ ᠤᠬᠠᠭᠠᠨ ᠲᠠᠢ ᠪᠣᠯᠳᠠᠭ
ᠦᠯᠢᠭᠡᠷ ᠳᠠᠭᠠᠪᠠᠯ ᠰᠡᠴᠡᠨ ᠪᠣᠯᠳᠠᠭ
 
1941 ᠦᠭᠡ ᠢᠯᠡᠭᠦᠦ ᠲᠡᠢ ᠶ᠋ᠢᠨ
ᠡᠷᠡᠦ ᠬᠤᠭᠤᠷᠬᠠᠢ
 
1942 ᠦᠭᠡ ᠮᠡᠳᠡᠬᠦ ᠦᠭᠡᠢ ᠬᠥᠮᠦᠨ ᠣᠯᠬᠤ ᠪᠠᠷ
ᠦᠢᠯᠡ ᠮᠡᠳᠡᠬᠦ ᠦᠭᠡᠢ ᠡᠮ᠎ᠡ ᠣᠯᠤᠭᠰᠠᠨ ᠨᠢ ᠳᠡᠭᠡᠷ᠎ᠡ
 
1943 ᠦᠭᠡ ᠮᠡᠳᠡᠬᠦ ᠦᠭᠡᠢ ᠬᠥᠮᠦᠨ ᠳ᠋ᠦ᠍ ᠦᠭᠡ ᠪᠦᠦ ᠬᠡᠯᠡ
ᠦᠬᠡᠷ ᠦ᠋ᠨ ᠬᠠᠮᠠᠷ ᠲᠤ᠌ ᠽᠠᠨᠳᠠᠨ ᠪᠦᠦ ᠠᠰᠠᠭ᠎ᠠ
 
1944 ᠦᠭᠡ ᠮᠡᠳᠡᠬᠦ ᠦᠭᠡᠢ ᠬᠥᠮᠦᠨ ᠳ᠋ᠦ᠍ ᠬᠡᠯᠡᠭᠰᠡᠨ ᠦᠭᠡ
ᠦᠨᠡᠰᠦᠨ ᠳ᠋ᠦ᠍ ᠬᠠᠶᠠᠭᠰᠠᠨ ᠰᠤᠪᠤᠳ ᠠᠳᠠᠯᠢ
 
1945 ᠦᠭᠡ ᠨᠢ ᠵᠥᠭᠡᠯᠡᠨ
ᠦᠢᠯᠡ ᠨᠢ ᠬᠠᠲᠠᠭᠤ
 
1946 ᠦᠭᠡ ᠨᠢ ᠲᠦᠷᠭᠡᠨ
ᠦᠢᠯᠡ ᠨᠢ ᠤᠳᠠᠭᠠᠨ
 
1947 ᠦᠭᠡ ᠣᠯᠠᠳᠠᠵᠤ
ᠦᠬᠡᠷ ᠬᠣᠯᠠᠳᠠᠬᠤ
 
1948 ᠦᠭᠡ ᠣᠯᠠᠨ ᠳᠠᠪᠲᠠᠬᠤ ᠨᠣᠢᠷ ᠲᠤ ᠰᠠᠭᠠᠳ
ᠨᠣᠮ ᠣᠯᠠᠨ ᠳᠠᠪᠲᠠᠬᠤ ᠴᠡᠭᠡᠵᠢᠨ ᠳ᠋ᠦ᠍ ᠴᠢᠮᠡᠭ
 
1949 ᠦᠭᠡ ᠰᠥᠷᠪᠡᠯ ᠬᠡᠷᠡᠭᠦᠯ
ᠡᠭᠦᠯᠡ ᠬᠤᠷᠠᠪᠠᠯ ᠬᠤᠷ᠎ᠠ
 
1450 ᠦᠭᠡ ᠤᠴᠢᠷ ᠲᠠᠢ
ᠡᠪᠡᠰᠦ ᠦᠨᠳᠦᠰᠦ ᠲᠡᠢ
 
1951 ᠦᠭᠡ ᠬᠡᠯᠡᠬᠦ ᠬᠠᠷᠢᠭᠤ ᠲᠠᠢ
ᠦᠨᠡᠨ ᠢ᠋ᠶ᠋ᠡᠨ ᠬᠡᠯᠡᠬᠦ ᠵᠣᠷᠢᠭᠲᠠᠢ
 
1952 ᠦᠭᠡ ᠬᠡᠯᠡᠬᠦ ᠳ᠋ᠡᠭᠡᠨ ᠦᠨᠡᠨ ᠢ᠋
ᠦᠯᠢᠭᠡᠷ ᠬᠡᠯᠡᠬᠦ ᠳ᠋ᠡᠭᠡᠨ ᠤᠳᠬ᠎ᠠ ᠶ᠋ᠢ ᠨᠢ
 
1953 ᠦᠭᠡ ᠬᠡᠯᠡᠬᠦ ᠳ᠋ᠦ᠍ ᠦᠭᠡ ᠲᠤᠭᠤᠯᠬᠤ
ᠬᠣᠷᠣᠭ᠎ᠠ ᠨᠡᠭᠡᠭᠡᠬᠦ ᠳ᠋ᠦ᠍ ᠮᠠᠯ ᠪᠡᠯᠴᠢᠬᠦ
 
1954 ᠦᠭᠡ ᠦᠭᠡᠢ ᠮᠥᠷᠲᠡᠭᠡᠨ ᠵᠠᠷᠭᠤᠰᠠᠭ
ᠥᠮᠥᠳᠥ ᠦᠭᠡᠢ ᠮᠥᠷᠲᠡᠭᠡᠨ ᠶᠡᠬᠡᠮᠰᠦᠭ
 
1955 ᠦᠭᠡ ᠶ᠋ᠢ ᠦᠭᠡ ᠠᠯᠠᠳᠠᠭ
ᠦᠨᠡᠭᠡ ᠶ᠋ᠢ ᠬᠥᠮᠦᠨ ᠠᠯᠠᠳᠠᠭ
 
1956 ᠦᠭᠡ ᠶ᠋ᠢ ᠦᠭᠡ ᠪᠣᠯᠭᠠᠵᠤ
ᠦᠭᠡᠢ ᠶ᠋ᠢ ᠪᠣᠢ ᠪᠣᠯᠭᠠᠬᠤ
 
1957 ᠦᠭᠡᠯᠡᠭᠡ ᠬᠥᠮᠦᠨ ᠦ᠌ ᠦᠭᠡ ᠦᠨ᠎ᠡ ᠦᠭᠡᠢ
ᠦᠷᠭᠦᠳᠡᠭ ᠮᠣᠷᠢᠨ ᠤ᠋ ᠶᠠᠪᠤᠳᠠᠯ ᠡᠪ ᠦᠭᠡᠢ
 
1958 ᠦᠭᠡᠨ ᠦ᠌ ᠪᠣᠭᠣᠨᠢ ᠨᠢ
ᠲᠥᠷᠥ ᠶ᠋ᠢᠨ ᠰᠢᠳᠤᠷᠭᠤ ᠨᠢ
 
1959 ᠦᠭᠡᠨ ᠦ᠌ ᠳᠣᠲᠣᠷ᠎ᠠ ᠠ᠋ᠴᠠ ᠦᠨᠡᠨ ᠢ᠋ ᠡᠷᠢ
ᠥᠩᠭᠡᠨ ᠦ᠌ ᠳᠣᠲᠣᠷ᠎ᠠ ᠠ᠋ᠴᠠ ᠴᠢᠨᠠᠷ ᠢ᠋ ᠡᠷᠢ
 
1960 ᠦᠭᠡᠨ ᠦ᠌ ᠶᠥᠭᠡᠬᠦ ᠨᠢ
ᠵᠣᠳᠣᠬᠤ ᠶ᠋ᠢᠨ ᠴᠢᠮᠬᠢᠬᠦ ᠨᠢ
 
1961 ᠦᠭᠡᠨ ᠦ᠌ ᠢᠯᠡ ᠨᠢ
ᠦᠨᠡᠭᠡᠨ ᠦ᠌ ᠤᠯᠠᠭᠠᠨ ᠨᠢ
 
1962 ᠦᠭᠡᠨ ᠦ᠌ ᠶᠡᠬᠡ ᠦᠨ᠎ᠡ ᠪᠡᠨ ᠪᠠᠷᠠᠨ᠎ᠠ
ᠡᠪᠡᠳᠴᠢᠨ ᠦ᠌ ᠶᠡᠬᠡ ᠪᠡᠶ᠎ᠡ ᠪᠡᠨ ᠪᠠᠷᠠᠨ᠎ᠠ
 
1963 ᠦᠭᠡᠨ ᠡᠴᠡ ᠦᠭᠡ ᠠᠪᠳᠠᠭ
ᠤᠬᠠᠭᠠᠨ ᠠ᠋ᠴᠠ ᠤᠬᠠᠭᠠᠨ ᠰᠤᠷᠳᠠᠭ
 
1964 ᠦᠭᠡ ᠲᠡᠢ ᠪᠣᠯ ᠥᠴᠢ
ᠬᠣᠰᠢᠶ᠎ᠠ ᠲᠠᠢ ᠪᠣᠯ ᠬᠣᠯᠪᠣ
 
1965 ᠦᠭᠡᠢ ᠭᠡᠵᠦ ᠦᠭᠡᠨ ᠦ᠌ ᠮᠤᠬᠤᠷ
ᠦᠬᠦᠨ᠎ᠡ ᠭᠡᠵᠦ ᠠᠮᠢᠨ ᠤ᠋ ᠮᠤᠬᠤᠷ
 
1966 ᠦᠭᠡᠢᠷᠡᠭᠰᠡᠨ ᠬᠣᠢᠨ᠎ᠠ ᠪᠠᠨ ᠪᠠᠶᠠᠨ ᠢ᠋ ᠪᠢᠲᠡᠭᠡᠢ ᠳᠤᠷᠠᠳ
ᠦᠬᠦᠭᠰᠡᠨ ᠬᠣᠢᠨ᠎ᠠ ᠰᠠᠢᠨ ᠢ᠋ ᠪᠢᠲᠡᠭᠡᠢ ᠳᠤᠷᠠᠳ
 
1967 ᠦᠭᠡᠢᠷᠡᠲᠡᠯ᠎ᠡ ᠥᠪ ᠬᠠᠷᠠᠮ
ᠦᠬᠦᠲᠡᠯ᠎ᠡ ᠦᠷ᠎ᠡ ᠬᠠᠷᠠᠮ
 
1968 ᠦᠭᠡᠢᠷᠡᠰᠢ ᠦᠭᠡᠢ ᠪᠠᠶᠠᠨ ᠭᠡᠵᠦ ᠦᠭᠡᠢ
ᠦᠬᠦᠰᠢ ᠦᠭᠡᠢ ᠮᠥᠩᠬᠡ ᠭᠡᠵᠦ ᠦᠭᠡᠢ
 
1969 ᠦᠭᠡᠨ ᠳ᠋ᠦ᠍ ᠠᠪᠢᠶ᠎ᠠ ᠪᠠᠢᠳᠠᠭ
ᠦᠯᠢᠭᠡᠷ ᠲᠦ᠍ ᠠᠶᠠᠯᠭᠤ ᠪᠠᠢᠳᠠᠭ
 
1970 ᠦᠭᠡᠨ ᠳ᠋ᠦ᠍ ᠲᠠᠰᠢᠶ᠎ᠠ ᠪᠣᠢ
ᠦᠬᠡᠷ ᠲᠤ ᠠᠯᠠᠭ ᠪᠣᠢ
 
1971 ᠦᠭᠡᠨ ᠳ᠋ᠦ᠍ ᠤᠨᠠᠬᠤ ᠪᠠᠷ
ᠨᠦᠬᠡᠨ ᠳ᠋ᠦ᠍ ᠤᠨᠠ
 
1972 ᠦᠭᠡᠨ ᠳ᠋ᠡᠭᠡᠨ ᠡᠵᠡᠨ ᠪᠣᠯᠬᠤ ᠦᠭᠡᠢ ᠪᠣᠯ
ᠦᠭᠡ ᠶ᠋ᠢᠨ ᠢ᠋ᠶ᠋ᠡᠨ ᠪᠣᠭᠣᠯ ᠪᠣᠯᠳᠠᠭ
 
1973 ᠦᠭᠡ ᠪᠡᠷ ᠨᠢ ᠦᠨᠡᠮᠰᠢᠬᠦ ᠪᠡᠷ
ᠦᠢᠯᠡ ᠪᠡᠷ ᠨᠢ ᠦᠨᠡᠮᠰᠢ
 
1974 ᠦᠭᠡ ᠪᠡᠷ ᠴᠣᠬᠢᠬᠤ ᠪᠠᠷ
ᠰᠦᠬᠡ ᠪᠡᠷ ᠴᠣᠬᠢ
 
1975 ᠦᠳᠡ ᠪᠣᠯᠲᠠᠯ᠎ᠠ ᠤᠨᠲᠠᠵᠤ
ᠦᠬᠡᠷ ᠦ᠋ᠨ ᠳᠠᠭᠤᠨ ᠢ᠋ᠶ᠋ᠠᠷ ᠰᠡᠷᠡᠬᠦ
 
1976 ᠦᠳᠡ ᠪᠣᠯᠲᠠᠯ᠎ᠠ ᠤᠨᠲᠠᠭᠠᠳ
ᠦᠶᠡᠷ ᠪᠣᠯᠲᠠᠯ᠎ᠠ ᠰᠢᠭᠡᠬᠦ
 
1977 ᠦᠳᠡᠰᠢ ᠶ᠋ᠢᠨ ᠠᠮᠤᠷ ᠢ᠋ ᠥᠷᠯᠥᠭᠡᠨ ᠡᠴᠡ ᠪᠡᠨ
ᠥᠲᠡᠯᠬᠦ ᠶ᠋ᠢᠨ ᠠᠮᠤᠷ ᠢ᠋ ᠵᠠᠯᠠᠭᠤ ᠠ᠋ᠴᠠ ᠪᠠᠨ
 
1978 ᠦᠳᠡ ᠡᠴᠡ ᠢᠯᠡᠭᠦᠦ ᠬᠠᠯᠠᠭᠤᠨ ᠦᠭᠡᠢ
ᠦᠬᠦᠯ ᠡᠴᠡ ᠢᠯᠡᠭᠦᠦ ᠠᠶᠤᠮᠰᠢᠭ ᠦᠭᠡᠢ
 
1979 ᠦᠶᠡᠷ ᠦ᠋ᠨ ᠤᠰᠤ ᠢᠷᠡᠪᠡᠯ
ᠡᠭᠦᠳᠡ ᠬᠣᠢᠮᠣᠷ ᠢᠯᠭᠠᠭ᠎ᠠ ᠦᠭᠡᠢ
ᠦᠬᠦᠯ ᠦ᠋ᠨ ᠡᠵᠡᠳ ᠢᠷᠡᠪᠡᠯ
ᠬᠥᠭᠰᠢᠨ ᠵᠠᠯᠠᠭᠤ ᠢᠯᠭᠠᠭ᠎ᠠ ᠦᠭᠡᠢ
 
1980 ᠦᠵᠡᠭᠳᠡᠭᠰᠡᠨ ᠶᠠᠭᠤᠮ᠎ᠠ ᠬᠣᠯᠠ ᠪᠢᠰᠢ
ᠡᠷᠭᠦᠭᠰᠡᠨ ᠶᠠᠭᠤᠮ᠎ᠠ ᠬᠦᠨᠳᠦ ᠪᠢᠰᠢ
 
1981 ᠦᠵᠡᠯ ᠪᠣᠳᠣᠯ ᠰᠠᠨᠠᠭ᠎ᠠ ᠲᠠᠭᠠᠷᠠᠪᠠᠯ
ᠭᠠᠭᠴᠠ ᠬᠥᠮᠦᠨ ᠴᠦ᠍ ᠭᠡᠰᠡᠨ ᠨᠥᠬᠥᠷ
ᠦᠭᠡ ᠦᠭᠡ ᠪᠡᠨ ᠡᠰᠡ ᠳᠠᠭᠠᠪᠠᠯ
ᠦᠢ ᠣᠯᠠᠭᠤᠯᠠ ᠪᠠᠨ ᠴᠦ᠍ ᠳᠠᠢᠰᠤᠨ
 
1982 ᠦᠵᠡᠬᠦ ᠦᠭᠡᠢ ᠪᠣᠯ ᠲᠠᠨᠢᠬᠤ ᠦᠭᠡᠢ
ᠰᠣᠨᠣᠰᠬᠤ ᠦᠭᠡᠢ ᠪᠣᠯ ᠮᠡᠳᠡᠬᠦ ᠦᠭᠡᠢ
 
1983 ᠦᠵᠡᠬᠦ ᠡᠴᠡ ᠪᠡᠨ ᠡᠮᠦᠨ᠎ᠡ ᠡᠪᠦᠷᠲᠦᠯᠡᠬᠦ ᠶ᠋ᠢ ᠪᠣᠳᠣᠵᠤ
ᠡᠮᠬᠦᠬᠦ ᠡᠴᠡ ᠡᠮᠦᠨ᠎ᠡ ᠵᠠᠯᠭᠢᠬᠤ ᠶ᠋ᠢ ᠪᠣᠳᠣᠬᠤ
 
1984 ᠦᠢᠯᠡ ᠢᠷᠡᠬᠦᠯᠡᠷ ᠤᠬᠠᠭᠠᠨ ᠰᠤᠷᠳᠠᠭ
ᠭᠡᠮ ᠢᠷᠡᠬᠦᠯᠡᠷ ᠰᠦᠰᠦᠭ ᠲᠥᠷᠥᠳᠡᠭ
 
1985 ᠦᠢᠯᠡ ᠢᠷᠡᠬᠦ ᠳ᠋ᠦ᠍
ᠠᠭᠤᠯᠠ ᠨᠤᠷᠠᠬᠤ
 
1986 ᠦᠢᠯᠡ ᠨᠢ ᠢᠷᠡᠭᠰᠡᠨ ᠬᠤᠯᠤᠭᠠᠨ᠎ᠠ
ᠮᠤᠤᠷ ᠤ᠋ᠨ ᠬᠠᠮᠠᠷ ᠮᠠᠭᠠᠵᠢᠬᠤ
 
1987 ᠦᠢᠯᠡ ᠨᠢ ᠡᠮᠦᠨ᠎ᠡ ᠪᠡᠨ
ᠦᠷ᠎ᠡ ᠨᠢ ᠬᠣᠢᠨ᠎ᠠ ᠪᠠᠨ
 
1988 ᠦᠢᠯᠡ ᠦᠢᠯᠡ ᠪᠡᠨ ᠳᠠᠭᠠᠬᠤ
ᠦᠨᠢᠶ᠎ᠡ ᠲᠤᠭᠤᠯ ᠢ᠋ᠶ᠋ᠠᠨ ᠳᠠᠭᠠᠬᠤ
 
1989 ᠦᠢᠯᠡ ᠦᠭᠡᠢ ᠬᠡᠦᠬᠡᠨ ᠳᠠᠭᠤᠯᠠᠮᠠᠲᠠᠭᠠᠢ
ᠰᠦ ᠦᠭᠡᠢ ᠦᠨᠢᠶ᠎ᠡ ᠮᠥᠭᠡᠷᠡᠮᠡᠳᠡᠭᠡᠢ
 
1990 ᠦᠢᠯᠡᠲᠦ ᠬᠥᠮᠦᠨ ᠦ᠌ ᠦᠢᠯᠡ ᠪᠠᠷᠠᠭᠳᠠᠬᠤ ᠦᠭᠡᠢ
ᠦᠰᠦᠲᠦ ᠠᠳᠠᠰᠬ᠎ᠠ ᠶ᠋ᠢᠨ ᠰᠢᠷᠣᠢ ᠪᠠᠷᠠᠭᠳᠠᠬᠤ ᠦᠭᠡᠢ
 
1991 ᠦᠢᠯᠡ ᠳ᠋ᠦ᠍ ᠤᠷᠠᠨ
ᠦᠭᠡᠨ ᠳ᠋ᠦ᠍ ᠰᠡᠴᠡᠨ
 
1992 ᠦᠢᠯᠡ ᠪᠡᠨ ᠦᠵᠡᠵᠦ
ᠲᠠᠮᠤ ᠪᠠᠨ ᠴᠠᠢᠬᠤ
 
1993 ᠦᠢᠯᠡ ᠪᠡᠷ ᠨᠡᠢᠯᠡᠳᠡᠭ
ᠦᠨᠳᠦᠰᠦ ᠪᠡᠷ ᠤᠷᠭᠤᠳᠠᠭ
 
1994 ᠦᠯᠦ ᠮᠡᠳᠡᠭᠴᠢ ᠬᠥᠮᠦᠨ ᠳ᠋ᠦ᠍
ᠰᠤᠷᠭᠠᠯ ᠬᠡᠷᠡᠭ ᠦᠭᠡᠢ
ᠦᠬᠡᠷ ᠬᠠᠷᠢᠭᠤᠯᠬᠤ ᠬᠥᠮᠦᠨ ᠳ᠋ᠦ᠍
ᠤᠨᠤᠭ᠎ᠠ ᠬᠡᠷᠡᠭ ᠦᠭᠡᠢ
 
1995 ᠦᠯᠢᠭᠡᠷ ᠲᠡᠦᠬᠡ ᠶ᠋ᠢᠨ ᠶᠠᠭᠤᠮ᠎ᠠ
ᠦᠨᠡᠨ ᠲᠡᠢ ᠬᠤᠳᠠᠯ ᠲᠠᠢ
 
1996 ᠦᠯᠢᠭᠡᠷ ᠰᠡᠴᠡᠨ ᠢ᠋ᠶ᠋ᠡᠨ ᠳᠠᠭᠠᠨ᠎ᠠ
ᠦᠬᠡᠷ ᠲᠤᠭᠤᠯ ᠢ᠋ᠶ᠋ᠠᠨ ᠳᠠᠭᠠᠨ᠎ᠠ
 
1997 ᠦᠯᠢᠭᠡᠷ ᠲᠦ᠍ ᠦᠨᠡᠨ ᠤᠴᠢᠷ ᠣᠯᠠᠨ
ᠬᠤᠳᠠᠯ ᠳ᠋ᠤ᠌ ᠬᠤᠯᠠᠭᠠᠢ ᠶ᠋ᠢᠨ ᠤᠳᠬ᠎ᠠ ᠣᠯᠠᠨ
 
1998 ᠦᠯᠡᠳᠡᠬᠦ ᠬᠥᠮᠦᠨ ᠢ᠋ᠶ᠋ᠡᠷ ᠠᠴᠢᠶ᠎ᠠ ᠪᠦᠦ ᠲᠠᠲᠠᠭᠤᠯ
ᠦᠷᠭᠦᠬᠦ ᠮᠣᠷᠢ ᠪᠠᠨ ᠭᠡᠷ ᠡᠴᠡ ᠪᠦᠦ ᠤᠶᠠ
 
1999 ᠦᠨᠳᠦᠰᠦ ᠰᠠᠢᠲᠤ ᠶ᠋ᠢᠨ ᠨᠠᠪᠴᠢ ᠴᠡᠴᠡᠭ ᠶᠡᠬᠡ
ᠦᠨᠡᠨ ᠰᠠᠢᠲᠤ ᠶ᠋ᠢᠨ ᠦᠭᠡ ᠶᠠᠷᠢᠶ᠎ᠠ ᠴᠥᠭᠡᠨ
 
2000 ᠦᠨᠡᠰᠦ ᠶᠡᠬᠡᠳᠡᠪᠡᠯ ᠭᠠᠯ ᠤ᠋ᠨ ᠵᠤᠳ
ᠬᠡᠦᠬᠡᠨ ᠶᠡᠬᠡᠳᠡᠪᠡᠯ ᠭᠡᠷ ᠦ᠋ᠨ ᠵᠤᠳ
 
2001 ᠦᠨᠡᠰᠦ ᠶᠡᠬᠡᠲᠡᠪᠡᠯ ᠲᠤᠯᠭᠠᠨ ᠪᠤᠭ
ᠬᠡᠦᠬᠡᠨ ᠶᠡᠬᠡᠲᠡᠪᠡᠯ ᠭᠡᠷ ᠦ᠋ᠨ ᠪᠤᠭ
 
2002 ᠦᠨᠡᠰᠦ ᠪᠡᠨ ᠭᠠᠷᠭᠠᠭᠰᠠᠨ ᠲᠤᠯᠭ᠎ᠠ ᠴᠡᠮᠴᠡᠭᠡᠷ
ᠦᠰᠦ ᠪᠡᠨ ᠰᠠᠮᠨᠠᠭᠰᠠᠨ ᠠᠪᠠᠭᠠᠢ ᠴᠡᠮᠴᠡᠭᠡᠷ
 
2003 ᠦᠨ᠎ᠡ ᠭᠡᠵᠦ ᠬᠦᠴᠦᠲᠡᠢ
ᠦᠢᠯᠡ ᠭᠡᠵᠦ ᠬᠠᠯᠠ ᠲᠠᠢ
 
2004 ᠦᠨ᠎ᠡ ᠶᠡᠬᠡᠲᠡᠢ ᠴᠢᠯᠠᠭᠤᠨ ᠠ᠋ᠴᠠ
ᠦᠨᠡᠨᠴᠢ ᠨᠥᠬᠥᠷ ᠦᠨᠡᠲᠡᠢ
 
2005 ᠦᠨ᠎ᠡ ᠮᠡᠳᠡᠬᠦ ᠦᠭᠡᠢ ᠪᠠᠢᠵᠤ
ᠦᠨᠡᠭᠡᠨ ᠮᠠᠯᠠᠭᠠᠢ ᠡᠮᠦᠰᠬᠦ
 
2006 ᠦᠨᠡᠭᠡ ᠰᠡᠭᠦᠯ ᠢ᠋ᠶ᠋ᠡᠷ ᠢ᠋ᠶ᠋ᠡᠨ ᠬᠠᠭᠤᠷᠳᠠᠭ
ᠦᠢᠯᠡ ᠯᠠᠢ ᠳᠦᠭᠡᠷᠭᠡ ᠪᠡᠷ ᠢᠷᠡᠳᠡᠭ
 
2007 ᠦᠨᠡᠭᠡ ᠦᠰᠦᠨ ᠳ᠋ᠡᠭᠡᠨ ᠦᠬᠦᠨ᠎ᠡ
ᠬᠥᠮᠦᠨ ᠦᠭᠡᠨ ᠳ᠋ᠡᠭᠡᠨ ᠦᠬᠦᠨ᠎ᠡ
 
2008 ᠦᠨᠡᠭᠡ ᠦᠰᠦ ᠪᠡᠨ ᠤᠨᠠᠭᠠᠪᠠᠴᠤ
ᠴᠢᠬᠢ ᠪᠡᠨ ᠬᠡᠭᠡᠳᠡᠭ ᠦᠭᠡᠢ
ᠦᠨᠡᠨ ᠥᠩᠭᠡᠨ ᠳ᠋ᠡᠭᠡᠨ ᠬᠠᠲᠠᠭᠤ ᠴᠦ᠍
ᠴᠠᠨ᠎ᠠ ᠪᠠᠨ ᠠᠯᠳᠠᠬᠤ ᠦᠭᠡᠢ
 
2009 ᠦᠨᠡᠭᠡᠨ ᠦᠭᠡ ᠪᠡᠷ ᠲᠥᠷᠥ ᠪᠠᠷᠢᠬᠤ
ᠦᠬᠡᠷ ᠲᠡᠷᠭᠡ ᠪᠡᠷ ᠦᠨᠡᠭᠡ ᠭᠦᠢᠴᠡᠬᠦ
 
2010 ᠦᠨᠡᠭᠡᠨ ᠬᠠᠷᠠᠩᠭᠤᠢ ᠥᠩᠭᠡᠷᠡᠪᠡᠯ
ᠦᠷ ᠴᠠᠢᠬᠤ ᠬᠣᠯᠠ ᠦᠭᠡᠢ
 
2011 ᠦᠨᠡᠭᠡᠨ ᠳ᠋ᠦ᠍ ᠳᠤᠷᠠᠯᠠᠵᠤ ᠮᠣᠷᠢ ᠪᠠᠨ
ᠴᠢᠮᠤᠭᠡᠨ ᠳ᠋ᠦ᠍ ᠳᠤᠷᠠᠯᠠᠵᠤ ᠬᠢᠲᠤᠭ᠎ᠠ ᠪᠠᠨ
 
2912 ᠦᠨᠡᠨ ᠪᠠᠢᠭᠠᠳ ᠵᠥᠪ ᠢ᠋ᠶ᠋ᠡᠨ ᠣᠯᠬᠤ ᠦᠭᠡᠢ
ᠦᠭᠡ ᠪᠠᠢᠭᠠᠳ ᠬᠡᠯᠡᠬᠦ ᠭᠠᠵᠠᠷ ᠦᠭᠡᠢ
 
2013 ᠦᠨᠡᠨ ᠭᠡᠭᠴᠢ ᠲᠦᠮᠡᠨ ᠰᠠᠢᠨ ᠤ᠋ ᠦᠨᠳᠦᠰᠦ
ᠬᠤᠳᠠᠯ ᠭᠡᠭᠴᠢ ᠲᠦᠮᠡᠨ ᠮᠠᠭᠤ ᠶ᠋ᠢᠨ ᠲᠤᠢᠯ
 
2014 ᠦᠨᠡᠨ ᠮᠡᠷᠭᠡᠳ ᠮᠡᠳᠡᠵᠦ ᠬᠢᠨ᠎ᠡ
ᠥᠴᠦᠬᠡᠨ ᠤᠬᠠᠭᠠᠨᠲᠠᠨ ᠳᠠᠭᠤᠷᠢᠶᠠᠵᠤ ᠬᠢᠨ᠎ᠡ
 
2015 ᠦᠨᠡᠨ ᠰᠠᠢᠨ ᠬᠥᠮᠦᠨ ᠦ᠌ ᠰᠡᠳᠬᠢᠯ ᠦᠯᠦ ᠠᠮᠠᠷᠠᠬᠤ
ᠤᠷᠠᠨ ᠰᠠᠢᠨ ᠡᠮ᠎ᠡ ᠶ᠋ᠢᠨ ᠭᠠᠷ ᠦᠯᠦ ᠠᠮᠠᠷᠠᠬᠤ
 
2016 ᠦᠨᠡᠨ ᠰᠠᠨᠠᠭᠠᠨ ᠠ᠋ᠴᠠ ᠪᠤᠤ ᠬᠣᠯᠠᠳᠠ
ᠦᠨᠡᠨᠴᠢ ᠶᠠᠪᠤᠳᠠᠯ ᠢ᠋ ᠪᠤᠤ ᠮᠠᠷᠲᠠ
 
2017 ᠦᠨᠡᠨ ᠰᠡᠳᠬᠢᠯ ᠥᠯᠵᠡᠢ ᠶ᠋ᠢᠨ ᠡᠭᠦᠰᠦᠯ
ᠰᠠᠢᠨ ᠰᠠᠨᠠᠭ᠎ᠠ ᠰᠡᠳᠬᠢᠯ ᠦ᠋ᠨ ᠡᠬᠡ
 
2018 ᠦᠨᠡᠨ ᠦᠭᠡ ᠠᠷᠰᠯᠠᠨ ᠠ᠋ᠴᠠ ᠬᠦᠴᠦᠲᠡᠢ
ᠦᠨᠡᠨᠴᠢ ᠦᠭᠡ ᠠᠯᠲᠠᠨ ᠠ᠋ᠴᠠ ᠦᠨᠡᠲᠡᠢ
 
2019 ᠦᠨᠡᠨ ᠦᠭᠡ ᠤᠷᠢᠳᠤ ᠪᠠᠨ ᠴᠣᠭᠲᠠᠢ
ᠬᠤᠳᠠᠯ ᠦᠭᠡ ᠬᠣᠢᠨ᠎ᠠ ᠪᠠᠨ ᠴᠣᠭᠲᠠᠢ
 
2020 ᠦᠨᠡᠨ ᠦᠭᠡ ᠲᠤᠰᠠ ᠬᠦᠷᠭᠡᠨ᠎ᠡ
ᠬᠤᠳᠠᠯ ᠦᠭᠡ ᠬᠣᠣᠷ ᠬᠦᠷᠭᠡᠨ᠎ᠡ
 
2021 ᠦᠨᠡᠨ ᠦᠭᠡ ᠬᠠᠲᠠᠭᠤ ᠪᠣᠯᠪᠠᠴᠤ
ᠬᠡᠳᠦ ᠶ᠋ᠢᠨ ᠠᠮᠢᠳᠤᠷᠠᠯ ᠳ᠋ᠤ᠌ ᠲᠤᠰᠠᠲᠠᠢ
ᠳᠠᠪᠤᠰᠤ ᠱᠣᠷᠪᠣᠭ ᠪᠣᠯᠪᠠᠴᠤ
ᠢᠳᠡᠭᠡᠨ ᠦ᠌ ᠠᠮᠲᠠᠨ ᠳ᠋ᠤ᠌ ᠨᠠᠢᠷᠲᠠᠢ
 
2022 ᠦᠨᠡᠨ ᠦᠭᠡ ᠬᠡᠯᠡᠭᠰᠡᠨ ᠬᠥᠮᠦᠨ ᠳ᠋ᠦ᠍
ᠬᠥᠮᠦᠨ ᠥᠰᠢᠶ᠎ᠡ ᠲᠡᠢ
ᠥᠨᠳᠥᠷ ᠮᠣᠳᠣ ᠪᠠᠷᠢᠭᠰᠠᠨ ᠬᠥᠮᠦᠨ ᠳ᠋ᠦ᠍
ᠨᠣᠬᠠᠢ ᠥᠰᠢᠶ᠎ᠡ ᠲᠡᠢ
 
2023 ᠦᠨᠡᠨ ᠦᠭᠡ ᠴᠢᠬᠢᠨ ᠳ᠋ᠦ᠍ ᠬᠠᠲᠠᠭᠤ
ᠦᠬᠡᠷ ᠦ᠋ᠨ ᠰᠢᠯᠢ ᠰᠢᠳᠦᠨ ᠳ᠋ᠦ᠍ ᠬᠠᠲᠠᠭᠤ
 
2024 ᠦᠨᠡᠨ ᠦᠭᠡ ᠰᠢᠷ᠎ᠠ ᠲᠣᠰᠣ
ᠬᠤᠳᠠᠯ ᠦᠭᠡ ᠬᠠᠷ᠎ᠠ ᠤᠰᠤ
 
2025 ᠦᠨᠡᠨ ᠦᠭᠡᠨ ᠦ᠌
ᠦᠵᠦᠭᠦᠷ ᠰᠢᠷᠦᠭᠦᠨ
 
2026 ᠦᠨᠡᠨ ᠦᠭᠡᠲᠡᠨ ᠣᠮᠣᠭᠳᠠᠨ ᠳ᠋ᠤ᠌ ᠲᠣᠭᠠᠴᠠᠭᠳᠠᠵᠤ
ᠪᠠᠰᠢᠷ ᠦᠭᠡᠲᠡᠨ ᠰᠡᠴᠡᠨ ᠦ᠌ ᠰᠠᠭᠤᠳᠠᠯ ᠳ᠋ᠤ᠌ ᠰᠠᠭᠤᠬᠤ
 
2027 ᠦᠨᠡᠨ ᠦᠭᠡ ᠪᠡᠨ ᠨᠢᠭᠤᠵᠤ
ᠦᠨᠡᠭᠡᠨ ᠪᠠᠴᠢ ᠪᠠᠨ ᠭᠠᠷᠭᠠᠬᠤ
 
2028 ᠦᠨᠡᠨ ᠦᠭᠡ ᠪᠡᠷ ᠬᠡᠷᠡᠭ ᠢ᠋ᠶ᠋ᠡᠨ ᠪᠦᠲᠦᠭᠡ
ᠥᠷᠦᠪᠴᠢ ᠰᠡᠳᠬᠢᠯ ᠢ᠋ᠶ᠋ᠡᠷ ᠪᠤᠰᠤᠳ ᠢ᠋ ᠡᠨᠡᠷᠢ
 
2029 ᠦᠨᠡᠨ ᠬᠤᠳᠠᠯ ᠬᠣᠶᠠᠷ
ᠳᠥᠷᠪᠡᠨ ᠬᠤᠷᠤᠭᠤ ᠵᠠᠢᠲᠠᠢ
 
2030 ᠦᠨᠡᠨ ᠬᠤᠳᠠᠯ ᠬᠣᠶᠠᠷ
ᠦᠬᠡᠷ ᠴᠢᠨᠣ᠎ᠠ ᠬᠣᠶᠠᠷ
 
2031 ᠦᠨᠡᠨ ᠶᠠᠭᠤᠮ᠎ᠠ ᠤᠰᠤᠨ ᠳ᠋ᠤ᠌ ᠴᠦ᠍ ᠵᠢᠪᠳᠡᠭ ᠦᠭᠡᠢ
ᠭᠠᠯ ᠳ᠋ᠤ᠌ ᠴᠦ᠍ ᠰᠢᠲᠠᠳᠠᠭ ᠦᠭᠡᠢ

2032 ᠦᠨᠡᠨ ᠶᠠᠭᠤᠮ᠎ᠠ ᠦᠨᠡᠨ ᠳ᠋ᠡᠭᠡᠨ ᠰᠠᠢᠬᠠᠨ
ᠦᠨᠡᠭᠡᠨ ᠮᠠᠯᠠᠭᠠᠢ ᠡᠪᠦᠯ ᠳ᠋ᠡᠭᠡᠨ ᠰᠠᠢᠬᠠᠨ
 
2033 ᠦᠨᠡᠨ ᠶᠠᠭᠤᠮ᠎ᠠ ᠦᠨᠡᠲᠡᠢ
ᠪᠤᠷᠤᠭᠤ ᠶᠠᠭᠤᠮ᠎ᠠ ᠪᠤᠯᠢᠬᠠᠢ ᠲᠠᠢ
 
2034 ᠦᠨᠡᠨ ᠦ᠌ ᠬᠡᠯᠡ ᠰᠢᠷᠦᠭᠦᠨ
ᠬᠤᠳᠠᠯ ᠤ᠋ᠨ ᠬᠡᠯᠡ ᠵᠥᠭᠡᠯᠡᠨ
 
2035 ᠦᠨᠡᠨ ᠢ᠋ ᠮᠥᠩᠭᠥ ᠳᠠᠷᠤᠵᠤ
ᠡᠪᠡᠰᠦ ᠶ᠋ᠢ ᠴᠠᠰᠤ ᠳᠠᠷᠤᠬᠤ
 
2036 ᠦᠨᠡᠨ ᠢ᠋ ᠣᠯᠤᠭᠴᠢ ᠬᠠᠤᠯᠢ
ᠦᠶ᠎ᠡ ᠶ᠋ᠢ ᠣᠯᠤᠭᠴᠢ ᠬᠢᠲᠤᠭ᠎ᠠ
 
2037 ᠦᠨᠡᠨ ᠢ᠋ ᠬᠡᠯᠡᠪᠡᠯ ᠦᠰᠦ ᠴᠠᠢᠬᠤ
ᠬᠤᠳᠠᠯ ᠢ᠋ ᠬᠡᠯᠡᠪᠡᠯ ᠬᠣᠰᠢᠭᠤ ᠴᠠᠢᠬᠤ
 
2038 ᠦᠨᠡᠨᠴᠢ ᠨᠥᠬᠥᠷ ᠮᠢᠩᠭ᠎ᠠ ᠪᠣᠯᠪᠠᠴᠤ ᠢᠯᠡᠭᠦᠳᠡᠬᠦ ᠦᠭᠡᠢ
ᠥᠰᠢᠶᠡᠲᠡᠨ ᠭᠠᠭᠴᠠ ᠪᠣᠯᠪᠠᠴᠤ ᠴᠥᠭᠡᠳᠡᠬᠦ ᠦᠭᠡᠢ
 
2039 ᠦᠨᠡᠨᠴᠢ ᠰᠡᠳᠬᠢᠯ ᠳ᠋ᠦ᠍
ᠦᠬᠡᠷ ᠴᠢᠯᠠᠭᠤ ᠴᠦ᠍ ᠤᠶᠠᠷᠠᠳᠠᠭ
 
2040 ᠦᠨᠡᠨᠴᠢ ᠬᠥᠮᠦᠨ ᠡᠭᠦᠳᠡᠨ ᠳ᠋ᠦ᠍
ᠬᠤᠳᠠᠯᠴᠢ ᠬᠥᠮᠦᠨ ᠬᠣᠢᠮᠣᠷ ᠲᠤ
 
2041 ᠦᠨᠡᠨᠴᠢ ᠶᠠᠪᠤᠪᠠᠯ
ᠡᠭᠦᠷᠢᠳᠡ ᠬᠦᠨᠳᠦᠲᠡᠢ
 
2042 ᠦᠨᠡᠨ ᠢ᠋ᠶ᠋ᠡᠨ ᠬᠡᠯᠡᠵᠦ
ᠦᠵᠡᠭᠰᠡᠨ ᠢ᠋ᠶ᠋ᠡᠨ ᠲᠣᠭᠠᠴᠢᠬᠤ
 
2043 ᠦᠨᠡᠨ ᠢ᠋ᠶ᠋ᠡᠷ ᠶᠠᠪᠤᠭᠴᠢᠳ ᠢ᠋ ᠡᠷᠭᠦᠵᠦ ᠬᠥᠭᠵᠢᠭᠡᠬᠦ
ᠦᠨᠡᠨ ᠭᠡᠮᠲᠦ ᠬᠥᠮᠦᠨ ᠢ᠋ ᠭᠡᠰᠬᠡᠵᠦ ᠵᠠᠰᠠᠬᠤ
 
2044 ᠦᠨᠡᠨ ᠢ᠋ᠶ᠋ᠡᠷ ᠶᠠᠪᠤᠪᠠᠯ ᠦᠰᠦ ᠴᠠᠢᠵᠤ
ᠬᠤᠳᠠᠯ ᠢ᠋ᠶ᠋ᠠᠷ ᠶᠠᠪᠤᠪᠠᠯ ᠶᠠᠰᠤ ᠴᠠᠢᠨ᠎ᠠ
 
2045 ᠦᠨᠡᠨ ᠢ᠋ᠶ᠋ᠡᠷ ᠶᠠᠪᠤᠪᠠᠯ
ᠦᠬᠡᠷ ᠲᠡᠷᠭᠡ ᠪᠡᠷ ᠲᠠᠤᠯᠠᠢ ᠭᠦᠢᠴᠡᠨ᠎ᠡ
 
2046 ᠦᠨᠡᠲᠦ ᠡᠷᠳᠡᠨᠢ ᠭᠠᠵᠠᠷ ᠠ᠋ᠴᠠ
ᠥᠩᠭᠡᠲᠦ ᠣᠳᠣ ᠲᠩᠷᠢ ᠡᠴᠡ
 
2047 ᠦᠨᠢᠶ᠎ᠡ ᠨᠢ ᠬᠠᠷ᠎ᠠ ᠪᠣᠯᠪᠠᠴᠤ
ᠰᠦ ᠨᠢ ᠴᠠᠭᠠᠨ
 
2048 ᠦᠨᠢᠶᠡᠨ ᠦ᠌ ᠰᠢᠮ᠎ᠡ ᠠᠷᠪᠢᠨ
ᠬᠣᠨᠢᠨ ᠤ᠋ ᠠᠰᠢᠭ ᠦᠯᠡᠮᠵᠢ
 
2049 ᠦᠷ᠎ᠡ ᠡᠪᠦᠷ ᠲᠦ᠍ ᠠᠰᠠᠳᠠᠭ
ᠦᠭᠡ ᠵᠢᠷᠦᠬᠡᠨ ᠳ᠋ᠦ᠍ ᠠᠰᠠᠳᠠᠭ
 
2050 ᠦᠷ᠎ᠡ ᠥᠰᠴᠦ ᠡᠷ᠎ᠡ ᠪᠣᠯᠬᠤ
ᠦᠷᠢᠶ᠎ᠡ ᠥᠰᠴᠦ ᠬᠦᠯᠦᠭ ᠪᠣᠯᠬᠤ
 
2051 ᠦᠷ᠎ᠡ ᠬᠡᠦᠬᠡᠳ ᠡᠴᠡ ᠪᠡᠨ ᠬᠥᠨᠳᠡᠢᠷᠡᠪᠡᠯ
ᠥᠲᠡᠯᠬᠦ ᠦᠶ᠎ᠡ ᠳ᠋ᠡᠭᠡᠨ ᠵᠣᠪᠠᠨ᠎ᠠ
 
2052 ᠦᠷ᠎ᠡ ᠦᠭᠡᠢ ᠪᠣᠯ ᠥᠰᠬᠦ ᠦᠭᠡᠢ
ᠦᠨᠳᠦᠰᠦ ᠦᠭᠡᠢ ᠪᠣᠯ ᠤᠷᠭᠤᠬᠤ ᠦᠭᠡᠢ
 
2053 ᠦᠷ᠎ᠡ ᠦᠭᠡᠢ ᠬᠥᠮᠦᠨ ᠪᠠᠢᠳᠠᠭ ᠦᠭᠡᠢ
ᠦᠨᠳᠦᠰᠦ ᠦᠭᠡᠢ ᠴᠡᠴᠡᠭ ᠪᠠᠢᠳᠠᠭ ᠦᠭᠡᠢ
 
2054 ᠦᠷ᠎ᠡ ᠦᠭᠡᠢ ᠬᠥᠮᠦᠨ ᠦ᠌ ᠨᠢᠳᠦ ᠨᠣᠢᠲᠠᠨ
ᠦᠷ᠎ᠡ ᠲᠡᠢ ᠬᠥᠮᠦᠨ ᠦ᠌ ᠡᠪᠦᠷ ᠨᠣᠢᠲᠠᠨ
 
2055 ᠥᠷᠡᠵᠦ ᠰᠦᠢᠳᠬᠡᠬᠦ ᠳ᠋ᠦ᠍ ᠬᠢᠯᠪᠠᠷ
ᠦᠢᠯᠡᠳᠴᠦ ᠪᠦᠲᠦᠭᠡᠬᠦ ᠳ᠋ᠦ᠍ ᠪᠡᠷᠬᠡ
 
2056 ᠦᠷ᠎ᠡ ᠶ᠋ᠢ ᠨᠢ ᠠᠪᠤᠭᠠᠳ
ᠡᠬᠡ ᠶ᠋ᠢ ᠨᠢ ᠭᠡᠭᠡᠬᠦ
 
2057 ᠦᠷᠡᠲᠦ ᠬᠥᠮᠦᠨ
ᠬᠥᠮᠦᠨ ᠦ᠌ ᠦᠷ᠎ᠡ ᠶ᠋ᠢ ᠬᠠᠷᠢᠶᠠᠳᠠᠭ ᠦᠭᠡᠢ
 
2058 ᠦᠷᠡᠲᠦ ᠬᠥᠮᠦᠨ ᠦᠷ᠎ᠡ ᠪᠡᠷ ᠢ᠋ᠶ᠋ᠡᠨ ᠵᠦᠢᠷᠯᠡ
ᠪᠡᠶᠡᠲᠦ ᠬᠥᠮᠦᠨ ᠪᠡᠶ᠎ᠡ ᠪᠡᠷ ᠢ᠋ᠶ᠋ᠡᠨ ᠵᠦᠢᠷᠯᠡ
 
2059 ᠦᠷ᠎ᠡ ᠲᠡᠢ ᠬᠥᠮᠦᠨ ᠵᠤᠯᠠ
ᠦᠷ᠎ᠡ ᠦᠭᠡᠢ ᠬᠥᠮᠦᠨ ᠤᠯᠠ
 
2060 ᠦᠷ᠎ᠡ ᠲᠡᠢ ᠬᠥᠮᠦᠨ ᠦᠳᠡᠵᠦ ᠠᠮᠠᠷᠠᠳᠠᠭ
ᠡᠪᠡᠳᠴᠢᠲᠡᠢ ᠬᠥᠮᠦᠨ ᠡᠳᠡᠭᠡᠵᠦ ᠠᠮᠠᠷᠠᠳᠠᠭ
 
2061 ᠦᠷ᠎ᠡ ᠲᠡᠢ ᠬᠥᠮᠦᠨ ᠱᠤᠤᠭᠢᠳᠠᠭ
ᠦᠨᠳᠦᠰᠦ ᠲᠡᠢ ᠮᠣᠳᠣ ᠨᠠᠢᠭᠤᠳᠠᠭ
 
2062 ᠦᠷᠦᠬᠦ ᠦᠭᠡᠢ ᠪᠣᠯ ᠬᠤᠷᠴᠠ ᠪᠣᠯᠳᠠᠭ ᠦᠭᠡᠢ
ᠬᠡᠯᠡᠬᠦ ᠦᠭᠡᠢ ᠪᠣᠯ ᠰᠡᠴᠡᠨ ᠪᠣᠯᠳᠠᠭ ᠦᠭᠡᠢ
 
2063 ᠦᠷ᠎ᠡ ᠪᠡᠨ ᠭᠡᠪᠡᠯ ᠰᠤᠷᠭᠠᠵᠤ ᠪᠠᠢ
ᠮᠣᠷᠢ ᠪᠠᠨ ᠭᠡᠪᠡᠯ ᠢᠳᠡᠭᠦᠯᠵᠦ ᠪᠠᠢ
 
2064 ᠦᠷᠢᠶ᠎ᠡ ᠳᠠᠭ᠎ᠠ ᠥᠰᠴᠦ ᠤᠨᠤᠭ᠎ᠠ ᠵᠠᠯᠭᠠᠬᠤ
ᠦᠷ᠎ᠡ ᠬᠡᠦᠬᠡᠳ ᠪᠣᠢᠵᠢᠵᠤ ᠡᠷᠦᠬᠡ ᠵᠠᠯᠭᠠᠮᠵᠢᠯᠠᠬᠤ
 
2065 ᠦᠷᠢᠶ᠎ᠡ ᠳᠠᠭ᠎ᠠ ᠨᠢ ᠲᠠᠨᠢᠭᠳᠠᠬᠤ ᠦᠭᠡᠢ
ᠥᠩᠭᠡ ᠵᠢᠰᠦ ᠨᠢ ᠢᠯᠭᠠᠭᠳᠠᠬᠤ ᠦᠭᠡᠢ
 
2066 ᠦᠷᠢᠶ᠎ᠡ ᠮᠣᠷᠢ ᠢᠵᠢᠯᠢ ᠪᠡᠨ ᠣᠯᠬᠤ
ᠦᠷ᠎ᠡ ᠬᠡᠦᠬᠡᠳ ᠬᠠᠨᠢ ᠪᠠᠨ ᠣᠯᠬᠤ
 
2067 ᠦᠷᠢᠶ᠎ᠡ ᠮᠣᠷᠢᠨ ᠤ᠋ ᠪᠠᠨ ᠬᠤᠷᠳᠤᠨ ᠢ᠋ ᠦᠵᠡᠬᠦ
ᠦᠷ᠎ᠡ ᠬᠡᠦᠬᠡᠳ ᠦ᠋ᠨ ᠢ᠋ᠶ᠋ᠡᠨ ᠰᠠᠢᠨ ᠢ᠋ ᠬᠠᠷᠠᠬᠤ
 
2068 ᠦᠷ᠎ᠡ ᠪᠡᠨ ᠬᠥᠮᠦᠨ ᠪᠣᠯᠭᠠᠵᠤ
ᠦᠷᠢᠶ᠎ᠡ ᠪᠡᠨ ᠮᠣᠷᠢ ᠪᠣᠯᠭᠠᠬᠤ
 
2069 ᠦᠷ᠎ᠡ ᠪᠡᠷ ᠪᠠᠶᠠᠨ ᠡᠭᠦᠳᠡᠨ ᠳ᠋ᠦ᠍
ᠦᠬᠡᠷ ᠢ᠋ᠶ᠋ᠡᠷ ᠪᠠᠶᠠᠨ ᠬᠣᠢᠮᠣᠷ ᠲᠤ
 
2070 ᠦᠰᠦᠨ ᠦ᠌ ᠬᠠᠷ᠎ᠠ ᠨᠢ
ᠰᠢᠳᠦᠨ ᠦ᠌ ᠴᠠᠭᠠᠨ ᠨᠢ
 
2071 ᠦᠰᠦᠲᠡᠢ ᠳᠡᠪᠡᠯ ᠬᠦᠢᠲᠡᠨ ᠳ᠋ᠦ᠍
ᠦᠨᠡᠨ ᠦᠭᠡ ᠲᠦᠮᠡᠨ ᠳ᠋ᠦ᠍
 
2072 ᠦᠰᠦᠨ ᠲᠡᠳᠦᠢ ᠡᠨᠳᠡᠭᠦᠷᠡᠯ ᠡᠴᠡ
ᠦᠬᠡᠷ ᠦ᠋ᠨ ᠴᠢᠨᠡᠭᠡ ᠬᠡᠷᠡᠭ ᠭᠠᠷᠤᠨ᠎ᠠ
 
2073 ᠡᠭᠦᠳᠡ ᠮᠠᠨᠠᠬᠤ ᠬᠦᠦ ᠲᠡᠢ
ᠤᠷᠤᠭ ᠲᠡᠯᠡᠬᠦ ᠬᠡᠦᠬᠡᠨ ᠲᠡᠢ
 
2074 ᠡᠭᠦᠯᠡᠨ ᠡᠴᠡ ᠪᠣᠷᠣᠭ᠎ᠠ
ᠡᠪᠡᠳᠴᠢᠨ ᠡᠴᠡ ᠦᠬᠦᠯ
 
2075 ᠡᠭᠦᠯᠡ ᠶᠡᠬᠡᠲᠦ ᠪᠣᠷᠣᠭ᠎ᠠ ᠦᠭᠡᠢ
ᠡᠭᠦᠳᠡ ᠰᠠᠢᠲᠤ ᠬᠣᠪ ᠦᠭᠡᠢ
 
2076 ᠡᠭᠦᠯᠡ ᠮᠠᠨᠠᠨ ᠰᠠᠯᠬᠢ ᠳᠠᠭᠠᠭᠠᠬᠤ ᠦᠭᠡᠢ
ᠥᠷᠯᠥᠭᠡᠨ ᠦ᠌ ᠰᠢᠭᠦᠳᠡᠷᠢ ᠨᠠᠷᠠ ᠳᠠᠭᠠᠭᠠᠬᠤ ᠦᠭᠡᠢ
 
2077 ᠡᠭᠦᠯᠡ ᠨᠠᠷᠠ ᠶ᠋ᠢ ᠬᠠᠭᠠᠬᠤ
ᠦᠢᠯᠡ ᠶ᠋ᠢᠨ ᠦᠷ᠎ᠡ ᠪᠤᠶᠠᠨ ᠢ᠋ ᠬᠠᠭᠠᠬᠤ
 
2078 ᠡᠭᠦᠯᠡ ᠬᠤᠷᠠᠪᠠᠯ ᠬᠤᠷ᠎ᠠ
ᠬᠥᠮᠦᠨ ᠬᠤᠷᠠᠯᠳᠤᠪᠠᠯ ᠬᠦᠴᠦ
 
2079 ᠡᠭᠦᠯᠡ ᠦᠭᠡᠢ ᠡᠳᠦᠷ ᠴᠡᠯᠮᠡᠭ
ᠡᠪᠡᠳᠴᠢᠨ ᠦᠭᠡᠢ ᠪᠡᠶ᠎ᠡ ᠰᠠᠷᠠᠭᠤᠯᠬᠠᠨ
 
2080 ᠡᠭᠦᠯᠡᠨ ᠡᠴᠡ ᠪᠣᠷᠣᠭ᠎ᠠ
ᠦᠨᠡᠨ ᠡᠴᠡ ᠵᠥᠪ
 
2081 ᠡᠭᠦᠯᠡ ᠲᠡᠢ ᠵᠤᠨ ᠡᠪᠡᠰᠦᠨ ᠳ᠋ᠦ᠍ ᠰᠠᠢᠨ
ᠨᠠᠷᠠ ᠲᠠᠢ ᠡᠳᠦᠷ ᠨᠠᠮᠤᠷ ᠲᠠᠭᠠᠨ ᠰᠠᠢᠨ
 
2082 ᠦᠦᠷ(ᠦᠷ) ᠴᠡᠢᠪᠡᠯ ᠡᠳᠦᠷ ᠪᠣᠯᠬᠤ ᠶ᠋ᠢᠨ ᠲᠡᠮᠳᠡᠭ
ᠡᠪᠡᠰᠦ ᠴᠠᠢᠪᠠᠯ ᠨᠠᠮᠤᠷ ᠪᠣᠯᠬᠤ ᠶ᠋ᠢᠨ ᠲᠡᠮᠳᠡᠭ
 
2083 ᠦᠦᠷ(ᠦᠷ) ᠴᠠᠢᠭᠰᠠᠨ ᠬᠣᠢᠨ᠎ᠠ
ᠥᠨᠳᠥᠷ ᠴᠠᠭᠠᠨ ᠮᠠᠨᠠᠭᠤᠬᠠᠢ ᠪᠣᠰᠬᠠᠬᠤ
 
2084 ᠦᠦᠷ (ᠦᠷ) ᠴᠠᠢᠭᠰᠠᠨ ᠬᠣᠢᠨ᠎ᠠ
ᠠᠩ ᠪᠣᠳᠣᠭᠰᠠᠨ ᠤ᠋ ᠬᠡᠷᠡᠭ ᠦᠭᠡᠢ
ᠡᠭᠦᠳᠡᠨ ᠰᠢᠲᠦ ᠤᠨᠠᠭᠰᠠᠨ ᠤ᠋ ᠬᠣᠢᠨ᠎ᠠ
ᠵᠠᠯᠠᠭᠤ ᠭᠡᠰᠡᠨ ᠦ᠌ ᠬᠡᠷᠡᠭ ᠦᠭᠡᠢ
 
2085 ᠡᠭᠦᠷᠬᠦ ᠬᠡᠷᠡᠭ ᠢ᠋
ᠦᠬᠦᠭᠰᠡᠨ ᠬᠥᠮᠦᠨ ᠳᠡᠭᠡᠷ᠎ᠡ
 
2086 ᠡᠭᠦᠰᠬᠡᠯ ᠪᠠᠢᠪᠠᠯ
ᠲᠡᠭᠦᠰᠬᠡᠯ ᠪᠣᠢ
 
2087 ᠡᠭᠦᠰᠦᠭᠰᠡᠨ ᠰᠢᠷᠬ᠎ᠠ ᠡᠳᠡᠭᠡᠷᠡᠳᠡᠭ
ᠦᠭᠡᠨ ᠦ᠌ ᠰᠢᠷᠬ᠎ᠠ ᠡᠳᠡᠭᠡᠷᠡᠬᠦ ᠦᠭᠡᠢ
 
2088 ᠲᠤᠭᠤᠯ ᠡᠬᠡ ᠪᠡᠨ ᠳᠠᠭᠠᠳᠠᠭ
ᠦᠨᠡᠨ ᠦᠭᠡ ᠵᠦᠢ ᠪᠡᠨ ᠳᠠᠭᠠᠳᠠᠭ
 
2089 ᠦᠬᠡᠷ ᠦ᠋ᠨ ᠡᠪᠡᠷ ᠳᠡᠭᠡᠷ᠎ᠡ ᠭᠠᠷᠤᠭᠰᠠᠨ ᠰᠢᠷᠭᠤᠯᠵᠢ
ᠠᠭᠤᠯᠠᠨ ᠳᠡᠭᠡᠷ᠎ᠡ ᠭᠠᠷᠤᠯ᠎ᠠ ᠭᠡᠵᠦ ᠪᠠᠶᠠᠷᠯᠠᠬᠤ
 
2090 ᠦᠬᠦᠭᠰᠡᠨ ᠪᠤᠤᠷ᠎ᠠ ᠶ᠋ᠢᠨ ᠲᠣᠯᠣᠭᠠᠢ ᠠ᠋ᠴᠠ
ᠠᠮᠢᠳᠤ ᠠᠳᠠ ᠠᠶᠤᠨ᠎ᠠ
 
2091 ᠦᠬᠦᠭᠰᠡᠨ ᠨᠢ ᠦᠢᠯᠡ ᠪᠡᠨ
ᠠᠮᠢᠳᠤ ᠨᠢ ᠠᠵᠢᠯ ᠢ᠋ᠶ᠋ᠠᠨ
 
2092 ᠦᠬᠦᠭᠰᠡᠨ ᠬᠣᠢᠨ᠎ᠠ ᠨᠢ ᠡᠮ ᠠᠪᠴᠤ
ᠠᠷᠢᠯᠤᠭᠰᠠᠨ ᠬᠣᠢᠨ᠎ᠠ ᠨᠢ ᠠᠷᠭ᠎ᠠ ᠣᠯᠬᠤ
 
2093 ᠦᠬᠦᠭᠰᠡᠨ ᠬᠥᠮᠦᠨ ᠵᠢᠷᠭᠠᠯ ᠲᠠᠢ
ᠦᠯᠡᠳᠡᠭᠰᠡᠨ ᠬᠥᠮᠦᠨ ᠵᠣᠪᠠᠯᠠᠩ ᠲᠠᠢ
 
2094 ᠦᠬᠦᠭᠰᠡᠨ ᠬᠥᠮᠦᠨ ᠳ᠋ᠦ᠍ ᠨᠠᠷᠠ ᠬᠣᠯᠠ
ᠡᠴᠡᠭᠰᠡᠨ ᠮᠣᠷᠢᠨ ᠳ᠋ᠤ᠌ ᠭᠠᠵᠠᠷ ᠬᠣᠯᠠ
 
2095 ᠦᠬᠦᠭᠰᠡᠨ ᠢ᠋ ᠱᠣᠭᠯᠠᠳᠠᠭ ᠦᠭᠡᠢ
ᠦᠶᠡᠷᠬᠡᠭᠰᠡᠨ ᠢ᠋ ᠮᠠᠭᠤᠯᠠᠳᠠᠭ ᠦᠭᠡᠢ
 
2096 ᠦᠬᠡᠷ ᠢᠳᠡᠭᠰᠡᠨ ᠢ᠋ᠶ᠋ᠡᠨ ᠬᠡᠪᠢᠳᠡᠭ
ᠬᠥᠮᠦᠨ ᠰᠤᠷᠤᠭᠰᠠᠨ ᠢ᠋ᠶ᠋ᠠᠨ ᠳᠠᠪᠲᠠᠳᠠᠭ
 
2097 ᠦᠬᠡᠷ ᠬᠡᠯᠡᠨ ᠦ᠌ ᠪᠡᠨ ᠤᠭ ᠢ᠋ᠶ᠋ᠠᠷ
ᠡᠪᠡᠰᠦ ᠣᠷᠢᠶᠠᠳᠠᠭ
ᠬᠣᠪᠴᠢ ᠬᠡᠯᠡᠨ ᠦ᠌ ᠪᠡᠨ ᠤᠷᠲᠤ ᠪᠠᠷ
ᠲᠣᠯᠣᠭᠠᠢ ᠪᠠᠨ ᠣᠷᠢᠶᠠᠳᠠᠭ
 
2098 ᠦᠬᠦᠬᠦ ᠬᠥᠮᠦᠨ ᠰᠠᠢᠨ ᠡᠮᠴᠢ ᠡᠴᠡ ᠤᠢᠳᠬᠤ
ᠦᠭᠡᠢᠷᠡᠬᠦ ᠬᠥᠮᠦᠨ ᠰᠠᠢᠨ ᠨᠣᠬᠠᠢ ᠠ᠋ᠴᠠ ᠤᠢᠳᠬᠤ
 
2099 ᠦᠬᠦᠬᠦ ᠬᠥᠮᠦᠨ ᠳ᠋ᠦ᠍ ᠦᠭᠡ ᠪᠦᠦ ᠬᠡᠯᠡ
ᠤᠨᠲᠠᠬᠤ ᠬᠥᠮᠦᠨ ᠳ᠋ᠦ᠍ ᠤᠰᠤ ᠪᠦᠦ ᠥᠭ
 
2100 ᠦᠬᠦᠬᠦ ᠬᠥᠮᠦᠨ ᠦ᠌ ᠨᠢᠳᠦ ᠬᠤᠷᠴᠠ
ᠦᠭᠡᠢᠷᠡᠬᠦ ᠬᠥᠮᠦᠨ ᠦ᠌ ᠰᠢᠳᠦ ᠬᠤᠷᠴᠠ
 
2101 ᠦᠬᠦᠬᠦ ᠬᠥᠮᠦᠨ ᠦ᠌ ᠦᠭᠡ ᠶ᠋ᠢ ᠠᠪᠳᠠᠭ
ᠦᠬᠦᠭᠰᠡᠨ ᠮᠠᠯ ᠤ᠋ᠨ ᠬᠦᠵᠦᠭᠦᠪᠴᠢ ᠶ᠋ᠢ ᠠᠪᠳᠠᠭ ᠦᠭᠡᠢ
 
2102 ᠦᠬᠦᠬᠦ ᠡᠷᠪᠡᠬᠡᠢ
ᠳ᠋ᠧᠩ ᠦ᠋ᠨ ᠵᠦᠭ ᠲᠡᠮᠡᠦᠯᠳᠡᠭ
 
2103 ᠦᠬᠦᠬᠦ ᠳ᠋ᠦ᠍ ᠦᠭᠡ ᠬᠡᠷᠡᠭᠲᠡᠢ
ᠤᠨᠲᠠᠬᠤ ᠳ᠋ᠤ᠌ ᠤᠰᠤ ᠬᠡᠷᠡᠭᠲᠡᠢ
 
2104 ᠦᠬᠦᠬᠦ ᠡᠴᠡ ᠠᠶᠤᠬᠤ ᠦᠭᠡᠢ
ᠦᠭᠡᠢᠷᠡᠬᠦ ᠡᠴᠡ ᠠᠶᠤᠬᠤ
ᠢᠷᠡᠯᠲᠡ᠄

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠢᠮᠧᠯ᠄ soninhuudas@gmail.com