ᠮᠣᠩᠭᠣᠯ ᠵᠦᠢᠷ ᠰᠡᠴᠡᠨ ᠦᠭᠡ ᠶ᠋ᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠬ ᠶ᠋ᠢᠨ ᠠᠢᠮᠠᠭ>
2026-06-06
ᠣᠩᠱᠢᠭ᠍ᠰᠠᠨ ᠣᠳᠠᠭ᠎ᠠ᠄
– ᠬ (Х) –
 
2105 ᠬᠠ ᠬᠦᠷᠦᠭᠰᠡᠨ ᠭᠠᠵᠠᠷ ᠭᠤᠶ᠎ᠠ ᠬᠦᠷᠦᠨ᠎ᠡ
ᠬᠥᠯ ᠬᠦᠷᠦᠭᠰᠡᠨ ᠭᠠᠵᠠᠷ ᠭᠠᠷ ᠬᠦᠷᠦᠨ᠎ᠡ
 
2106 ᠬᠠᠮᠢᠭᠠᠭᠤᠷ ᠶᠠᠪᠤᠬᠤ ᠶ᠋ᠢ ᠭᠠᠵᠠᠷᠴᠢ ᠮᠡᠳᠡᠨ᠎ᠡ
ᠬᠠᠮᠢᠭ᠎ᠠ ᠬᠦᠷᠬᠦ ᠶ᠋ᠢ ᠨᠣᠶᠠᠨ ᠮᠡᠳᠡᠨ᠎ᠡ
 
2107 ᠬᠠᠭᠠᠳ ᠨᠣᠶᠠᠳ ᠬᠠᠷᠠᠳᠠᠪᠠᠯ
ᠬᠠᠷᠠᠴᠤ ᠢᠷᠭᠡᠳ ᠤᠷᠪᠠᠬᠤ
 
2108 ᠬᠠᠭᠠᠳ ᠢ᠋ ᠵᠣᠳᠣᠯᠳᠤᠬᠤ ᠳ᠋ᠤ᠌
ᠬᠠᠷᠠᠴᠤ ᠠᠷᠠᠳ ᠬᠣᠬᠢᠷᠠᠳᠠᠭ
 
2109 ᠬᠠᠭᠠᠨ ᠪᠣᠯᠤᠭᠰᠠᠨ ᠴᠤ᠌
ᠬᠠ ᠶ᠋ᠢᠨ ᠪᠤᠯᠴᠢᠷᠬᠠᠢ ᠪᠦᠦ ᠬᠠᠶᠠ
 
2110 ᠭᠤᠶᠤᠯᠭᠠᠴᠢᠨ ᠪᠣᠯᠤᠭᠰᠠᠨ ᠴᠤ᠌
ᠭᠤᠶᠠᠨ ᠤ᠋ ᠪᠤᠯᠴᠢᠷᠬᠠᠢ ᠪᠦᠦ ᠢᠳᠡ
 
2111 ᠬᠠᠭᠠᠨ ᠥᠪᠡᠷ ᠦ᠋ᠨ ᠣᠷᠣᠨ ᠳ᠋ᠤ᠌ ᠬᠦᠨᠳᠦᠯᠡᠭᠳᠡᠳᠡᠭ
ᠮᠡᠷᠭᠡᠳ ᠣᠷᠣᠨ ᠪᠦᠬᠦᠨ ᠳ᠋ᠦ᠍ ᠬᠦᠨᠳᠦᠯᠡᠭᠳᠡᠳᠡᠭ
 
2112 ᠬᠠᠭᠠᠨ ᠤᠯᠤᠰ ᠲᠠᠭᠠᠨ ᠡᠷᠭᠦᠭᠳᠡᠬᠦ
ᠡᠷᠳᠡᠮᠲᠡᠨ ᠬᠣᠲᠠᠯᠠ ᠳ᠋ᠤ᠌ ᠡᠷᠭᠦᠭᠳᠡᠬᠦ
 
2113 ᠬᠠᠭᠠᠨ ᠬᠢᠯᠢᠩᠯᠡᠪᠡᠰᠦ ᠲᠥᠷᠥ ᠪᠡᠨ ᠡᠪᠳᠡᠬᠦ
ᠵᠠᠭᠠᠨ ᠬᠢᠯᠢᠩᠯᠡᠪᠡᠰᠦ ᠬᠣᠲᠠ ᠶ᠋ᠢ ᠡᠪᠳᠡᠬᠦ
 
2114 ᠬᠠᠭᠠᠨ ᠬᠥᠮᠦᠨ ᠬᠠᠷᠠᠴᠤ ᠤᠷᠤᠭ ᠲᠠᠢ
ᠪᠣᠭᠣᠯ ᠬᠥᠮᠦᠨ ᠨᠣᠶᠠᠨ ᠤᠷᠤᠭ ᠲᠠᠢ
 
2115 ᠬᠠᠭᠠᠨ ᠬᠥᠮᠦᠨ ᠳ᠋ᠦ᠍ ᠬᠠᠨᠢ ᠦᠭᠡᠢ
ᠬᠠᠷᠠᠴᠤ ᠬᠥᠮᠦᠨ ᠳ᠋ᠦ᠍ ᠬᠠᠯᠠ ᠦᠭᠡᠢ
 
2116 ᠬᠠᠭᠠᠨ ᠠ᠋ᠴᠠ ᠬᠠᠭᠠᠯᠭᠠᠴᠢ ᠨᠢ
ᠳᠡᠭᠡᠳᠦ ᠡᠴᠡ ᠳᠡᠷᠭᠡᠳᠡᠬᠢ ᠨᠢ
 
2117 ᠬᠠᠭᠠᠨᠲᠤ ᠭᠠᠵᠠᠷ ᠲᠤ
ᠬᠠᠷᠠᠴᠤ ᠣᠯᠠᠨ
 
2118 ᠬᠠᠭᠠᠨ ᠤ᠋ ᠠᠯᠪᠠ ᠬᠠᠯᠠᠭ᠎ᠠ ᠲᠠᠢ
ᠡᠵᠡᠨ ᠦ᠌ ᠠᠯᠪᠠ ᠡᠭᠡᠯᠵᠢ ᠲᠡᠢ
 
2119 ᠬᠠᠭᠠᠨ ᠢ᠋ ᠨᠢ ᠠᠷᠭᠠᠳᠠᠬᠤ ᠪᠠᠷ
ᠬᠠᠭᠠᠯᠭᠠᠴᠢ ᠶ᠋ᠢ ᠨᠢ ᠠᠷᠭᠠᠳᠠ
 
2120 ᠬᠠᠭᠠᠨ ᠤ᠋ ᠡᠮᠦᠨ᠎ᠡ ᠡᠴᠡ
ᠭᠤᠢᠷᠠᠨᠴᠢ ᠵᠣᠪᠠᠨ᠎ᠠ
 
2121 ᠬᠠᠭᠠᠨ ᠤ᠋ ᠰᠠᠢᠨ ᠳ᠋ᠤ᠌ ᠤᠯᠤᠰ ᠵᠢᠷᠭᠠᠨ᠎ᠠ
ᠡᠴᠢᠭᠡ ᠶ᠋ᠢᠨ ᠰᠠᠢᠨ ᠳ᠋ᠤ᠌ ᠬᠥᠪᠡᠭᠦᠨ ᠵᠢᠷᠭᠠᠨ᠎ᠠ
 
2122 ᠬᠠᠭᠠᠨ ᠤ᠋ ᠬᠦᠦ ᠵᠠᠭᠠᠨ ᠢ᠋ᠶ᠋ᠠᠨ ᠤᠨᠤᠵᠤ
ᠬᠠᠷᠠᠴᠤ ᠶ᠋ᠢᠨ ᠬᠦᠦ ᠲᠠᠶᠠᠭ ᠢ᠋ᠶ᠋ᠠᠨ ᠲᠤᠯᠬᠤ
 
2123 ᠬᠠᠭᠠᠨ ᠢ᠋ ᠬᠠᠷᠠᠴᠤ ᠰᠤᠷᠭᠠᠨ᠎ᠠ
ᠪᠤᠷᠬᠠᠨ ᠢ᠋ ᠱᠤᠯᠤᠮ ᠰᠤᠷᠭᠠᠨ᠎ᠠ
 
2124 ᠬᠠᠪᠤᠷ ᠪᠠᠢᠭᠰᠠᠨ ᠴᠤ᠌ ᠨᠠᠮᠤᠷ ᠠᠳᠠᠯᠢ ᠠᠭᠠᠰᠢᠯᠠᠬᠤ
ᠬᠠᠪᠤᠳᠠᠷ ᠪᠠᠢᠭᠰᠠᠨ ᠴᠤ᠌ ᠲᠠᠷᠭᠤᠨ ᠠᠳᠠᠯᠢ ᠣᠪᠯᠠᠬᠤ
 
2125 ᠬᠠᠪᠤᠷ ᠭᠠᠴᠢᠭ
ᠨᠠᠮᠤᠷ ᠥᠶᠥᠭ
 
2126 ᠬᠠᠪᠤᠷ ᠨᠠᠮᠤᠷ ᠬᠠᠪᠴᠢᠵᠤ ᠵᠤᠨ ᠦᠭᠡᠢ ᠪᠣᠯᠬᠤ
ᠥᠩᠭᠡ ᠮᠥᠩᠭᠥ ᠲᠠᠢᠯᠵᠤ ᠬᠠᠤᠯᠢ ᠦᠭᠡᠢ ᠪᠣᠯᠬᠤ
 
2127 ᠬᠠᠪᠤᠷ ᠨᠢᠭᠡ ᠡᠳᠦᠷ ᠡᠷᠲᠡ ᠲᠠᠷᠢᠪᠠᠯ
ᠨᠠᠮᠤᠷ ᠠᠷᠪᠠᠨ ᠡᠳᠦᠷ ᠡᠷᠲᠡ ᠬᠤᠷᠢᠶᠠᠨ᠎ᠠ
 
2128 ᠬᠠᠪᠤᠷ ᠥᠩᠭᠡᠷᠡᠪᠡᠯ ᠵᠤᠨ ᠢᠷᠡᠨ᠎ᠡ
ᠬᠠᠷᠠᠩᠭᠤᠢ ᠥᠩᠭᠡᠷᠡᠪᠡᠯ ᠭᠡᠭᠡ ᠢᠷᠡᠨ᠎ᠡ
 
2129 ᠬᠠᠪᠤᠷ ᠲᠠᠷᠢᠬᠤ ᠦᠭᠡᠢ ᠪᠣᠯ
ᠨᠠᠮᠤᠷ ᠬᠤᠷᠢᠶᠠᠬᠤ ᠦᠭᠡᠢ
 
2130 ᠬᠠᠪᠤᠷ ᠲᠠᠷᠢᠭᠰᠠᠨ ᠢ᠋ᠶ᠋ᠠᠨ ᠨᠠᠮᠤᠷ ᠬᠤᠷᠢᠶᠠᠬᠤ
ᠬᠠᠳᠠᠭᠠᠯᠠᠵᠤ ᠨᠥᠭᠡᠴᠡᠯᠡᠭᠰᠡᠨ ᠢ᠋ᠶ᠋ᠡᠨ ᠬᠣᠵᠢᠮ ᠵᠠᠷᠤᠬᠤ
 
2131 ᠬᠠᠪᠤᠷ ᠤᠷᠤᠰᠬᠠᠭᠰᠠᠨ ᠬᠥᠯᠥᠰᠥ ᠲᠡᠢ ᠪᠣᠯ
ᠨᠠᠮᠤᠷ ᠲᠠᠷᠭᠤᠯᠠᠭᠰᠠᠨ ᠮᠢᠬ᠎ᠠ ᠲᠠᠢ
 
2132 ᠬᠠᠪᠤᠷ ᠴᠠᠭ ᠤ᠋ᠨ ᠰᠢᠭᠤᠷᠭ᠎ᠠ ᠬᠡᠴᠡᠭᠦᠦ
ᠬᠣᠢᠲᠤ ᠡᠬᠡ ᠶ᠋ᠢᠨ ᠨᠢᠳᠤᠷᠭ᠎ᠠ ᠬᠡᠴᠡᠭᠦᠦ
 
2133 ᠬᠠᠪᠤᠷ ᠦᠭᠡᠢ ᠵᠤᠨ ᠦᠭᠡᠢ
ᠬᠠᠭᠠᠴᠠᠯ ᠦᠭᠡᠢ ᠮᠥᠩᠬᠡ ᠦᠭᠡᠢ
 
2134 ᠬᠠᠪᠤᠷ ᠤ᠋ᠨ ᠡᠳᠦᠷ ᠬᠠᠭᠠᠰ ᠲᠠᠢ ᠬᠤᠭᠤᠰ ᠲᠠᠢ
ᠬᠠᠲᠤᠨ ᠤ᠋ ᠴᠢᠷᠠᠢ ᠬᠠᠯᠠᠭᠤᠨ ᠲᠠᠢ ᠬᠦᠢᠲᠡᠨ ᠲᠡᠢ
 
2135 ᠬᠠᠪᠤᠷ ᠤ᠋ᠨ ᠰᠠᠯᠬᠢ ᠬᠠᠪᠢᠷᠭ᠎ᠠ ᠨᠡᠪᠲᠡ
ᠡᠪᠦᠯ ᠦ᠋ᠨ ᠵᠢᠪᠠᠷ ᠡᠪᠦᠷ ᠨᠡᠪᠲᠡ
 
2136 ᠬᠠᠪᠤᠷ ᠤ᠋ᠨ ᠲᠩᠷᠢ ᠬᠠᠷᠠᠲᠠᠢ
ᠬᠠᠰᠢ ᠬᠡᠷᠡᠭ ᠬᠣᠣᠷᠲᠠᠢ
 
2137 ᠬᠠᠪᠤᠷ ᠤ᠋ᠨ ᠬᠠᠬᠢᠷ ᠲᠤ ᠮᠠᠯ ᠢ᠋ᠶ᠋ᠠᠨ
ᠬᠠᠷᠢ ᠭᠠᠵᠠᠷ ᠲᠤ ᠦᠭᠡ ᠪᠡᠨ
 
2138 ᠬᠠᠪᠤᠷ ᠤ᠋ᠨ ᠬᠦᠢᠲᠡᠨ ᠬᠠᠨᠢᠶᠠᠳᠤ ᠬᠦᠷᠭᠡᠬᠦ
ᠨᠠᠮᠤᠷ ᠤ᠋ᠨ ᠬᠦᠢᠲᠡᠨ ᠨᠠᠰᠤ ᠤᠷᠲᠤᠰᠬᠠᠬᠤ
 
2139 ᠬᠠᠪᠤᠷ ᠤ᠋ᠨ ᠴᠠᠰᠤ ᠶ᠋ᠢ
ᠬᠠᠷ᠎ᠠ ᠨᠣᠬᠠᠢ ᠭᠦᠢᠴᠡᠬᠦ ᠦᠭᠡᠢ
 
2140 ᠬᠠᠭᠠᠷᠬᠠᠢ ᠬᠡᠩᠭᠡᠷᠭᠡ
ᠴᠣᠭᠣᠷᠬᠠᠢ ᠴᠠᠩ
 
2141 ᠬᠠᠭᠠᠷᠬᠠᠢ ᠪᠠᠨ ᠬᠠᠳᠬᠤᠭᠰᠠᠨ ᠨᠢ ᠤᠷᠠᠨ
ᠬᠣᠢᠲᠤᠬᠢ ᠪᠠᠨ ᠪᠣᠳᠣᠭᠰᠠᠨ ᠨᠢ ᠰᠡᠴᠡᠨ
 
2142 ᠬᠠᠭᠠᠴᠠᠰᠢ ᠦᠭᠡᠢ ᠬᠠᠨᠢ ᠨᠥᠬᠥᠷ ᠲᠦ᠍
ᠮᠠᠷᠲᠠᠭᠳᠠᠰᠢ ᠦᠭᠡᠢ ᠮᠠᠭᠤ ᠦᠭᠡ ᠪᠤᠤ ᠬᠡᠯᠡ
 
2143 ᠬᠠᠳᠠ ᠶᠡᠬᠡᠲᠡᠢ ᠠᠭᠤᠯᠠ ᠰᠦᠷᠲᠡᠢ
ᠬᠠᠮᠠᠭᠠᠯᠠᠯ ᠶᠡᠬᠡᠲᠦ ᠤᠯᠤᠰ ᠬᠦᠴᠦᠲᠡᠢ
 
2144 ᠬᠠᠳᠠ ᠰᠠᠢᠲᠤ ᠶ᠋ᠢᠨ ᠦᠨᠡᠭᠡ ᠪᠠᠷᠳᠠᠮ
ᠬᠠᠳᠠᠮ ᠰᠠᠢᠲᠤ ᠶ᠋ᠢᠨ ᠬᠦᠷᠭᠡᠨ ᠪᠠᠷᠳᠠᠮ
 
2145 ᠬᠠᠳᠠᠮ ᠡᠬᠡ ᠬᠠᠯᠠᠲᠠᠢ
ᠬᠣᠢᠲᠤ ᠡᠬᠡ ᠬᠣᠣᠷᠲᠠᠢ
 
2146 ᠬᠠᠳᠤᠯᠠᠩ ᠦᠭᠡᠢ ᠮᠠᠯᠴᠢᠳ
ᠡᠪᠦᠯ ᠳ᠋ᠡᠭᠡᠨ ᠵᠦᠳᠡᠷᠡᠨ᠎ᠡ
ᠬᠠᠨᠢ ᠦᠭᠡᠢ ᠬᠥᠮᠦᠨ
ᠥᠲᠡᠯᠬᠦ ᠳ᠋ᠡᠭᠡᠨ ᠵᠦᠳᠡᠷᠡᠨ᠎ᠡ
 
2147 ᠬᠠᠵᠠᠢᠭᠰᠠᠨ ᠳᠡᠭᠡᠷ᠎ᠡ ᠨᠢ ᠲᠦᠯᠬᠢᠬᠦ
ᠤᠨᠠᠭᠰᠠᠨ ᠳᠡᠭᠡᠷ᠎ᠡ ᠨᠢ ᠨᠢᠳᠤᠷᠭᠠᠳᠠᠬᠤ
 
2148 ᠬᠠᠵᠠᠢᠬᠤ ᠳ᠋ᠤᠨᠢ ᠲᠤᠯᠬᠤ
ᠬᠡᠯᠪᠡᠢᠬᠦ ᠳ᠋ᠦ᠍ᠨᠢ ᠲᠦᠰᠢᠬᠦ
 
2149 ᠬᠠᠵᠠᠭᠠᠷ ᠬᠦᠷᠭᠡᠨ ᠬᠠᠳᠠᠮᠰᠠᠭ
ᠬᠠᠯᠲᠠᠷ ᠨᠣᠬᠠᠢ ᠬᠣᠲᠠᠰᠠᠭ
 
2150 ᠬᠠᠢᠯᠬᠤ ᠳ᠋ᠤ᠌ ᠭᠠᠯ ᠬᠡᠷᠡᠭ ᠲᠡᠢ
ᠬᠠᠨᠢᠯᠠᠬᠤ ᠳ᠋ᠤ᠌ ᠰᠡᠳᠬᠢᠯ ᠬᠡᠷᠡᠭ ᠲᠡᠢ
 
2151 ᠬᠠᠢᠯᠭᠠᠨ ᠴᠠᠭ ᠤ᠋ᠨ ᠮᠠᠯ ᠢ᠋ ᠡᠳ᠋ᠯᠡᠪᠡᠯ
ᠬᠠᠪᠤᠷ ᠴᠠᠭ ᠤ᠋ᠨ ᠴᠠᠰᠤ ᠬᠠᠢᠯᠬᠤ ᠲᠠᠢ ᠠᠳᠠᠯᠢ
 
2152 ᠬᠠᠢᠷ᠎ᠠ ᠪᠠᠢᠪᠠᠯ ᠬᠠᠯᠠᠮᠵᠢ ᠪᠠᠢᠳᠠᠭ
ᠬᠠᠯᠠᠮᠵᠢ ᠪᠠᠢᠪᠠᠯ ᠬᠠᠢᠷ᠎ᠠ ᠪᠠᠢᠳᠠᠭ
 
2153 ᠬᠠᠢᠷ᠎ᠠ ᠶᠡᠬᠡᠳᠡᠪᠡᠯ ᠬᠠᠷ᠎ᠠ ᠶᠡᠬᠡᠳᠡᠨ᠎ᠡ
ᠬᠦᠰᠡᠯ ᠶᠡᠬᠡᠲᠡᠪᠡᠯ ᠬᠢᠰᠠᠯ ᠶᠡᠬᠡᠲᠡᠨ᠎ᠡ
 
2154 ᠬᠠᠢᠷ᠎ᠠ ᠨᠢ ᠳᠣᠲᠣᠷ᠎ᠠ ᠪᠠᠨ
ᠬᠠᠯᠠ ᠨᠢ ᠭᠠᠳᠠᠨ᠎ᠠ ᠪᠠᠨ
 

2155 ᠬᠠᠢᠷ ᠴᠢᠯᠠᠭᠤ ᠬᠠᠭᠠᠷᠠᠪᠠᠯ
ᠬᠠᠳᠠ ᠪᠣᠯᠬᠤ ᠳ᠋ᠤ᠌ ᠪᠡᠷᠬᠡ

2156 ᠬᠠᠢᠷ᠎ᠠ ᠠ᠋ᠴᠠ ᠬᠠᠷᠠᠮ
ᠬᠠᠷᠠᠮ ᠠ᠋ᠴᠠ ᠬᠣᠷᠣᠰᠤᠯ

2157 ᠬᠠᠭᠠᠷᠠᠮ᠎ᠠ ᠬᠦᠢᠲᠡᠨ ᠳ᠋ᠦ᠍ ᠬᠠᠴᠠᠷ ᠢ᠋ᠶ᠋ᠠᠨ ᠬᠠᠮᠠᠭᠠᠯᠠ
ᠬᠠᠯᠠᠭᠤᠨ ᠨᠠᠷᠠᠨ ᠳ᠋ᠤ᠌ ᠲᠣᠯᠣᠭᠠᠢ ᠪᠠᠨ ᠬᠠᠮᠠᠭᠠᠯᠠ

2158 ᠬᠠᠢᠷᠠᠨ ᠨᠡᠷ᠎ᠡ ᠶ᠋ᠢ ᠠᠯᠳᠠᠪᠠᠯ
ᠡᠷᠭᠢᠭᠦᠯᠵᠦ ᠠᠪᠬᠤ ᠳ᠋ᠤ᠌ ᠪᠡᠷᠬᠡ

2159 ᠬᠠᠢᠷᠳᠠᠭ ᠮᠣᠷᠢᠨ ᠤ᠋ ᠬᠣᠢᠭᠤᠷ ᠪᠤᠤ ᠭᠠᠷ
ᠬᠠᠯᠠᠮᠵᠢ ᠦᠭᠡᠢ ᠨᠣᠶᠠᠨ ᠤ᠋ ᠡᠮᠦᠨ᠎ᠡ ᠪᠤᠤ ᠵᠢᠳᠬᠦ

2160 ᠬᠠᠢᠷᠠᠯᠠᠬᠤ ᠳ᠋ᠤ᠌ ᠬᠠᠮᠠᠷ ᠰᠢᠭᠠᠬᠤ
ᠡᠪᠦᠷᠯᠡᠬᠦ ᠳ᠋ᠦ᠍ ᠦᠷᠦ ᠢᠰᠬᠦᠯᠬᠦ

2161 ᠬᠠᠢᠷᠠᠲᠠᠢ ᠪᠣᠯ ᠬᠠᠨᠢ ᠲᠠᠢ
ᠬᠠᠷᠠᠲᠠᠢ ᠪᠣᠯ ᠬᠣᠣᠷ ᠲᠠᠢ

2162 ᠬᠠᠢᠷᠠᠲᠠᠢ ᠪᠣᠯᠪᠠᠴᠤ
ᠬᠠᠢᠴᠢ ᠪᠠᠷ ᠪᠤᠤ ᠲᠣᠭᠯᠠᠭᠤᠯ

2163 ᠬᠠᠢᠷᠬᠠᠨ ᠠᠭᠤᠯᠠ ᠶ᠋ᠢ ᠴᠠᠰᠤ ᠳᠠᠷᠤᠳᠠᠭ
ᠬᠠᠢᠷᠠᠨ ᠪᠡᠶ᠎ᠡ ᠶ᠋ᠢ ᠨᠠᠰᠤ ᠳᠠᠷᠤᠳᠠᠭ

2164 ᠬᠠᠢᠬᠤᠷᠬᠤ ᠦᠭᠡᠢ ᠬᠦᠨᠳᠦ ᠦᠭᠡ ᠬᠡᠯᠡᠭᠰᠡᠨ ᠡᠴᠡ
ᠬᠠᠯᠠᠭᠤᠨ ᠨᠣᠷᠮ᠎ᠠ ᠳ᠋ᠤ᠌ ᠤᠰᠤ ᠠᠰᠬᠠᠭᠰᠠᠨ ᠠᠳᠠᠯᠢ

2165 ᠬᠠᠯᠠ ᠦᠵᠡᠪᠡᠯ ᠤᠬᠠᠭᠠᠷᠠᠨ᠎ᠠ
ᠭᠠᠯ ᠦᠵᠡᠪᠡᠯ ᠤᠶᠠᠷᠠᠨ᠎ᠠ

2166 ᠬᠠᠯᠠ ᠦᠵᠡᠵᠦ
ᠬᠠᠯᠠᠭᠤᠨ ᠴᠢᠯᠠᠭᠤ ᠳᠣᠯᠢᠶᠠᠬᠤ
( ᠬᠠᠯᠠ ᠦᠵᠡᠵᠦ ᠬᠠᠰᠢᠷ ᠰᠠᠭᠤᠬᠤ)

2167 ᠬᠠᠯᠠᠮᠵᠢ ᠮᠠᠭᠤᠲᠠᠢ ᠨᠥᠬᠥᠷ
ᠬᠠᠷ᠎ᠠ ᠡᠷᠢᠶᠡᠨ ᠮᠣᠭᠠᠢ ᠲᠠᠢ ᠠᠳᠠᠯᠢ

2168 ᠬᠠᠯᠠᠮᠵᠢ ᠦᠭᠡᠢ ᠰᠠᠳᠤᠨ ᠠ᠋ᠴᠠ
ᠬᠠᠷ᠎ᠠ ᠡᠯᠢᠭᠡ ᠶ᠋ᠢᠨ ᠬᠥᠮᠦᠨ ᠳᠡᠭᠡᠷ᠎ᠡ

2169 ᠬᠠᠯᠠᠮᠵᠢᠲᠠᠢ ᠬᠥᠮᠦᠨ ᠳ᠋ᠦ᠍ ᠨᠥᠬᠥᠷ ᠣᠢᠷ᠎ᠠ
ᠬᠠᠵᠢᠭ ᠬᠥᠮᠦᠨ ᠳ᠋ᠦ᠍ ᠨᠥᠬᠥᠷ ᠬᠣᠯᠠ

2170 ᠬᠣᠵᠢᠭᠢᠷ ᠨᠢ ᠬᠠᠯᠵᠠᠨ ᠢ᠋ᠶ᠋ᠠᠨ
ᠬᠥᠯ ᠦᠭᠡᠢ ᠨᠢ ᠬᠠᠵᠠᠭᠠᠷ ᠢ᠋ᠶ᠋ᠠᠨ

2171 ᠬᠠᠯᠠᠭᠤᠨ ᠵᠠᠭᠤᠷ᠎ᠠ ᠪᠠᠨ ᠡᠪ ᠢ᠋ᠶ᠋ᠡᠨ ᠬᠢᠴᠢᠶᠡ
ᠬᠣᠲᠠ ᠵᠠᠭᠤᠷ᠎ᠠ ᠪᠠᠨ ᠮᠠᠯ ᠢ᠋ᠶ᠋ᠠᠨ ᠬᠢᠴᠢᠶᠡ

2172 ᠬᠠᠯᠠᠭᠤᠨ ᠨᠠᠷᠠᠨ ᠳ᠋ᠤ᠌ ᠬᠠᠭᠠᠯᠲᠠ
ᠬᠦᠢᠲᠡᠨ ᠵᠢᠪᠠᠷ ᠲᠤ ᠬᠥᠨᠵᠢᠯᠡ ᠪᠣᠯᠬᠤ

2173 ᠬᠠᠮᠠᠷ ᠮᠠᠭᠤ ᠥᠪᠡᠷ ᠦ᠋ᠨ ᠬᠢ
ᠬᠠᠯᠠᠮᠵᠢ ᠮᠠᠭᠤ ᠬᠠᠨᠢ ᠶ᠋ᠢᠨ ᠬᠢ

2174 ᠬᠠᠮᠪᠤ ᠯᠠᠮᠠ ᠪᠠᠨ ᠳᠣᠭᠣᠭᠰᠢ ᠪᠠᠨ ᠲᠦᠯᠬᠢᠵᠦ
ᠬᠠᠷᠢ ᠶ᠋ᠢᠨ ᠳᠠᠩᠵᠢᠶᠠᠳ ᠢ ᠳᠡᠭᠡᠭᠰᠢ ᠨᠢ ᠵᠠᠯᠠᠬᠤ

2175 ᠬᠠᠮᠠᠷ ᠤ᠋ᠨ ᠨᠢᠰᠦ ᠴᠢᠷᠠᠢ ᠳᠠᠷᠤᠨ᠎ᠠ
ᠪᠡᠶ᠎ᠡ ᠶ᠋ᠢᠨ ᠪᠣᠬᠢᠷ ᠨᠡᠷ᠎ᠡ ᠳᠠᠷᠤᠨ᠎ᠠ

2176 ᠬᠠᠮᠠᠷ ᠤ᠋ᠨ ᠨᠢᠰᠦ ᠡᠵᠡᠨ ᠢ᠋ᠶ᠋ᠡᠨ ᠳᠠᠭᠠᠨ᠎ᠠ
ᠬᠠᠷᠠᠯᠠᠭ ᠪᠤᠬ᠎ᠠ ᠦᠨᠢᠶ᠎ᠡ ᠪᠡᠨ ᠳᠠᠭᠠᠨ᠎ᠠ

2177 ᠬᠠᠮᠲᠤᠷᠠᠵᠤ ᠬᠢᠪᠡᠯ ᠴᠢᠨᠠᠷᠲᠠᠢ
ᠬᠠᠨᠢᠯᠠᠵᠤ ᠶᠠᠪᠤᠪᠠᠯ ᠬᠥᠭᠵᠢᠯ ᠲᠡᠢ

2178 ᠬᠠᠮᠲᠤᠳᠬᠠᠭᠰᠠᠨ ᠤ᠋ ᠪᠤᠶᠠᠨ ᠶᠡᠬᠡ
ᠬᠠᠭᠠᠴᠠᠭᠤᠯᠤᠭᠰᠠᠨ ᠤ᠋ ᠬᠢᠯᠢᠨᠴᠡ ᠶᠡᠬᠡ

2179 ᠬᠠᠮᠠᠭᠤ ᠲᠠᠢ ᠮᠠᠯ ᠢᠵᠢᠯᠢ ᠪᠡᠨ ᠪᠠᠷᠠᠳᠠᠭ
ᠬᠠᠷ᠎ᠠ ᠰᠠᠨᠠᠭ᠎ᠠ ᠪᠡᠶ᠎ᠡ ᠪᠡᠨ ᠪᠠᠷᠠᠳᠠᠭ

2180 ᠬᠠᠮᠠᠭᠤᠲᠠᠢ ᠬᠥᠮᠦᠨ
ᠬᠠᠳᠠ ᠬᠠᠷᠠᠭᠠᠳ ᠢᠨᠢᠶᠡᠬᠦ

2181 ᠬᠠᠮᠬᠤᠤᠯ ᠳᠡᠭᠡᠷ᠎ᠡ ᠰᠠᠭᠤᠵᠤ
ᠬᠠᠯᠠᠭᠠᠢ ᠳᠡᠭᠡᠷ᠎ᠡ ᠬᠡᠪᠲᠡᠬᠦ

2182 ᠬᠠᠨ᠎ᠠ ᠪᠠᠷ ᠣᠷᠣᠭᠠᠳ ᠬᠠᠭᠠᠯᠭ᠎ᠠ ᠪᠠᠷ ᠪᠠᠭᠲᠠᠬᠤ ᠦᠭᠡᠢ
ᠬᠠᠭᠠᠯᠭ᠎ᠠ ᠪᠠᠷ ᠣᠷᠣᠭᠠᠳ ᠭᠡᠷ ᠲᠦ᠍ ᠪᠠᠭᠲᠠᠬᠤ ᠦᠭᠡᠢ

2183 ᠬᠠᠨᠠᠲᠤ ᠭᠡᠷ ᠬᠣᠯᠠᠳᠴᠤ
ᠬᠠᠳᠠᠨ ᠭᠡᠷ ᠣᠢᠷᠠᠳᠬᠤ

2184 ᠬᠠᠨᠢ ᠪᠠᠨ ᠪᠠᠷᠢᠵᠤ
ᠢᠵᠢᠯᠢ ᠪᠡᠨ ᠢᠳᠡᠬᠦ

2185 ᠬᠠᠨᠢ ᠠ᠋ᠴᠠ ᠪᠠᠨ ᠬᠠᠭᠠᠴᠠᠬᠤ ᠪᠠᠷ
ᠬᠠᠷ᠎ᠠ ᠲᠣᠯᠣᠭᠠᠢ ᠠ᠋ᠴᠠ ᠪᠠᠨ ᠬᠠᠭᠠᠴᠠ

2186 ᠬᠠᠨᠢᠯᠠᠭᠠᠳ ᠨᠥᠬᠥᠷ ᠢ᠋ᠶ᠋ᠡᠨ ᠪᠦᠦ ᠮᠠᠭᠤᠯᠠ
ᠬᠠᠯᠲᠤᠷᠢᠭᠠᠳ ᠵᠠᠮ ᠢ᠋ᠶ᠋ᠠᠨ ᠪᠦᠦ ᠮᠠᠭᠤᠯᠠ

2187 ᠬᠠᠨᠢᠯᠠᠪᠠᠯ ᠥᠲᠡᠯᠲᠡᠯ᠎ᠡ ᠪᠡᠨ
ᠬᠠᠢᠷᠠᠯᠠᠪᠠᠯ ᠥᠰᠬᠡᠲᠡᠯ᠎ᠡ ᠪᠡᠨ

2188 ᠬᠠᠨᠢᠯᠠᠭᠰᠠᠨ ᠢ᠋ᠶ᠋ᠠᠨ ᠬᠠᠭᠤᠷᠪᠠᠯ
ᠬᠠᠷ᠎ᠠ ᠪᠡᠶ᠎ᠡ ᠪᠡᠨ ᠬᠠᠭᠤᠷᠤᠨ᠎ᠠ

2189 ᠬᠠᠩᠭᠢᠷᠴᠠᠭ ᠡᠮᠡᠭᠡᠯ ᠮᠣᠷᠢ ᠪᠠᠨ ᠪᠠᠷᠠᠬᠤ
ᠬᠠᠷᠢᠶᠠᠯᠴᠢ ᠡᠬᠡᠨᠡᠷ ᠬᠠᠨᠢ ᠪᠠᠨ ᠵᠣᠪᠠᠭᠠᠬᠤ

2190 ᠬᠠᠨ᠎ᠠ ᠶ᠋ᠢᠨ ᠢᠷᠣᠭᠠᠷ ᠲᠤ ᠲᠥᠷᠥᠵᠦ
ᠬᠠᠳᠠᠨ ᠤ᠋ ᠢᠷᠣᠭᠠᠷ ᠲᠤ᠌ ᠬᠡᠪᠲᠡᠳᠡᠭ

2191 ᠬᠠᠷ᠎ᠠ ᠭᠡᠷ ᠲᠡᠭᠡᠨ ᠬᠠᠭᠠᠨ
ᠪᠣᠷᠣ ᠭᠡᠷ ᠲᠡᠭᠡᠨ ᠪᠣᠭᠳᠠ

2192 ᠬᠠᠷ᠎ᠠ ᠨᠣᠬᠠᠢ ᠡᠭᠦᠳᠡᠨ ᠳ᠋ᠦ᠍ ᠪᠤᠭ
ᠬᠠᠷᠠᠮᠴᠢ ᠡᠬᠡᠨᠡᠷ ᠭᠡᠢᠴᠢᠨ ᠳ᠋ᠦ᠍ ᠪᠤᠭ

2193 ᠬᠠᠷ᠎ᠠ ᠨᠣᠬᠠᠢ ᠬᠣᠲᠠ ᠶ᠋ᠢᠨ ᠶᠠᠩᠰᠢᠶ᠎ᠠ
ᠬᠠᠷᠠᠮᠴᠢ ᠡᠷ᠎ᠡ ᠭᠡᠷ ᠦ᠋ᠨ ᠶᠠᠩᠰᠢᠶ᠎ᠠ

2194 ᠬᠠᠷ᠎ᠠ ᠰᠠᠨᠠᠭ᠎ᠠ ᠪᠡᠶ᠎ᠡ ᠪᠡᠨ ᠣᠳᠤᠨ᠎ᠠ
ᠬᠠᠰᠠᠭ ᠲᠡᠷᠭᠡ ᠪᠤᠬ᠎ᠠ ᠪᠠᠨ ᠢᠳᠡᠨ᠎ᠡ

2195 ᠬᠠᠷ᠎ᠠ ᠰᠠᠨᠠᠭ᠎ᠠ ᠬᠣᠣᠷ
ᠬᠠᠷᠠᠮᠴᠢ ᠰᠡᠳᠬᠢᠯ ᠲᠤᠱᠠ (ᠲᠤᠰᠢᠶ᠎ᠠ)

2196 ᠬᠠᠷ᠎ᠠ ᠦᠬᠡᠷ ᠡᠴᠡ ᠴᠠᠭᠠᠨ ᠲᠤᠭᠤᠯ ᠭᠠᠷᠬᠤ
ᠬᠤᠷᠴᠠ ᠬᠥᠮᠦᠨ ᠡᠴᠡ ᠡᠷᠳᠡᠮᠲᠦ ᠬᠦᠦ ᠲᠥᠷᠥᠬᠦ

2197 ᠬᠠᠷ᠎ᠠ ᠬᠥᠮᠦᠨ ᠦ᠌ ᠲᠥᠯᠥᠭᠡ
ᠰᠢᠷ᠎ᠠ ᠬᠥᠮᠦᠨ ᠵᠢᠳᠬᠦᠬᠦ

2198 ᠬᠠᠷ᠎ᠠ ᠬᠡᠷᠢᠶ᠎ᠡ ᠮᠢᠬᠠᠨ ᠳ᠋ᠤ᠌ ᠳᠤᠷᠠᠲᠠᠢ
ᠬᠠᠷᠭᠢᠰ ᠨᠣᠶᠠᠨ ᠵᠢᠩᠰᠡᠨ ᠳ᠋ᠦ᠍ ᠳᠤᠷᠠᠲᠠᠢ

2199 ᠬᠠᠷ᠎ᠠ ᠬᠡᠷᠢᠶ᠎ᠡ ᠤᠯᠠᠢ ᠳᠡᠭᠡᠷ᠎ᠡ
ᠬᠠᠭᠠᠳ ᠨᠣᠶᠠᠳ ᠬᠠᠤᠯᠢ ᠳᠡᠭᠡᠷ᠎ᠡ

2200 ᠬᠠᠷ᠎ᠠ ᠬᠡᠷᠢᠶ᠎ᠡ ᠴᠠᠭᠠᠨ ᠪᠣᠯᠬᠤ ᠦᠭᠡᠢ
ᠬᠠᠮᠤᠭ ᠠᠮᠢᠲᠠᠨ ᠪᠤᠷᠬᠠᠨ ᠪᠣᠯᠬᠤ ᠦᠭᠡᠢ

2201 ᠬᠠᠷ᠎ᠠ ᠢᠮᠠᠭᠠᠨ ᠠ᠋ᠴᠠ ᠬᠠᠯᠲᠠᠷ ᠢᠰᠢᠭᠡ
ᠬᠠᠷᠢᠶᠠᠯᠴᠢ ᠡᠮ᠎ᠡ ᠡᠴᠡ ᠬᠡᠷᠡᠭᠦᠯᠴᠢ ᠥᠬᠢᠨ

2202 ᠬᠠᠷᠢᠶᠠᠯ ᠬᠠᠷᠢᠭᠤ ᠦᠭᠡᠢ
ᠢᠷᠦᠭᠡᠯ ᠦᠷ᠎ᠡ ᠲᠡᠢ

2203 ᠬᠠᠷᠢᠶᠠᠯᠴᠢ ᠡᠬᠡᠨᠡᠷ ᠡᠴᠡ
ᠬᠠᠪᠠ ᠨᠣᠬᠠᠢ ᠳᠡᠭᠡᠷ᠎ᠡ᠃

2204 ᠬᠠᠷᠢᠶᠠᠯ ᠤ᠋ᠨ ᠦᠵᠦᠭᠦᠷ ᠲᠦ᠍ ᠴᠢᠰᠤ
ᠢᠷᠦᠭᠡᠯ ᠦ᠋ᠨ ᠦᠵᠦᠭᠦᠷ ᠲᠦ᠍ ᠲᠣᠰᠣ

2205 ᠬᠠᠷᠠᠢᠬᠤ ᠳ᠋ᠤ᠌ ᠬᠥᠯ ᠪᠣᠯᠵᠤ
ᠬᠠᠵᠠᠢᠬᠤ ᠳ᠋ᠤ᠌ ᠲᠦᠰᠢᠭ ᠪᠣᠯᠬᠤ

2206 ᠬᠠᠷᠠᠮᠯᠠᠭᠰᠠᠨ( ᠬᠠᠷᠠᠮᠨᠠᠭᠰᠠᠨ) ᠶᠠᠭᠤᠮ᠎ᠠ
ᠬᠠᠷ᠎ᠠ ᠨᠣᠬᠠᠢ ᠶ᠋ᠢᠨ ᠬᠣᠭᠣᠯᠠ ᠪᠣᠯᠬᠤ

2207 ᠬᠠᠷᠠᠮᠯᠠᠭᠰᠠᠨ( ᠬᠠᠷᠠᠮᠨᠠᠭᠰᠠᠨ) ᠢ᠋
ᠬᠠᠷ᠎ᠠ ᠨᠣᠬᠠᠢ ᠳᠣᠯᠢᠶᠠᠵᠤ
ᠬᠠᠢᠷᠠᠯᠠᠭᠰᠠᠨ ᠢ᠋
ᠰᠢᠷ᠎ᠠ ᠨᠣᠬᠠᠢ ᠬᠤᠯᠠᠭᠠᠢᠯᠠᠬᠤ

2208 ᠬᠠᠷᠠᠮᠴᠢ ᠪᠠᠶᠠᠨ ᠬᠣᠭᠣᠰᠣᠨ ᠠ᠋ᠴᠠ ᠳᠣᠣᠷ᠎ᠠ
ᠬᠠᠷᠠᠲᠠᠢ ᠰᠡᠴᠡᠨ ᠲᠡᠨᠡᠭ ᠡᠴᠡ ᠳᠣᠣᠷ᠎ᠠ

2209 ᠬᠠᠷᠠᠮᠴᠢ ᠰᠡᠳᠬᠢᠯ ᠬᠣᠪᠳᠣᠭ ᠰᠠᠨᠠᠭ᠎ᠠ
ᠬᠠᠷ᠎ᠠ ᠲᠣᠯᠣᠭᠠᠢ ᠳ᠋ᠤ᠌ ᠳᠠᠷᠤᠯᠲᠠ ᠪᠣᠯᠬᠤ

2210 ᠬᠠᠷᠠᠮᠴᠢ ᠬᠥᠮᠦᠨ ᠪᠠᠶᠠᠨ ᠪᠣᠯᠳᠠᠭ
ᠬᠠᠲᠠᠭᠤ ᠬᠥᠮᠦᠨ ᠨᠣᠶᠠᠨ ᠪᠣᠯᠳᠠᠭ

2211 ᠬᠠᠷᠠᠮᠴᠢ ᠬᠥᠮᠦᠨ ᠬᠠᠨᠢ ᠳ᠋ᠠᠭᠠᠨ ᠬᠠᠯᠠ ᠲᠠᠢ
ᠬᠠᠳᠤᠷᠭᠠᠴᠢ ᠭᠠᠬᠠᠢ ᠵᠤᠯᠵᠠᠭᠠᠨ ᠳ᠋ᠠᠭᠠᠨ ᠬᠠᠯᠠ ᠲᠠᠢ

2212 ᠬᠠᠷᠠᠮᠴᠢ ᠬᠥᠮᠦᠨ ᠳ᠋ᠦ᠍ ᠬᠠᠨᠢ ᠬᠣᠯᠠ
ᠬᠠᠱᠠᠩ ᠮᠣᠷᠢᠨ ᠳ᠋ᠤ᠌ ᠭᠠᠵᠠᠷ ᠬᠣᠯᠠ

2213 ᠬᠠᠷᠠᠮᠴᠢ ᠬᠥᠮᠦᠨ ᠳ᠋ᠦ᠍ ᠬᠠᠨᠢ ᠦᠭᠡᠢ
ᠬᠠᠷ᠎ᠠ ᠤᠰᠤᠨ ᠳ᠋ᠤ᠌ ᠥᠷᠥᠮ᠎ᠡ ᠦᠭᠡᠢ

2214 ᠬᠠᠷᠠᠮᠴᠢ ᠬᠥᠮᠦᠨ ᠦ᠌ ᠰᠠᠨᠠᠭ᠎ᠠ ᠳᠦᠭᠦᠷᠳᠡᠭ ᠦᠭᠡᠢ
ᠬᠠᠷ᠎ᠠ ᠨᠣᠬᠠᠢ ᠶ᠋ᠢᠨ ᠭᠡᠳᠡᠰᠦ ᠴᠠᠳᠳᠠᠭ ᠦᠭᠡᠢ

2215 ᠬᠠᠷᠠᠮᠴᠢ ᠬᠥᠮᠦᠨ ᠦ᠌ ᠦᠭᠡᠢ ᠣᠯᠠᠨ
ᠬᠣᠣᠷᠲᠤ ᠬᠥᠮᠦᠨ ᠦ᠌ ᠮᠡᠬᠡ ᠣᠯᠠᠨ

2216 ᠬᠠᠷᠠᠮᠴᠢ ᠡᠵᠡᠨ ᠦ᠌
ᠬᠢᠲᠤᠭ᠎ᠠ ᠮᠣᠬᠣᠭᠣ

2217 ᠬᠠᠷᠠᠩᠭᠤᠢ ᠰᠥᠨᠢ ᠭᠠᠵᠠᠷ ᠬᠣᠯᠠ
ᠬᠠᠷᠠᠮᠴᠢ ᠬᠥᠮᠦᠨ ᠳ᠋ᠦ᠍ ᠨᠥᠬᠥᠷ ᠬᠣᠯᠠ

2218 ᠬᠠᠷᠠᠩᠭᠤᠢ ᠰᠥᠨᠢ ᠶ᠋ᠢᠨ ᠵᠡᠭᠦᠳᠦ
ᠭᠡᠭᠡᠨ ᠡᠳᠦᠷ ᠦ᠋ᠨ ᠪᠣᠳᠣᠯ ᠪᠣᠯᠬᠤ

2219 ᠬᠠᠷᠠᠩᠭᠤᠢ ᠶ᠋ᠢ ᠭᠡᠷᠡᠯ ᠢᠳᠡᠳᠡᠭ
ᠬᠠᠲᠠᠭᠤ ᠶ᠋ᠢ ᠵᠥᠭᠡᠯᠡᠨ ᠢᠳᠡᠳᠡᠭ

2220 ᠬᠠᠷᠠᠩᠭᠤᠢ ᠶ᠋ᠢ ᠲᠤᠭᠤᠯᠪᠠᠯ
ᠭᠡᠭᠡ ᠶ᠋ᠢ ᠦᠵᠡᠨ᠎ᠡ
ᠬᠠᠲᠠᠭᠤ ᠶ᠋ᠢ ᠲᠤᠭᠤᠯᠪᠠᠯ
ᠵᠢᠷᠭᠠᠯ ᠢ᠋ ᠡᠳ᠋ᠯᠡᠨ᠎ᠡ

2221 ᠬᠠᠷᠠᠩᠭᠤᠢ ᠳ᠋ᠤ᠌ ᠵᠤᠯᠠ ᠪᠣᠯᠵᠤ
ᠬᠠᠯᠠᠭᠤᠨ ᠳ᠋ᠤ᠌ ᠰᠡᠭᠦᠳᠡᠷ ᠪᠣᠯᠬᠤ

2222 ᠬᠠᠷᠠᠬᠤ ᠨᠢᠳᠦᠨ ᠦ᠌ ᠴᠡᠴᠡᠭᠡᠢ ᠮᠡᠲᠦ
ᠬᠠᠯᠠᠭᠤᠨ ᠵᠢᠷᠦᠬᠡᠨ ᠦ᠌ ᠲᠣᠯᠢ ᠮᠡᠲᠦ

2223 ᠬᠠᠷᠪᠤᠭ᠎ᠠ ᠦᠭᠡᠢ ᠪᠠᠢᠬᠤ ᠳ᠋ᠤ᠌ ᠮᠡᠷᠭᠡᠨ ᠣᠯᠠᠨ
ᠪᠠᠷᠢᠯᠳᠤᠭ᠎ᠠ ᠦᠭᠡᠢ ᠪᠠᠢᠬᠤ ᠳ᠋ᠤ᠌ ᠪᠥᠬᠡ ᠣᠯᠠᠨ

2224 ᠬᠠᠷᠪᠤᠭᠰᠠᠨ ᠰᠤᠮᠤ
ᠬᠠᠷᠢᠵᠤ ᠢᠷᠡᠳᠡᠭ ᠦᠭᠡᠢ

2225 ᠬᠠᠷᠭᠢᠰ ᠭᠡᠭᠴᠢ ᠮᠠᠭᠤ ᠡᠷ᠎ᠡ ᠶ᠋ᠢᠨ ᠶᠠᠪᠤᠳᠠᠯ
ᠰᠢᠳᠤᠷᠭᠤ ᠭᠡᠭᠴᠢ ᠴᠢᠳᠠᠯᠲᠠᠢ ᠬᠥᠮᠦᠨ ᠦ᠌ ᠶᠣᠰᠣ

2226 ᠬᠠᠷᠢᠮᠠᠲᠠᠭᠠᠢ ᠬᠥᠮᠦᠨ ᠦ᠌ ᠬᠠᠯᠠᠰᠢᠷᠠᠬᠤ ᠨᠢ ᠣᠯᠠᠨ
ᠬᠠᠵᠢᠭ ᠬᠥᠮᠦᠨ ᠦ᠌ ᠤᠴᠠᠭᠠᠷᠯᠠᠬᠤ ᠨᠢ ᠣᠯᠠᠨ

2227 ᠬᠠᠷᠢᠬᠤ ᠰᠢᠪᠠᠭᠤᠨ ᠤ᠋ ᠨᠢᠰᠬᠦ ᠨᠢ ᠣᠨᠳᠣᠣ
ᠬᠠᠨᠢᠯᠠᠬᠤ ᠬᠥᠮᠦᠨ ᠦ᠌ ᠬᠠᠷᠠᠬᠤ ᠨᠢ ᠣᠨᠳᠣᠣ

2228 ᠬᠠᠷᠠᠴᠤ ᠬᠥᠮᠦᠨ ᠠᠷᠢᠬᠢ ᠤᠤᠭᠤᠪᠠᠯ
ᠬᠠᠭᠠᠨ ᠲᠠᠢ ᠠᠳᠠᠯᠢ ᠠᠭᠠᠰᠢᠯᠠᠬᠤ

2229 ᠬᠠᠷ᠎ᠠ ᠶ᠋ᠢ ᠴᠠᠭᠠᠨ ᠪᠣᠯᠭᠠᠵᠤ
ᠬᠤᠯᠤᠭᠠᠨ᠎ᠠ ᠶ᠋ᠢ ᠵᠠᠭᠠᠨ ᠪᠣᠯᠭᠠᠬᠤ

2230 ᠬᠠᠷᠢ ᠳ᠋ᠤ᠌ ᠥᠭᠭᠦᠭᠰᠡᠨ ᠬᠡᠦᠬᠡᠨ
ᠬᠠᠳᠠᠨ ᠳ᠋ᠤ᠌ ᠬᠠᠷᠪᠤᠭᠰᠠᠨ ᠰᠤᠮᠤ

2231 ᠬᠠᠳᠬᠤᠯᠳᠤᠬᠤ ᠳᠠᠢᠰᠤᠨ ᠳ᠋ᠤ᠌
ᠠᠮᠢ ᠪᠠᠨ ᠪᠤᠤ ᠬᠠᠢᠷᠠᠯᠠ
ᠬᠠᠯᠠᠮᠵᠢᠯᠠᠬᠤ ᠬᠥᠮᠦᠨ ᠳ᠋ᠦ᠍
ᠶᠠᠭᠤᠮ᠎ᠠ ᠪᠠᠨ ᠪᠤᠤ ᠬᠠᠢᠷᠠᠯᠠ

2232 ᠬᠠᠲᠠᠷᠢᠶᠠᠴᠢ ᠮᠣᠷᠢᠨ ᠤ᠋ ᠬᠣᠨᠳᠣᠯᠠᠢ ᠨᠣᠢᠲᠠᠨ
ᠬᠠᠷᠢᠶᠠᠯᠴᠢ ᠡᠬᠡᠨᠡᠷ ᠦ᠋ᠨ ᠠᠮᠠ ᠨᠣᠢᠲᠠᠨ

2233 ᠬᠠᠲᠠᠭᠰᠠᠨ ᠲᠣᠭᠣᠷᠢᠮ ᠠ᠋ᠴᠠ ᠬᠠᠮᠤᠭ ᠰᠢᠪᠠᠭᠤ ᠵᠠᠢᠯᠠᠨ᠎ᠠ
ᠬᠠᠷ᠎ᠠ ᠳᠣᠲᠣᠷᠠᠲᠠᠨ ᠠ᠋ᠴᠠ ᠬᠠᠨᠢ ᠨᠥᠬᠥᠷ ᠵᠠᠢᠯᠠᠨ᠎ᠠ

2234 ᠬᠠᠲᠠᠭᠰᠠᠨ ᠨᠠᠪᠴᠢ ᠱᠠᠷᠴᠢᠭᠢᠨᠠᠪᠠᠯ
ᠬᠠᠷ᠎ᠠ ᠰᠠᠯᠬᠢ ᠭᠠᠷᠤᠨ᠎ᠠ
ᠬᠠᠷ᠎ᠠ ᠰᠢᠷᠭᠤᠯᠵᠢ ᠣᠪᠣᠭᠠᠷᠠᠯᠳᠤᠪᠠᠯ
ᠬᠤᠷ᠎ᠠ ᠪᠣᠷᠣᠭ᠎ᠠ ᠣᠷᠣᠨ᠎ᠠ

2235 ᠬᠠᠲᠠᠭᠤ ᠭᠠᠵᠠᠷ ᠪᠠᠭᠤᠪᠠᠯ
ᠣᠷᠣᠬᠤ ᠭᠠᠷᠬᠤ ᠳ᠋ᠤ᠌ ᠮᠠᠲᠠᠯ ᠲᠠᠢ
ᠬᠠᠷᠠᠮᠴᠢ ᠪᠡᠷᠢ ᠲᠡᠢ ᠪᠣᠯᠪᠠᠯ
ᠬᠤᠷᠢᠮ ᠬᠢᠬᠦ ᠳ᠋ᠦ᠍ ᠶᠠᠪᠤᠳᠠᠯ ᠲᠠᠢ

2236 ᠬᠠᠲᠠᠭᠤ ᠰᠡᠳᠬᠢᠯ ᠵᠢᠳᠠ
ᠬᠠᠷ᠎ᠠ ᠰᠠᠨᠠᠭ᠎ᠠ ᠬᠣᠣᠷ

2237 ᠬᠠᠲᠠᠭᠤᠵᠢᠵᠤ ᠶᠠᠪᠤᠪᠠᠯ ᠠᠰᠢᠳᠠ ᠲᠤᠰᠠᠲᠠᠢ
ᠦᠨᠡᠨᠴᠢ ᠶᠠᠪᠤᠪᠠᠯ ᠡᠭᠦᠷᠢᠳᠡ ᠲᠤᠰᠠᠲᠠᠢ

2238 ᠬᠠᠬᠠᠭᠰᠠᠨ ᠳᠡᠭᠡᠷ᠎ᠡ ᠨᠢ ᠨᠢᠳᠤᠷᠴᠤ
ᠬᠠᠵᠠᠢᠭᠰᠠᠨ ᠳᠡᠭᠡᠷ᠎ᠡ ᠨᠢ ᠲᠦᠯᠬᠢᠬᠦ

2239 ᠬᠠᠴᠠᠷ ᠤ᠋ᠨ ᠭᠬᠢᠷ ᠢ᠋ ᠤᠬᠢᠶᠠᠬᠤ ᠳ᠋ᠤ᠌ ᠠᠷᠢᠯᠤᠨ᠎ᠠ
ᠬᠠᠷ᠎ᠠ ᠰᠠᠨᠠᠭ᠎ᠠ ᠶ᠋ᠢ ᠬᠤᠰᠤᠪᠠᠴᠤ ᠠᠷᠢᠯᠬᠤ ᠦᠭᠡᠢ

2240 ᠬᠠᠰᠢᠶ᠎ᠠ ᠮᠠᠭᠤᠲᠠᠢ ᠪᠣᠯ
ᠮᠠᠯ ᠢ᠋ᠶ᠋ᠠᠨ ᠠᠯᠳᠠᠬᠤ ᠶ᠋ᠢᠨ ᠲᠡᠮᠳᠡᠭ

2241 ᠬᠠᠨᠢ ᠮᠠᠭᠤᠲᠠᠢ ᠪᠣᠯ
ᠬᠥᠮᠦᠨ ᠢ᠋ᠶ᠋ᠡᠨ ᠠᠯᠳᠠᠬᠤ ᠶ᠋ᠢᠨ ᠲᠡᠮᠳᠡᠭ

2242 ᠬᠢᠪᠡᠯ ᠪᠤᠤ ᠠᠶᠤ
ᠠᠶᠤᠪᠠᠯ ᠪᠤᠤ ᠬᠢ

2243 ᠬᠡᠢᠮᠣᠷᠢ ᠨᠢ ᠳᠣᠷᠣᠢᠲᠠᠵᠤ
ᠬᠡᠰᠢᠭ ᠪᠤᠶᠠᠨ ᠨᠢ ᠵᠠᠢᠯᠠᠬᠤ

2244 ᠬᠢᠭᠰᠡᠨ ᠠᠵᠢᠯ ᠢ᠋ᠶ᠋ᠠᠨ ᠡᠷᠭᠢᠵᠦ ᠬᠠᠷᠠ
ᠬᠡᠯᠡᠭᠰᠡᠨ ᠦᠭᠡ ᠪᠡᠨ ᠡᠷᠭᠢᠭᠦᠯᠵᠦ ᠪᠣᠳᠣ

2245 ᠬᠢᠬᠦ ᠦᠭᠡᠢ ᠬᠥᠮᠦᠨ ᠦ᠌ ᠦᠭᠡ ᠨᠢ ᠣᠯᠠᠨ
ᠬᠥᠭᠵᠢᠬᠦ ᠦᠭᠡᠢ ᠭᠠᠯ ᠤ᠋ᠨ ᠤᠲᠤᠭ᠎ᠠ ᠨᠢ ᠶᠡᠬᠡ

2246 ᠬᠢᠬᠦ ᠳ᠋ᠦ᠍ ᠪᠤᠤ ᠵᠠᠯᠬᠠᠭᠤᠷᠠ
ᠰᠤᠷᠬᠤ ᠳ᠋ᠤ᠌ ᠪᠤᠤ ᠮᠡᠳᠡᠮᠡᠬᠡᠢᠷᠡ

2247 ᠬᠢᠯᠢᠩ ᠶᠡᠬᠡᠲᠦ ᠶ᠋ᠢ ᠠᠷᠭ᠎ᠠ ᠪᠠᠷ
ᠬᠢᠯᠢᠨᠴᠡ ᠶᠡᠬᠡᠲᠦ ᠶ᠋ᠢ ᠨᠣᠮ ᠢ᠋ᠶ᠋ᠠᠷ

2248 ᠬᠢᠯᠢᠩ ᠬᠣᠷᠣᠰᠤᠯ ᠠ᠋ᠴᠠ ᠭᠠᠷᠤᠨ᠎ᠠ
ᠬᠢᠯᠢᠰ ᠪᠤᠷᠤᠭᠤ ᠠ᠋ᠴᠠ ᠭᠠᠷᠤᠨ᠎ᠠ

2249 ᠬᠢᠷᠢ ᠪᠡᠨ ᠮᠡᠳᠡᠵᠦ
ᠪᠢᠷ᠎ᠠ ᠪᠠᠨ ᠲᠠᠨᠢ

2250 ᠬᠢᠷᠢ ᠪᠡᠨ ᠮᠡᠳᠡᠬᠦ ᠦᠭᠡᠢ ᠳᠡᠭᠡᠷᠡᠩᠭᠦᠢ ᠵᠠᠩ
ᠬᠢᠭᠰᠡᠨ ᠢ᠋ᠶ᠋ᠡᠨ ᠮᠡᠳᠡᠬᠦ ᠦᠭᠡᠢ ᠮᠡᠯᠵᠢᠬᠦ ᠵᠠᠩ

2251 ᠬᠢᠷᠢ ᠪᠡᠨ ᠮᠡᠳᠡᠬᠦ ᠦᠭᠡᠢ ᠬᠡᠷᠢᠶ᠎ᠡ
ᠯᠤᠤ ᠶ᠋ᠢᠨ ᠮᠢᠬᠠᠨ ᠳ᠋ᠤ᠌ ᠳᠤᠷᠠᠯᠠᠬᠤ

2252 ᠬᠢᠷᠢ ᠡᠴᠡ ᠪᠡᠨ ᠢᠯᠡᠭᠦᠦ ᠬᠡᠲᠦᠷᠡᠳᠡᠭ ᠦᠭᠡᠢ
ᠬᠡᠮᠵᠢᠶ᠎ᠡ ᠡᠴᠡ ᠪᠡᠨ ᠢᠯᠡᠭᠦᠦ ᠥᠭᠳᠡᠭ ᠦᠭᠡᠢ

2253 ᠬᠢᠴᠢᠶᠡᠭᠰᠡᠨ ᠬᠥᠮᠦᠨ ᠦ᠌ ᠭᠡᠳᠡᠰᠦ ᠴᠠᠳᠬᠤᠯᠠᠩ
ᠵᠠᠯᠬᠠᠭᠤᠷᠠᠭᠰᠠᠨ ᠬᠥᠮᠦᠨ ᠦ᠌ ᠭᠡᠳᠡᠰᠦ ᠥᠯᠥᠰᠬᠦᠯᠡᠩ

2254 ᠬᠡᠰᠢᠭ ᠦᠭᠡᠢ ᠬᠥᠮᠦᠨ ᠦ᠌ ᠠᠮᠠᠨ ᠳ᠋ᠤ᠌
ᠬᠡᠰᠢᠭ ᠲᠡᠢ ᠬᠣᠭᠣᠯᠠ ᠣᠷᠣᠳᠠᠭ ᠦᠭᠡᠢ

2255 ᠬᠣᠪ ᠵᠥᠭᠡᠭᠡᠭᠰᠡᠨ ᠬᠥᠮᠦᠨ ᠦ᠌ ᠠᠮᠠ ᠵᠠᠪ ᠦᠭᠡᠢ
ᠬᠣᠮᠣᠯ ᠲᠡᠭᠦᠭᠰᠡᠨ ᠬᠥᠮᠦᠨ ᠦ᠌ ᠭᠠᠷ ᠵᠠᠪ ᠦᠭᠡᠢ

2256 ᠬᠣᠪ ᠦᠭᠡ ᠲᠤᠰᠠ ᠦᠭᠡᠢ
ᠬᠣᠨᠢᠨ ᠤ᠋ ᠪᠦᠯᠡᠬᠡ ᠱᠥᠯᠥ ᠦᠭᠡᠢ

2257 ᠬᠣᠪᠳᠣᠭ ᠬᠥᠮᠦᠨ ᠬᠡᠷᠢᠶ᠎ᠡ ᠲᠡᠢ ᠠᠳᠠᠯᠢ
ᠬᠣᠪᠴᠢ ᠬᠥᠮᠦᠨ ᠨᠣᠬᠠᠢ ᠲᠠᠢ ᠠᠳᠠᠯᠢ

2258 ᠬᠣᠪᠳᠣᠭ ᠬᠥᠮᠦᠨ ᠦ᠌
ᠬᠦᠰᠡᠯ ᠨᠢ ᠬᠠᠨᠳᠠᠭ ᠦᠭᠡᠢ

2259 ᠬᠣᠪᠳᠣᠭ ᠬᠥᠮᠦᠨ ᠦ᠌
ᠰᠠᠨᠠᠭ᠎ᠠ ᠬᠠᠩᠬᠤ ᠦᠭᠡᠢ
ᠬᠣᠣᠷᠲᠤ ᠬᠥᠮᠦᠨ ᠦ᠌
ᠰᠡᠳᠬᠢᠯ ᠵᠥᠭᠡᠯᠡᠷᠡᠬᠦ ᠦᠭᠡᠢ

2260 ᠬᠣᠪᠳᠣᠭ ᠬᠥᠮᠦᠨ ᠦ᠌ ᠬᠣᠳᠣᠭᠣᠳᠣ
ᠬᠣᠪᠴᠢ ᠬᠥᠮᠦᠨ ᠦ᠌ ᠬᠣᠩᠰᠢᠶᠠᠷ

2261 ᠬᠣᠪ ᠲᠤ ᠠᠰᠢᠭ ᠦᠭᠡᠢ
ᠬᠤᠳᠠᠯ ᠳ᠋ᠤ᠌ ᠦᠨ᠎ᠡ ᠦᠭᠡᠢ

2262 ᠬᠣᠪ ᠢ᠋ᠶ᠋ᠠᠷ ᠬᠣᠭᠣᠯᠠ ᠬᠢᠬᠦ
ᠬᠣᠣᠷᠠᠵᠠ ᠪᠠᠷ ᠤᠮᠳᠠ ᠬᠢᠬᠦ

2263 ᠬᠣᠪᠴᠢ ᠬᠥᠮᠦᠨ ᠠᠢᠯ ᠡᠪᠳᠡᠨ᠎ᠡ
ᠬᠣᠪᠳᠣᠭ ᠨᠣᠬᠠᠢ ᠭᠡᠷ ᠪᠤᠵᠠᠷᠯᠠᠨ᠎ᠠ

2264 ᠬᠣᠪᠴᠢ ᠬᠥᠮᠦᠨ ᠬᠣᠰᠢᠭᠤ ᠪᠠᠨ ᠴᠢᠰᠤᠳᠠᠳᠠᠭ
ᠢᠷᠦᠭᠡᠯᠴᠢ ᠬᠥᠮᠦᠨ ᠬᠣᠰᠢᠭᠤ ᠪᠠᠨ ᠲᠣᠰᠣᠳᠠᠳᠠᠭ

2265 ᠬᠣᠪᠴᠢ ᠬᠥᠮᠦᠨ ᠳ᠋ᠦ᠍ ᠨᠣᠶᠠᠨ ᠠᠮᠠᠷᠠᠭ
ᠪᠠᠭᠠᠷᠠᠩ ᠬᠥᠮᠦᠨ ᠳ᠋ᠦ᠍ ᠨᠣᠬᠠᠢ ᠠᠮᠠᠷᠠᠭ

2266 ᠬᠣᠪᠴᠢ ᠬᠥᠮᠦᠨ ᠦ᠌ ᠬᠣᠩᠰᠢᠶᠠᠷ
ᠬᠣᠣᠷᠲᠤ ᠮᠣᠭᠠᠢ ᠶ᠋ᠢᠨ ᠰᠢᠳᠦ

2267 ᠬᠣᠪᠴᠢ ᠬᠥᠮᠦᠨ ᠲᠡᠢ ᠶᠠᠷᠢᠯᠴᠠᠪᠠᠯ
ᠬᠥᠮᠦᠨ ᠦ᠌ ᠮᠠᠭᠤ ᠶᠢ ᠲᠤᠭᠤᠯᠬᠤ
ᠬᠤᠳᠠᠯᠴᠢ ᠬᠥᠮᠦᠨ ᠲᠡᠢ ᠠᠭᠤᠯᠵᠠᠪᠠᠯ
ᠥᠪᠡᠷ ᠦ᠋ᠨ ᠢᠶᠠᠨ ᠮᠠᠭᠤ ᠶ᠋ᠢ ᠮᠡᠳᠡᠬᠦ

2268 ᠬᠣᠭ ᠨᠣᠪᠰᠢ ᠦᠭᠡᠢ ᠪᠣᠯ ᠭᠡᠷ ᠴᠡᠪᠡᠷ
ᠬᠡᠷᠡᠭᠦᠯ ᠱᠤᠤᠭᠢᠶᠠᠨ ᠦᠭᠡᠢ ᠪᠣᠯ ᠰᠡᠳᠬᠢᠯ ᠠᠮᠤᠷ

2269 ᠬᠣᠳᠣᠭᠣᠳᠣ ᠨᠢ ᠴᠠᠳᠪᠠᠴᠤ
ᠬᠣᠮᠣᠬᠠᠢ ᠰᠡᠳᠬᠢᠯ ᠨᠢ ᠴᠠᠳᠬᠤ ᠦᠭᠡᠢ

2270 ᠬᠣᠶᠠᠷ ᠪᠡᠶ᠎ᠡ ᠲᠠᠭᠠᠷᠠᠬᠤ ᠦᠭᠡᠢ ᠪᠣᠯ
ᠰᠠᠯᠬᠤ ᠶ᠋ᠢᠨ ᠲᠡᠮᠳᠡᠭ
ᠬᠣᠭᠣᠯᠠ ᠤᠮᠳᠠ ᠪᠠᠨ ᠭᠣᠯᠣᠪᠠᠯ
ᠥᠯᠥᠰᠬᠦ ᠶ᠋ᠢᠨ ᠲᠡᠮᠳᠡᠭ

2271 ᠬᠣᠶᠠᠷ ᠳᠠᠯᠠᠢ ᠬᠣᠯᠠ ᠣᠷᠣᠰᠢᠪᠠᠴᠤ
ᠠᠭᠤᠷ ᠮᠠᠨᠠᠨ ᠢ᠋ᠶ᠋ᠠᠷ ᠨᠡᠢᠯᠡᠳᠡᠭ
ᠬᠣᠶᠠᠷ ᠬᠥᠮᠦᠨ ᠬᠣᠯᠠ ᠲᠥᠷᠥᠪᠡᠴᠦ
ᠶᠠᠪᠤᠳᠠᠯ ᠵᠠᠮ ᠳ᠋ᠠᠭᠠᠨ ᠤᠴᠠᠷᠠᠳᠠᠭ

2272 ᠬᠣᠶᠠᠷ ᠨᠠᠷᠠ ᠭᠠᠷᠪᠠᠯ
ᠬᠤᠳᠳᠤᠭ ᠤ᠋ᠨ ᠤᠰᠤ ᠰᠢᠷᠭᠢᠨ᠎ᠡ
ᠬᠣᠶᠠᠷ ᠬᠠᠭᠠᠨ ᠰᠠᠭᠤᠪᠠᠯ
ᠬᠠᠮᠤᠭ ᠤᠯᠤᠰ ᠮᠥᠬᠥᠨ᠎ᠡ

2273 ᠬᠣᠶᠠᠷ ᠨᠣᠬᠠᠢ ᠶ᠋ᠢᠨ ᠬᠣᠭᠣᠷᠣᠨᠳᠣ
ᠶᠠᠰᠤ ᠪᠢᠲᠡᠭᠡᠢ ᠬᠠᠶᠠ
ᠬᠣᠶᠠᠷ ᠨᠥᠬᠥᠷ ᠦ᠋ᠨ ᠬᠣᠭᠣᠷᠣᠨᠳᠣ
ᠬᠣᠪ ᠪᠢᠲᠡᠭᠡᠢ ᠵᠥᠭᠡᠭᠡ

2274 ᠬᠣᠶᠠᠷ ᠰᠠᠢᠨ ᠬᠥᠮᠦᠨ ᠬᠠᠷᠰᠢ ᠪᠣᠯᠤᠯᠴᠠᠬᠤ ᠦᠭᠡᠢ
ᠬᠣᠶᠠᠷ ᠮᠠᠭᠤ ᠬᠥᠮᠦᠨ ᠬᠦᠷᠰᠢ ᠪᠣᠯᠤᠯᠴᠠᠬᠤ ᠦᠭᠡᠢ

2275 ᠬᠣᠶᠠᠷ ᠰᠡᠯᠡᠮ᠎ᠡ
ᠨᠢᠭᠡ ᠬᠤᠢ ᠳ᠋ᠤ᠌ ᠪᠠᠭᠲᠠᠬᠤ ᠦᠭᠡᠢ

2276 ᠬᠣᠶᠠᠷ ᠬᠥᠮᠦᠨ ᠬᠡᠷᠡᠯᠳᠦᠬᠦ ᠳ᠋ᠦ᠍
ᠬᠣᠷᠢᠨ ᠬᠥᠮᠦᠨ ᠰᠠᠯᠭᠠᠳᠠᠭ

2277 ᠬᠣᠶᠠᠷ ᠬᠥᠮᠦᠨ ᠡᠪᠲᠡᠢ ᠪᠣᠯ
ᠲᠡᠮᠦᠷ ᠬᠡᠷᠡᠮ ᠮᠡᠲᠦ ᠪᠠᠲᠤ
ᠬᠣᠷᠢᠨ ᠬᠥᠮᠦᠨ ᠡᠪ ᠦᠭᠡᠢ ᠪᠣᠯ
ᠡᠪᠳᠡᠷᠬᠡᠢ ᠬᠡᠷᠡᠮ ᠮᠡᠲᠦ ᠬᠡᠪᠡᠷᠡᠭ

2278 ᠬᠣᠶᠠᠷ ᠰᠡᠴᠡᠨ ᠨᠢᠭᠡᠳᠪᠡᠯ
ᠰᠠᠢᠨ ᠦᠢᠯᠡ ᠬᠢᠬᠦ
ᠬᠣᠶᠠᠷ ᠲᠡᠨᠡᠭ ᠨᠢᠭᠡᠳᠪᠡᠯ
ᠮᠠᠭᠤ ᠪᠠᠯᠠᠭ ᠲᠠᠷᠢᠬᠤ

2279 ᠬᠣᠢᠲᠤ ᠤᠷᠲᠤ ᠵᠦᠭ ᠮᠡᠳᠡᠬᠦ ᠦᠭᠡᠢ
ᠬᠣᠶᠠᠷ ᠭᠤᠷᠪᠠ ᠶ᠋ᠢᠨ ᠲᠣᠭ᠎ᠠ ᠮᠡᠳᠡᠬᠦ ᠦᠭᠡᠢ

2280 ᠬᠣᠢᠲᠤ ᠬᠣᠷᠮᠣᠢ ᠪᠠᠨ ᠠᠪᠴᠤ
ᠤᠷᠲᠤ ᠬᠣᠷᠮᠣᠢ ᠪᠠᠨ ᠨᠥᠬᠥᠬᠦ

2281 ᠬᠣᠢᠲᠤᠬᠢ ᠪᠠᠨ ᠪᠣᠳᠣᠪᠠᠯ ᠰᠡᠴᠡᠨ
ᠬᠣᠣᠷᠲᠠᠨ ᠢ᠋ᠶ᠋ᠠᠨ ᠳᠠᠷᠤᠪᠠᠯ ᠪᠠᠭᠠᠲᠤᠷ

2282 ᠬᠣᠢᠨ᠎ᠠ ᠢᠷᠡᠭᠰᠡᠨ ᠨᠢ ᠬᠣᠢᠮᠣᠷ ᠲᠤ
ᠤᠷᠢᠳ ᠢᠷᠡᠭᠰᠡᠨ ᠨᠢ ᠡᠭᠦᠳᠡᠨ ᠳ᠋ᠦ᠍

2283 ᠬᠣᠢᠨ᠎ᠠ ᠠ᠋ᠴᠠ ᠢᠷᠡᠭᠡᠳ ᠬᠣᠲᠠ ᠮᠠᠨ ᠤ ᠬᠢ
ᠬᠣᠲᠠᠨ ᠳ᠋ᠤ᠌ ᠣᠷᠣᠭᠠᠳ ᠬᠣᠨᠢ ᠮᠠᠨ ᠤ ᠬᠢ ᠭᠡᠬᠦ

2284 ᠬᠣᠯᠠ ᠭᠠᠵᠠᠷ ᠲᠤ ᠮᠣᠷᠢ ᠪᠠᠨ ᠬᠠᠢᠷᠠᠯᠠ
ᠬᠣᠪᠣᠷ ᠴᠠᠭ ᠲᠤ ᠬᠦᠨᠡᠰᠦ ᠪᠡᠨ ᠭᠠᠮᠨᠠ

2285 ᠬᠣᠯᠠ ᠣᠢᠷ᠎ᠠ ᠬᠣᠶᠠᠷ ᠤ᠋ᠨ ᠬᠣᠭᠣᠷᠣᠨᠳᠣ
ᠬᠣᠩᠬᠣᠨ ᠤ᠋ ᠬᠡᠯᠡ ᠰᠢᠭ ᠪᠥᠩᠵᠢᠭᠡᠨᠡᠬᠦ

2286 ᠬᠣᠯᠠ ᠬᠠᠷᠪᠤᠵᠤ ᠮᠡᠷᠭᠡᠨ ᠪᠣᠯᠳᠠᠭ ᠦᠭᠡᠢ
ᠬᠤᠳᠠᠯ ᠬᠡᠯᠡᠵᠦ ᠰᠡᠴᠡᠨ ᠪᠣᠯᠳᠠᠭ ᠦᠭᠡᠢ

2287 ᠬᠣᠯᠠ ᠶᠠᠪᠤᠬᠤ ᠳ᠋ᠤ᠌ ᠣᠢᠷ᠎ᠠ ᠠ᠋ᠴᠠ
ᠶᠡᠬᠡ ᠶ᠋ᠢ ᠬᠢᠬᠦ ᠳ᠋ᠦ᠍ ᠪᠠᠭ᠎ᠠ ᠠ᠋ᠴᠠ

2288 ᠬᠣᠯᠠ ᠶ᠋ᠢ ᠴᠢᠬᠢ ᠪᠡᠷ ᠢ᠋ᠶ᠋ᠡᠨ ᠳᠣᠭᠣᠯᠳᠠᠭ
ᠣᠢᠷ᠎ᠠ ᠶ᠋ᠢ ᠨᠢᠳᠦ ᠪᠡᠷ ᠢ᠋ᠶ᠋ᠡᠨ ᠦᠵᠡᠳᠡᠭ

2289 ᠬᠣᠯᠠ ᠶ᠋ᠢᠨ ᠬᠥᠮᠦᠨ ᠳ᠋ᠦ᠍ ᠬᠣᠭᠣᠯᠠ ᠬᠢ
ᠣᠢᠷ᠎ᠠ ᠶ᠋ᠢᠨ ᠬᠥᠮᠦᠨ ᠳ᠋ᠦ᠍ ᠣᠷᠣ ᠵᠠᠰᠠ

2290 ᠬᠣᠮᠣᠬᠠᠢ ᠨᠢᠳᠦ ᠬᠣᠷᠣᠬᠠᠢ ᠳ᠋ᠤ᠌ ᠴᠠᠳᠬᠤ
ᠬᠣᠯᠠᠴᠢ ᠰᠠᠨᠠᠭ᠎ᠠ ᠴᠡᠩᠭᠡᠯ ᠳ᠋ᠦ᠍ ᠴᠠᠳᠬᠤ

2291 ᠬᠣᠮᠣᠬᠠᠢ ᠬᠥᠮᠦᠨ
ᠬᠣᠶᠠᠷ ᠪᠡᠶ᠎ᠡ ᠲᠡᠢ ᠪᠣᠯᠬᠤ ᠠ᠋ᠴᠠ ᠪᠤᠴᠠᠬᠤ ᠦᠭᠡᠢ

2292 ᠬᠣᠩ ᠬᠡᠷᠢᠶ᠎ᠡ ᠳᠤᠤᠭᠠᠷᠪᠠᠯ
ᠬᠣᠪᠳᠣᠭ ᠴᠢᠨᠣ᠎ᠠ ᠢᠷᠡᠳᠡᠭ

2293 ᠬᠣᠩ ᠬᠡᠷᠢᠶ᠎ᠡ ᠬᠣᠭᠣᠰᠣᠨ ᠬᠠᠰᠬᠢᠷᠳᠠᠭ ᠦᠭᠡᠢ
ᠬᠣᠨᠢ ᠮᠠᠯ ᠬᠣᠭᠣᠰᠣᠨ ᠦᠷᠭᠦᠳᠡᠭ ᠦᠭᠡᠢ

2294 ᠬᠣᠩ ᠬᠡᠷᠢᠶ᠎ᠡ ᠤᠯᠠᠢᠴᠢ
ᠬᠣᠶᠠᠷ ᠬᠡᠦᠬᠡᠨ ᠵᠢᠲᠥᠭᠡᠴᠢ

2295 ᠬᠣᠨᠵᠢᠩ ᠤ᠋ᠨ ᠡᠴᠦᠰ ᠥᠪᠡᠷ ᠲᠡᠭᠡᠨ
ᠬᠣᠪ ᠤ᠋ᠨ ᠡᠴᠦᠰ ᠡᠵᠡᠨ ᠳ᠋ᠡᠭᠡᠨ

2296 ᠬᠣᠨᠢᠨ ᠤ᠋ ᠠᠷᠠᠰᠤ ᠨᠥᠮᠥᠷᠦᠭᠰᠡᠨ ᠴᠢᠨᠣ᠎ᠠ
ᠬᠣᠶᠠᠷ ᠨᠢᠭᠤᠷ ᠭᠠᠷᠭᠠᠭᠰᠠᠨ ᠬᠥᠮᠦᠨ

2297 ᠬᠣᠨᠢᠨ ᠤ᠋ ᠲᠣᠯᠣᠭᠠᠢ ᠡᠯᠭᠦᠭᠡᠳ
ᠨᠣᠬᠠᠢ ᠶ᠋ᠢᠨ ᠮᠢᠬ᠎ᠠ ᠬᠤᠳᠠᠯᠳᠤᠬᠤ

2298 ᠬᠣᠨᠣᠴᠠ ᠬᠣᠨᠣᠴᠠ ᠳ᠋ᠠᠭᠠᠨ
ᠳᠤᠷ᠎ᠠ ᠦᠭᠡᠢ
ᠬᠣᠨᠣᠭᠤᠯᠤᠭᠰᠠᠨ ᠠᠢᠯ ᠬᠣᠶᠠᠭᠤᠯᠠ ᠳ᠋ᠤᠨᠢ
ᠳᠤᠷ᠎ᠠ ᠦᠭᠡᠢ

2299 ᠬᠣᠨᠢ ᠭᠠᠲᠤᠯᠤᠭᠰᠠᠨ ᠤᠰᠤ ᠶ᠋ᠢ
ᠴᠢᠨᠣ᠎ᠠ ᠰᠢᠨᠤᠨ ᠳᠣᠯᠢᠶᠠᠬᠤ

2300 ᠬᠣᠨᠢ ᠭᠡᠬᠦ ᠳ᠋ᠦ᠍ ᠬᠣᠢᠰᠢ ᠤᠬᠤᠷᠢᠳᠠᠭ
ᠬᠣᠪ ᠬᠢᠬᠦ ᠳ᠋ᠦ᠍ ᠣᠷᠣᠭᠰᠢ ᠳᠠᠪᠰᠢᠳᠠᠭ

2301 ᠬᠣᠨᠢ ᠨᠢᠭᠡ ᠲᠥᠷᠥᠭᠡᠳ
ᠮᠢᠩᠭ᠎ᠠ ᠪᠠᠷ ᠦᠷᠡᠵᠢᠨ᠎ᠡ
ᠴᠢᠨᠣ᠎ᠠ ᠠᠷᠪᠠ ᠪᠠᠷ ᠲᠥᠷᠥᠭᠡᠳ ᠴᠦ᠍
ᠰᠦᠷᠦᠭ ᠪᠣᠯᠬᠤ ᠦᠭᠡᠢ

2302 ᠬᠣᠨᠢ ᠨᠢ ᠴᠦ᠍ ᠮᠡᠨᠳᠦ
ᠴᠢᠨᠣ᠎ᠠ ᠨᠢ ᠴᠦ᠍ ᠴᠠᠳᠬᠤᠯᠠᠩ

2303 ᠬᠣᠨᠢᠨ ᠤ᠋ ᠬᠡᠰᠢᠭ ᠳᠠᠭᠠᠷᠢᠵᠤ
ᠬᠣᠨᠣᠴᠠ ᠶ᠋ᠢᠨ ᠡᠭᠡᠯᠵᠢ ᠢᠷᠡᠬᠦ

2304 ᠬᠣᠭᠣᠯᠠ ᠪᠣᠯᠲᠠᠯ᠎ᠠ
ᠰᠢᠭᠢᠷ᠎ᠡ ᠵᠤᠭ᠎ᠠ

 

2305 ᠬᠣᠭᠣᠯᠠ ᠬᠣᠷᠣᠭᠠᠵᠤ ᠬᠣᠨᠣᠭ ᠥᠩᠭᠡᠷᠡᠭᠡᠬᠦ
ᠴᠠᠢ ᠤᠤᠭᠤᠵᠤ ᠴᠠᠭ ᠥᠩᠭᠡᠷᠡᠭᠡᠬᠦ

2306 ᠬᠣᠭᠣᠯᠠᠨ ᠤ᠋ ᠪᠠᠭ᠎ᠠ ᠨᠢ ᠠᠮᠲᠠᠲᠠᠢ
ᠣᠯᠵᠠᠨ ᠤ᠋ ᠶᠡᠬᠡ ᠨᠢ ᠠᠰᠢᠭᠲᠠᠢ

2307 ᠬᠣᠭᠣᠯᠠᠨ ᠤ᠋ ᠰᠠᠢᠨ ᠢ᠋ ᠬᠥᠮᠦᠨ ᠳ᠋ᠦ᠍ ᠥᠭ
ᠬᠤᠪᠴᠠᠰᠤᠨ ᠤ᠋ ᠰᠠᠢᠨ ᠢ᠋ ᠪᠡᠶ᠎ᠡ ᠳ᠋ᠡᠭᠡᠨ ᠡᠮᠦᠰ

2308 ᠬᠣᠭᠣᠯᠠᠢ ᠳᠡᠭᠡᠷ᠎ᠡ ᠨᠢ ᠬᠢᠲᠤᠭ᠎ᠠ ᠲᠠᠯᠪᠢᠵᠤ
ᠬᠣᠰᠬᠢᠨᠠᠭ ᠤᠷᠤᠭᠤ ᠨᠢ ᠵᠢᠳᠠ ᠪᠠᠷ ᠬᠠᠳᠬᠤᠬᠤ

2309 ᠬᠣᠭᠣᠯᠠ ᠲᠠᠢ ᠴᠢᠨᠣ᠎ᠠ ᠬᠣᠩᠭᠢᠯ ᠳ᠋ᠤ᠌
ᠬᠣᠭᠣᠯᠠ ᠦᠭᠡᠢ ᠴᠢᠨᠣ᠎ᠠ ᠬᠣᠮᠣᠷᠭᠠᠨ ᠳ᠋ᠤ᠌

2310 ᠬᠣᠭᠣᠰᠣᠨ ᠠᠮᠠ
ᠬᠣᠯᠬᠢᠨᠳᠠᠭ ᠭᠤᠲᠤᠯ

2311 ᠬᠣᠭᠣᠰᠣᠨ ᠫᠤᠤ ᠠ᠋ᠴᠠ
ᠬᠣᠷᠢᠨ ᠬᠥᠮᠦᠨ ᠠᠶᠤᠳᠠᠭ

2312 ᠬᠣᠭᠣᠰᠣᠨ ᠰᠠᠨᠠᠭ᠎ᠠ ᠬᠥᠨᠳᠡᠢ ᠴᠡᠭᠡᠵᠢ
ᠬᠣᠯᠠ ᠶᠠᠪᠤᠬᠤ ᠦᠭᠡᠢ

2313 ᠬᠣᠭᠣᠰᠣᠨ ᠦᠭᠡᠨ ᠳ᠋ᠦ᠍ ᠲᠤᠰᠠ ᠦᠭᠡᠢ
ᠬᠤᠪᠠᠬᠠᠢ ᠮᠣᠳᠣᠨ ᠳ᠋ᠤ᠌ ᠮᠥᠴᠢᠷ ᠦᠭᠡᠢ

2314 ᠬᠣᠭᠣᠰᠣᠨ ᠬᠣᠨᠣᠵᠤ
ᠬᠣᠶᠠᠷ ᠢᠳᠡᠬᠦ ᠦᠭᠡᠢ

2315 ᠬᠣᠭᠣᠰᠣᠨ ᠴᠡᠭᠡᠵᠢᠨ ᠳ᠋ᠦ᠍ ᠡᠷᠳᠡᠮ ᠦᠭᠡᠢ
ᠬᠣᠪᠴᠢ ᠬᠥᠮᠦᠨ ᠳ᠋ᠦ᠍ ᠢᠴᠢᠭᠦᠷᠢ ᠦᠭᠡᠢ

2316 ᠬᠣᠣᠷ ᠪᠠᠭ᠎ᠠ ᠪᠣᠯᠪᠠᠴᠤ
ᠠᠮᠢᠨ ᠳ᠋ᠤ᠌ ᠬᠦᠷᠬᠦ ᠠᠶᠤᠯ ᠲᠠᠢ

2317 ᠬᠣᠣᠷ ᠢᠳᠡᠭᠰᠡᠨ ᠱᠠᠭᠠᠵᠠᠭᠠᠢ ᠰᠢᠭ᠋
ᠬᠣᠶᠠᠷ ᠢᠳᠡᠭᠰᠡᠨ ᠴᠢᠨᠣ᠎ᠠ ᠰᠢᠭ᠋

2318 ᠬᠣᠣᠷ ᠨᠢ ᠪᠤᠴᠠᠯᠵᠤ
ᠬᠣᠨᠵᠢᠩ ᠨᠢ ᠬᠥᠳᠡᠯᠬᠦ

2319 ᠬᠣᠣᠷ ᠨᠢ ᠮᠣᠭᠠᠢ ᠲᠠᠢ ᠠᠳᠠᠯᠢ
ᠬᠣᠪᠳᠣᠭ ᠨᠢ ᠴᠢᠨᠣ᠎ᠠ ᠲᠠᠢ ᠠᠳᠠᠯᠢ

2320 ᠬᠣᠣᠷᠳᠠᠵᠤ ᠪᠤᠰᠤᠳ ᠤ᠋ᠨ ᠭᠡᠮ ᠢ᠋ ᠪᠦᠦ ᠮᠠᠯᠲᠠ
ᠬᠣᠪᠰᠣᠷᠠᠵᠤ ᠬᠡᠷᠡᠭ ᠦᠭᠡᠢ ᠦᠭᠡ ᠪᠦᠦ ᠬᠡᠯᠡ

2321 ᠬᠣᠷᠮᠣᠢ ᠳᠡᠭᠡᠷ᠎ᠡ ᠪᠡᠨ ᠰᠢᠭᠡᠯᠭᠡᠬᠦ ᠦᠷ᠎ᠡ ᠦᠭᠡᠢ ᠪᠣᠯ
ᠬᠡᠭᠦᠷ ᠦ᠋ᠨ ᠳᠡᠭᠡᠷ᠎ᠡ ᠪᠡᠨ ᠰᠢᠷᠣᠢ ᠨᠡᠮᠡᠬᠦ ᠬᠥᠮᠦᠨ ᠦᠭᠡᠢ

2322 ᠬᠣᠷᠤᠨ ᠰᠠᠨᠠᠭ᠎ᠠ ᠥᠪᠡᠷ ᠲᠦ᠍ ᠬᠠᠷᠰᠢ
ᠬᠣᠮᠣᠬᠠᠢ ᠰᠡᠳᠬᠢᠯ ᠭᠥᠷᠥᠩᠬᠡᠨ ᠳ᠋ᠦ᠍ ᠬᠠᠷᠰᠢ

2323 ᠬᠣᠷᠤᠨ ᠦᠭᠡ ᠬᠢᠲᠤᠭ᠎ᠠ
ᠬᠣᠷᠤᠨ ᠰᠠᠨᠠᠭ᠎ᠠ ᠵᠢᠳᠠ

2324 ᠬᠣᠣᠷᠲᠤ ᠢᠳᠡᠭᠡᠨ ᠳ᠋ᠦ᠍ ᠳᠤᠷᠠᠯᠠᠵᠤ
ᠪᠡᠶ᠎ᠡ ᠪᠡᠨ ᠪᠦᠦ ᠪᠠᠷᠠ
ᠬᠠᠤᠯᠢ ᠪᠤᠰᠤ ᠪᠠᠷ ᠶᠠᠪᠤᠵᠤ
ᠬᠦᠨᠳᠦ ᠪᠡᠨ ᠪᠦᠦ ᠪᠠᠷᠠ

2325 ᠬᠣᠣᠷᠲᠤ ᠮᠣᠭᠠᠢ ᠰᠢᠭ᠋ ᠬᠢᠬᠤᠷᠠᠵᠤ
ᠬᠣᠪᠳᠣᠭ ᠴᠢᠨᠣ᠎ᠠ ᠰᠢᠭ᠋ ᠠᠷᠬᠢᠷᠠᠬᠤ

2326 ᠬᠣᠣᠷᠲᠤ ᠮᠣᠭᠠᠢ ᠶ᠋ᠢ ᠨᠠᠷᠢᠨ ᠭᠡᠵᠦ ᠪᠦᠦ ᠪᠡᠷᠢ
ᠬᠤᠯᠠᠭᠠᠢ ᠬᠤᠳᠠᠯ ᠢ᠋ ᠥᠴᠦᠬᠡᠨ ᠭᠡᠵᠦ ᠪᠦᠦ ᠪᠠᠰᠤ

2327 ᠬᠣᠣᠷᠲᠤ ᠮᠣᠭᠠᠢ ᠶ᠋ᠢᠨ ᠬᠡᠯᠡ ᠤᠷᠲᠤ
ᠬᠣᠪᠴᠢ ᠬᠥᠮᠦᠨ ᠦ᠌ ᠬᠣᠩᠰᠢᠶᠠᠷ ᠤᠷᠲᠤ

2328 ᠬᠣᠣᠷᠲᠤ ᠰᠤᠮᠤ ᠪᠠᠷ ᠨᠢᠭᠡ ᠶ᠋ᠢ ᠠᠯᠠᠳᠠᠭ
ᠬᠣᠷᠤᠨ ᠦᠭᠡ ᠪᠡᠷ ᠮᠢᠩᠭ᠎ᠠ ᠶ᠋ᠢ ᠠᠯᠠᠳᠠᠭ

2329 ᠬᠣᠣᠷᠲᠤ ᠬᠥᠮᠦᠨ ᠳ᠋ᠦ᠍ ᠨᠥᠬᠥᠷ ᠦᠭᠡᠢ
ᠬᠤᠯᠴᠢᠭᠠᠷ ᠬᠥᠮᠦᠨ ᠳ᠋ᠦ᠍ ᠢᠲᠡᠭᠡᠯ ᠦᠭᠡᠢ

2330 ᠬᠣᠣᠷᠲᠠᠨ ᠢ᠋ ᠬᠣᠣᠷ ᠢ᠋ᠶ᠋ᠠᠷ ᠨᠢ
ᠰᠢᠷᠠᠳᠡᠨ ᠢ᠋ ᠰᠢᠷ᠎ᠠ ᠪᠠᠷ ᠨᠢ

2331 ᠬᠣᠣᠷᠲᠠᠢ ᠪᠣᠯ ᠨᠥᠬᠥᠷ ᠢ᠋ ᠴᠦ᠍ ᠲᠡᠪᠴᠢ
ᠲᠤᠰᠠᠲᠠᠢ ᠪᠣᠯ ᠳᠠᠢᠰᠤᠨ ᠢ᠋ ᠴᠦ᠍ ᠲᠡᠳᠬᠦ

2332 ᠬᠣᠣᠷᠲᠠᠢ ᠴᠦ᠍ ᠭᠡᠰᠡᠨ
ᠪᠡᠶ᠎ᠡ ᠳ᠋ᠦ᠍ᠨᠢ ᠬᠦᠷᠬᠦ ᠪᠡᠷ ᠠᠲᠤᠷᠢᠳᠠᠭ

2333 ᠬᠣᠷᠣᠬᠠᠢ ᠳ᠋ᠤ᠌ ᠨᠢᠭᠦᠯ ᠦᠭᠡᠢ
ᠬᠣᠣᠷᠲᠠᠨ ᠳ᠋ᠤ᠌ ᠰᠠᠢᠨ ᠦᠭᠡᠢ

2334 ᠬᠣᠲᠠ ᠳᠦᠭᠦᠷᠡᠩ ᠪᠣᠯ
ᠬᠥᠬᠦᠦᠷ ᠳᠦᠭᠦᠷᠡᠩ

2335 ᠬᠣᠱᠣᠩ ᠦᠭᠡ ᠬᠣᠭᠣᠯᠠᠢ ᠳ᠋ᠤ᠌
ᠬᠣᠩᠬᠣ ᠳᠠᠮᠠᠷᠤ ᠯᠠᠮᠠ ᠳ᠋ᠤ᠌

2336 ᠬᠣᠰᠢᠭᠤ ᠨᠡᠮᠡᠬᠦ ᠪᠡᠷ
ᠬᠤᠷᠤᠭᠤ ᠨᠡᠮᠡ

2337 ᠬᠥᠪᠴᠢ ᠶ᠋ᠢᠨ ᠥᠨᠳᠥᠷ ᠲᠡᠮᠡᠭᠡᠨ ᠵᠣᠬᠢᠬᠤ ᠦᠭᠡᠢ
ᠬᠡᠳᠦ ᠨᠠᠷᠢᠨ ᠡᠪᠡᠰᠦ ᠦᠬᠡᠷ ᠲᠦ᠍ ᠵᠣᠬᠢᠬᠤ ᠦᠭᠡᠢ

2338 ᠬᠥᠩᠭᠡᠨ ᠳ᠋ᠦ᠍ ᠬᠦᠵᠦᠭᠦᠦ ᠪᠡᠨ
ᠬᠥᠨᠳᠡᠯᠡᠨ ᠳ᠋ᠦ᠍ ᠬᠥᠯ ᠢ᠋ᠶ᠋ᠡᠨ

2339 ᠬᠥᠭᠰᠢᠳ ᠢ᠋ ᠪᠦᠦ ᠱᠣᠣᠯᠠ
ᠬᠡᠦᠬᠡᠳ ᠢ᠋ ᠪᠦᠦ ᠱᠣᠭᠯᠠ

2340 ᠬᠥᠭᠰᠢᠨ ᠠᠵᠢᠷᠭ᠎ᠠ
ᠵᠢᠷᠣᠭ᠎ᠠ ᠰᠤᠷᠬᠤ

2341 ᠬᠥᠭᠰᠢᠨ ᠠᠵᠢᠷᠭ᠎ᠠ ᠳ᠋ᠤ᠌ ᠵᠢᠷᠣᠭ᠎ᠠ ᠰᠤᠷᠭᠠᠵᠤ
ᠬᠥᠯᠳᠡᠭᠦᠦ ᠭᠠᠵᠠᠷ ᠲᠤ ᠭᠠᠳᠠᠰᠤ ᠱᠢᠭᠠᠬᠤ

2342 ᠬᠥᠭᠰᠢᠨ ᠬᠣᠨᠢ ᠪᠠᠨ ᠠᠯᠠᠬᠤ ᠳ᠋ᠤ᠌
ᠭᠡᠷ ᠵᠠᠭᠤᠷ᠎ᠠ ᠪᠠᠨ ᠵᠥᠪᠯᠡ

2343 ᠬᠥᠭᠰᠢᠨ ᠨᠣᠬᠠᠢ ᠴᠢᠨᠣ᠎ᠠ ᠳ᠋ᠤ᠌ ᠬᠠᠭᠤᠷᠲᠠᠬᠤ ᠦᠭᠡᠢ
ᠬᠠᠰᠢᠷ ᠬᠥᠮᠦᠨ ᠮᠠᠨᠠᠭᠠᠨ ᠳ᠋ᠤ᠌ ᠣᠰᠣᠯᠳᠠᠬᠤ ᠦᠭᠡᠢ

2344 ᠬᠥᠭᠰᠢᠨ ᠬᠥᠮᠦᠨ
ᠬᠡᠦᠬᠡᠳ ᠬᠣᠶᠠᠷ ᠠᠳᠠᠯᠢ

2345 ᠬᠥᠭᠰᠢᠨ ᠬᠥᠮᠦᠨ ᠰᠠᠭᠤᠨ ᠵᠢᠷᠭᠠᠨ᠎ᠠ
ᠵᠠᠯᠠᠭᠤ ᠬᠥᠮᠦᠨ ᠶᠠᠪᠤᠨ ᠵᠢᠷᠭᠠᠨ᠎ᠠ

2346 ᠬᠥᠭᠰᠢᠨ ᠬᠥᠮᠦᠨ ᠦᠬᠦᠬᠦ ᠪᠡᠷ ᠢ᠋ᠶ᠋ᠡᠨ ᠠᠶᠤᠯᠭᠠᠳᠠᠭ
ᠬᠡᠦᠬᠡᠳ ᠤᠬᠢᠯᠠᠬᠤ ᠪᠠᠷ ᠢ᠋ᠶ᠋ᠠᠨ ᠠᠶᠤᠯᠭᠠᠳᠠᠭ

2347 ᠬᠥᠭᠰᠢᠨ ᠴᠢᠨᠣ᠎ᠠ
ᠬᠠᠪᠬᠠᠨ ᠳ᠋ᠤ᠌ ᠣᠷᠣᠬᠤ ᠦᠭᠡᠢ

2348 ᠬᠥᠳᠡᠯᠪᠡᠯ ᠨᠢᠭᠡ ᠶ᠋ᠢ ᠪᠦᠲᠦᠭᠡᠳᠡᠭ
ᠰᠠᠭᠤᠪᠠᠯ ᠨᠢᠭᠡ ᠡᠴᠡ ᠬᠣᠴᠣᠷᠳᠠᠭ

2349 ᠬᠥᠳᠡᠯᠪᠡᠯ ᠬᠥᠯᠥᠰᠥ
ᠵᠣᠭᠰᠣᠪᠠᠯ ᠵᠣᠭᠣᠰ

2350 ᠬᠥᠳᠡᠯᠮᠦᠷᠢ ᠬᠢᠪᠡᠯ ᠴᠠᠳᠬᠤᠯᠠᠩ
ᠬᠥᠨᠵᠢᠯᠡ ᠪᠡᠨ ᠨᠥᠮᠥᠷᠪᠡᠯ ᠳᠤᠯᠠᠭᠠᠨ

2351 ᠬᠥᠳᠡᠯᠦᠭᠰᠡᠨ ᠦ᠌ ᠬᠥᠯᠥᠰᠥ ᠭᠣᠭᠣᠵᠢᠬᠤ
ᠰᠢᠨᠤᠭᠰᠠᠨ ᠤ᠋ ᠰᠢᠯᠦᠰᠦ ᠭᠣᠭᠣᠵᠢᠬᠤ

2352 ᠬᠥᠯ ᠨᠢᠭᠡᠲᠡᠢ
ᠬᠦᠵᠦᠭᠦᠦ ᠬᠣᠯᠪᠣᠭ᠎ᠠ ᠲᠠᠢ

2353 ᠬᠥᠯ ᠬᠡᠷᠡᠭᠡ ᠲᠡᠢ
ᠬᠦᠵᠦᠭᠦᠦ ᠬᠣᠯᠪᠣᠭ᠎ᠠ ᠲᠠᠢ

2354 ᠬᠥᠯᠳᠡᠭ ᠦᠭᠡᠢ ᠦᠬᠡᠷ ᠦ᠋ᠨ ᠬᠦᠵᠦᠭᠦᠦ ᠰᠤᠯᠠ
ᠬᠥᠳᠡᠯᠳᠡᠭ ᠦᠭᠡᠢ ᠬᠥᠮᠦᠨ ᠦ᠌ ᠪᠡᠶ᠎ᠡ ᠰᠤᠯᠠ

2355 ᠬᠥᠯᠳᠡᠭᠦᠦ ᠮᠢᠬᠠᠨ ᠳ᠋ᠤ᠌ ᠨᠣᠬᠠᠢ ᠳᠤᠷᠠᠲᠠᠢ
ᠬᠡᠭᠡᠯᠢ ᠬᠠᠬᠤᠤᠯᠢ ᠳ᠋ᠤ᠌ ᠨᠣᠶᠠᠨ ᠳᠤᠷᠠᠲᠠᠢ

2356 ᠬᠥᠯ ᠢ᠋ᠶ᠋ᠡᠨ ᠬᠦᠷᠬᠦ ᠦᠭᠡᠢ ᠭᠠᠵᠠᠷ ᠶᠠᠪᠤᠵᠤ
ᠬᠡᠯᠡ ᠪᠡᠨ ᠬᠦᠷᠬᠦ ᠭᠠᠵᠠᠷ ᠵᠠᠷᠭᠤᠯᠳᠤᠬᠤ

2357 ᠬᠥᠯ ᠡᠴᠡ ᠨᠢ ᠲᠠᠲᠠᠵᠤ
ᠬᠥᠮᠦᠨ ᠦ᠌ ᠵᠡᠷᠭᠡ ᠳ᠋ᠦ᠍ ᠬᠦᠷᠭᠡᠬᠦ
ᠡᠭᠡᠮ ᠡᠴᠡ ᠨᠢ ᠴᠢᠩᠭᠠᠭᠠᠵᠤ
ᠡᠷ᠎ᠡ ᠶ᠋ᠢᠨ ᠵᠡᠷᠭᠡ ᠳ᠋ᠦ᠍ ᠬᠦᠷᠭᠡᠬᠦ

2358 ᠬᠥᠯᠥᠰᠥ ᠭᠠᠷᠭᠠᠯ ᠦᠭᠡᠢ ᠠᠵᠢᠯ ᠬᠢᠳᠡᠭ ᠦᠭᠡᠢ
ᠬᠥᠲᠥᠰᠦ ᠬᠠᠢᠴᠢᠯᠠᠯ ᠦᠭᠡᠢ ᠳᠡᠪᠡᠯ ᠣᠶᠣᠳᠠᠭ ᠦᠭᠡᠢ

2359 ᠬᠥᠯᠥᠰᠥ ᠪᠡᠨ ᠭᠣᠭᠣᠵᠢᠭᠤᠯᠵᠤ ᠣᠯᠤᠭᠰᠠᠨ ᠶᠠᠭᠤᠮ᠎ᠠ
ᠬᠤᠯᠠᠭᠠᠢᠯᠠᠵᠤ ᠣᠯᠤᠭᠰᠠᠨ ᠠ᠋ᠴᠠ ᠢᠯᠡᠭᠦᠦ ᠠᠮᠲᠠᠲᠠᠢ

2360 ᠬᠥᠯ ᠲᠡᠢ ᠨᠢ ᠬᠥᠯᠬᠢᠵᠦ
ᠬᠥᠯ ᠦᠭᠡᠢ ᠨᠢ ᠮᠥᠯᠬᠥᠬᠦ

2361 ᠬᠥᠨᠳᠡᠢ ᠣᠭᠲᠠᠷᠭᠤᠢ ᠱᠠᠲᠤ ᠦᠭᠡᠢ
ᠬᠥᠪᠥᠩ ᠡᠭᠦᠯᠡ ᠣᠭᠣᠰᠣᠷ ᠦᠭᠡᠢ

2362 ᠬᠥᠨᠳᠡᠯᠡᠨ ᠡᠴᠡ ᠬᠥᠯ ᠢ᠋ᠶ᠋ᠡᠨ
ᠬᠠᠵᠠᠭᠤ ᠠ᠋ᠴᠠ ᠬᠠᠪᠢᠷᠭ᠎ᠠ ᠪᠠᠨ

2363 ᠬᠥᠨᠵᠢᠯᠡ ᠶ᠋ᠢᠨ ᠢ᠋ᠶ᠋ᠡᠨ ᠬᠢᠷᠢ ᠪᠡᠷ ᠬᠥᠯ ᠢ᠋ᠶ᠋ᠡᠨ ᠵᠢᠭᠢᠵᠦ
ᠬᠦᠯᠦᠭ ᠦ᠋ᠨ ᠢ᠋ᠶ᠋ᠡᠨ ᠬᠢᠷᠢ ᠪᠡᠷ ᠢᠰᠬᠡᠷ

2364 ᠬᠥᠭᠡᠷᠭᠡᠨ ᠬᠥᠮᠦᠨ ᠬᠥᠯ ᠠᠯᠳᠠᠳᠠᠭ
ᠬᠥᠭᠰᠢᠨ ᠮᠣᠷᠢ ᠥᠯ ᠠᠯᠳᠠᠳᠠᠭ

2365 ᠬᠥᠲᠥᠯ ᠳᠠᠪᠠᠬᠤ ᠶ᠋ᠢ ᠨᠢ ᠬᠠᠷᠠᠭ᠎ᠠ ᠦᠭᠡᠢ ᠪᠣᠯ
ᠬᠦᠯᠦᠭ ᠭᠡᠵᠦ ᠪᠤᠤ ᠮᠠᠭᠲᠠ
ᠬᠥᠲᠥᠰᠦ ᠣᠶᠣᠬᠤ ᠶ᠋ᠢ ᠨᠢ ᠬᠠᠷᠠᠭ᠎ᠠ ᠦᠭᠡᠢ ᠪᠣᠯ
ᠤᠷᠠᠨ ᠭᠡᠵᠦ ᠪᠤᠤ ᠮᠠᠭᠲᠠ

2366 ᠬᠥᠬᠡ ᠵᠡᠭᠦᠦ
ᠬᠥᠨᠳᠡᠯᠡᠨ ᠬᠠᠳᠬᠤᠳᠠᠭ ᠦᠭᠡᠢ ᠡᠮ᠎ᠡ

2367 ᠬᠥᠬᠡ ᠣᠭᠲᠠᠷᠭᠤᠢ ᠶ᠋ᠢ ᠬᠡᠮᠵᠢᠵᠦ ᠪᠣᠯᠬᠤ ᠦᠭᠡᠢ
ᠬᠥᠮᠦᠨ ᠦ᠌ ᠤᠬᠠᠭᠠᠨ ᠢ᠋ ᠶᠠᠨᠳᠠᠵᠤ ᠪᠣᠯᠬᠤ ᠦᠭᠡᠢ

2368 ᠬᠥᠬᠡ ᠥᠩᠭᠡ ᠮᠣᠩᠭᠣᠯ ᠤ᠋ᠨ ᠴᠢᠮᠡᠭ
ᠬᠦᠯᠦᠭ ᠮᠣᠷᠢ ᠤᠶᠠᠭᠠᠨ ᠤ᠋ ᠴᠢᠮᠡᠭ

2369 ᠬᠥᠬᠡ ᠲᠩᠷᠢ ᠠᠭᠤᠳᠠᠮ ᠪᠣᠯᠪᠠᠴᠤ
ᠠᠭᠠᠷ ᠢ᠋ᠶ᠋ᠠᠷ ᠬᠣᠯᠪᠣᠭ᠎ᠠ ᠲᠠᠢ
ᠬᠥᠮᠦᠨ ᠠᠮᠢᠲᠠᠨ ᠣᠯᠠᠨ ᠪᠣᠯᠪᠠᠴᠤ
ᠰᠡᠳᠬᠢᠯ ᠢ᠋ᠶ᠋ᠡᠷ ᠬᠣᠯᠪᠣᠭ᠎ᠠ ᠲᠠᠢ

2370 ᠬᠥᠬᠡ ᠲᠩᠷᠢ ᠶ᠋ᠢ ᠡᠭᠦᠯᠡ ᠪᠦᠷᠬᠦᠨ᠎ᠡ
ᠬᠥᠮᠦᠨ ᠦ᠌ ᠨᠢᠳᠦ ᠶ᠋ᠢ ᠵᠣᠭᠣᠰ ᠪᠦᠷᠬᠦᠨ᠎ᠡ

2371 ᠬᠥᠬᠥᠭᠡ ᠳᠣᠩᠭᠣᠳᠪᠠᠯ ᠬᠥᠷ ᠪᠠᠶᠠᠷ
ᠣᠭᠣᠯᠢ ᠳᠤᠤᠭᠠᠷᠪᠠᠯ ᠤᠷᠰᠢᠭ ᠵᠣᠪᠠᠯᠠᠩ

2372 ᠬᠥᠬᠦᠭᠡᠨ ᠦ᠌ ᠳᠠᠭᠤ ᠢᠷᠠᠭᠤ ᠳ᠋ᠠᠭᠠᠨ
ᠮᠡᠷᠭᠡᠳ ᠦ᠋ᠨ ᠳᠠᠭᠤ ᠡᠷᠳᠡᠮ ᠳ᠋ᠡᠭᠡᠨ

2373 ᠬᠤᠪᠢ ᠪᠠᠨ ᠪᠣᠳᠣᠪᠠᠯ ᠡᠬᠡᠨᠡᠷ ᠲᠡᠭᠡᠨ ᠨᠡᠷ᠎ᠡ ᠲᠡᠢ
ᠲᠦᠮᠡᠨ ᠢ᠋ᠶ᠋ᠡᠨ ᠪᠣᠳᠣᠪᠠᠯ ᠲᠦᠮᠡᠨ ᠳ᠋ᠦ᠍ ᠨᠡᠷ᠎ᠡ ᠲᠡᠢ

2374 ᠬᠤᠪᠢ ᠪᠠᠨ ᠪᠣᠳᠣᠵᠤ
ᠳᠣᠪᠣ ᠪᠠᠨ ᠰᠢᠷᠠᠯᠠᠭᠤᠯᠬᠤ

2375 ᠬᠤᠪᠠᠬᠠᠢ ᠮᠣᠳᠣ ᠵᠢᠮᠢᠰ ᠦᠭᠡᠢ
ᠬᠣᠭᠣᠰᠣᠨ ᠦᠭᠡ ᠦᠨ᠎ᠡ ᠦᠭᠡᠢ

2376 ᠬᠤᠪᠠᠬᠠᠢ ᠮᠣᠳᠣᠨ ᠠ᠋ᠴᠠ ᠵᠢᠮᠢᠰ ᠤᠷᠭᠤᠵᠤ
ᠬᠤᠷ᠎ᠠ ᠶ᠋ᠢᠨ ᠤᠰᠤᠨ ᠠ᠋ᠴᠠ ᠵᠢᠭᠠᠰᠤ ᠭᠠᠷᠬᠤ

2377 ᠬᠤᠪᠴᠠᠰᠤ ᠪᠡᠶ᠎ᠡ ᠶ᠋ᠢᠨ ᠴᠢᠮᠡᠭ
ᠡᠷᠳᠡᠮ ᠤᠬᠠᠭᠠᠨ ᠤ᠋ ᠴᠢᠮᠡᠭ

2378 ᠬᠤᠪᠴᠠᠰᠤ ᠪᠤᠷᠬᠠᠨ
ᠪᠡᠶ᠎ᠡ ᠴᠢᠳᠬᠥᠷ

2379 ᠬᠤᠪᠢ ᠲᠠᠢ ᠬᠥᠮᠦᠨ
ᠬᠤᠷ᠎ᠠ ᠪᠣᠷᠣᠭᠠᠨ ᠢ᠋ᠶ᠋ᠠᠷ

2380 ᠬᠤᠳᠳᠤᠭ ᠮᠠᠯᠲᠠᠪᠠᠯ ᠤᠰᠤ ᠭᠠᠷᠬᠤ
ᠬᠣᠲᠠ ᠪᠠᠷᠢᠯᠳᠤᠪᠠᠯ ᠤᠷᠤᠭ ᠪᠣᠯᠬᠤ

2381 ᠬᠤᠳᠳᠤᠭ ᠦᠭᠡᠢ ᠪᠣᠯ
ᠬᠣᠪᠣᠭᠣ ᠬᠡᠷᠡᠭ ᠦᠭᠡᠢ
ᠬᠤᠷᠢᠮ ᠦᠭᠡᠢ ᠪᠣᠯ
ᠳᠠᠭᠤᠴᠢ ᠬᠡᠷᠡᠭ ᠦᠭᠡᠢ

2382 ᠬᠤᠳᠠᠯ ᠭᠡᠳᠡᠭ ᠮᠡᠬᠡ
ᠬᠤᠯᠠᠭᠠᠢ ᠭᠡᠳᠡᠭ ᠵᠠᠯᠢ

2383 ᠬᠤᠳᠠᠯ ᠦᠭᠡ ᠬᠣᠷᠣᠮᠬᠠᠨ ᠪᠦᠲᠦᠭᠡᠪᠡᠴᠦ
ᠬᠣᠢᠰᠢᠳᠠ ᠪᠠᠨ ᠪᠦᠲᠦᠯ ᠦᠭᠡᠢ

2384 ᠬᠤᠳᠠᠯ ᠦᠭᠡ ᠬᠤᠯᠠᠭᠠᠢ ᠲᠠᠢ ᠠᠳᠠᠯᠢ
ᠬᠠᠭᠤᠷᠮᠠᠴᠢ ᠳᠤᠷᠠᠯᠠᠯ ᠬᠥᠭᠡᠰᠦ ᠲᠡᠢ ᠠᠳᠠᠯᠢ

2385 ᠬᠤᠳᠠᠯ ᠦᠭᠡ
ᠬᠣᠲᠠᠷᠭ᠎ᠠ ᠦᠭᠡᠢ ᠡᠮᠡᠭᠡᠯ ᠠᠳᠠᠯᠢ

2386 ᠬᠤᠳᠠᠯ ᠬᠡᠯᠡᠪᠡᠯ ᠬᠠᠤᠯᠢ ᠪᠣᠢ
ᠬᠤᠯᠠᠭᠠᠢ ᠬᠢᠪᠡᠯ ᠴᠠᠭᠠᠵᠠ ᠪᠣᠢ

2387 ᠬᠤᠳᠠᠯ ᠬᠡᠯᠡᠵᠦ ᠮᠡᠷᠭᠡᠨ ᠪᠣᠯᠬᠤ ᠦᠭᠡᠢ
ᠬᠤᠯᠠᠭᠠᠢ ᠬᠢᠵᠦ ᠪᠠᠶᠠᠨ ᠪᠣᠯᠬᠤ ᠦᠭᠡᠢ

2388 ᠬᠤᠳᠠᠯ ᠬᠡᠯᠡᠵᠦ ᠰᠤᠷᠬᠤ ᠪᠠᠷ
ᠬᠢᠮᠤᠰᠤ ᠪᠠᠨ ᠠᠪᠴᠤ ᠰᠤᠷ

2389 ᠬᠤᠳᠠᠯ ᠦᠭᠡᠢ ᠦᠨᠡᠨ ᠦᠭᠡ
ᠬᠣᠣᠷ ᠦᠭᠡᠢ ᠰᠠᠢᠬᠠᠨ ᠰᠠᠨᠠᠭ᠎ᠠ

2390 ᠬᠤᠳᠠᠯᠳᠤᠭᠠᠴᠢᠨ ᠬᠥᠮᠦᠨ
ᠬᠤᠪᠢᠯᠭᠠᠨ ᠠᠷᠭ᠎ᠠ ᠲᠠᠢ

2391 ᠬᠤᠳᠠᠯᠴᠢ ᠬᠥᠮᠦᠨ ᠢᠨᠢᠶᠡᠵᠦ ᠢᠷᠡᠳᠡᠭ
ᠬᠤᠯᠠᠭᠠᠢᠴᠢ ᠬᠥᠮᠦᠨ ᠰᠢᠷᠪᠠᠭᠠᠨᠠᠵᠤ ᠢᠷᠡᠳᠡᠭ

2392 ᠬᠤᠳᠠᠯᠴᠢ ᠬᠥᠮᠦᠨ ᠨᠢᠭᠤᠷ ᠬᠠᠷᠠᠬᠤ
ᠬᠤᠯᠠᠭᠠᠢᠴᠢ ᠬᠥᠮᠦᠨ ᠭᠠᠵᠠᠷ ᠬᠠᠷᠠᠬᠤ

2393 ᠬᠤᠳᠠᠯᠴᠢ ᠬᠥᠮᠦᠨ ᠦᠬᠦᠭᠰᠡᠨ ᠢ᠋ ᠵᠢᠭᠠᠳᠠᠭ
ᠬᠠᠭᠤᠷᠮᠠᠴᠢ ᠬᠥᠮᠦᠨ ᠰᠠᠢᠬᠠᠨ ᠢ᠋ ᠵᠢᠭᠠᠳᠠᠭ

2394 ᠬᠤᠳᠠᠯᠴᠢ ᠬᠥᠮᠦᠨ ᠬᠣᠢᠨ᠎ᠠ ᠪᠠᠨ ᠮᠠᠭᠤ
ᠬᠤᠰᠠᠷᠠᠩ ᠭᠡᠭᠦᠦ ᠬᠠᠪᠤᠷ ᠲᠠᠭᠠᠨ ᠮᠠᠭᠤ

2395 ᠬᠤᠳᠠᠯᠴᠢ ᠬᠥᠮᠦᠨ ᠳ᠋ᠦ᠍ ᠨᠥᠬᠥᠷ ᠰᠢᠷᠦᠭᠦᠨ
ᠬᠤᠯᠠᠭᠠᠢᠴᠢ ᠬᠥᠮᠦᠨ ᠳ᠋ᠦ᠍ ᠴᠠᠭᠠᠵᠠ ᠰᠢᠷᠦᠭᠦᠨ

2396 ᠬᠤᠳᠠᠯᠴᠢ ᠬᠥᠮᠦᠨ ᠦ᠌ ᠠᠮᠠ ᠰᠤᠯᠠ
ᠬᠤᠯᠠᠭᠠᠢᠴᠢ ᠬᠥᠮᠦᠨ ᠦ᠌ ᠭᠠᠷ ᠤᠷᠲᠤ

2397 ᠬᠤᠳᠠᠯᠴᠢ ᠬᠥᠮᠦᠨ ᠦ᠌ ᠭᠡᠷᠡᠴᠢ ᠨᠢ
ᠦᠬᠦᠭᠰᠡᠨ ᠬᠥᠮᠦᠨ

2398 ᠬᠤᠳᠠᠯᠴᠢ ᠬᠥᠮᠦᠨ ᠦ᠌ ᠨᠡᠭᠡᠷᠡᠨ ᠣᠯᠠᠨ
ᠬᠠᠭᠤᠷᠮᠠᠴᠢ ᠬᠥᠮᠦᠨ ᠦ᠌ ᠬᠥᠭᠡᠷᠦᠬᠦᠢ ᠣᠯᠠᠨ

2399 ᠬᠤᠳᠠᠯᠴᠢ ᠬᠥᠮᠦᠨ ᠦ᠌ ᠦᠭᠡ ᠨᠢ ᠡᠪᠲᠡᠢ
ᠬᠤᠯᠠᠭᠠᠢᠴᠢ ᠬᠥᠮᠦᠨ ᠦ᠌ ᠬᠤᠷᠤᠭᠤ ᠨᠢ ᠳᠡᠮᠲᠡᠢ

2400 ᠬᠤᠳᠠᠯᠴᠢ ᠶ᠋ᠢ ᠶᠠᠷᠢᠶ᠎ᠠ ᠪᠠᠷ ᠨᠢ
ᠬᠤᠯᠠᠭᠠᠢᠴᠢ ᠶ᠋ᠢ ᠮᠥᠷ ᠢ᠋ᠶ᠋ᠡᠷ ᠨᠢ

2401 ᠬᠤᠳᠳᠤᠭ ᠢ᠋ ᠰᠢᠪᠬᠠᠵᠤ ᠮᠡᠳᠡᠳᠡᠭ
ᠬᠤᠲᠤᠭᠲᠤ ᠶ᠋ᠢ ᠰᠢᠯᠭᠠᠵᠤ ᠮᠡᠳᠡᠳᠡᠭ

2402 ᠬᠤᠳᠳᠤᠭ ᠤ᠋ᠨ ᠮᠡᠯᠡᠬᠡᠢ
ᠳᠠᠯᠠᠢ ᠶ᠋ᠢᠨ ᠶᠡᠬᠡ ᠶ᠋ᠢ ᠮᠡᠳᠡᠬᠦ ᠦᠭᠡᠢ
ᠳᠠᠯᠠᠢ ᠶ᠋ᠢᠨ ᠮᠡᠯᠡᠬᠡᠢ
ᠬᠤᠳᠳᠤᠭ ᠤ᠋ᠨ ᠪᠠᠭ᠎ᠠ ᠶ᠋ᠢ ᠮᠡᠳᠡᠬᠦ ᠦᠭᠡᠢ

2403 ᠬᠤᠳᠳᠤᠭ ᠤ᠋ᠨ ᠤᠰᠤ ᠠᠷᠪᠢᠳᠪᠠᠴᠤ
ᠠᠮᠠᠰᠠᠷ ᠠ᠋ᠴᠠ ᠪᠠᠨ ᠬᠠᠯᠢᠬᠤ ᠦᠭᠡᠢ
ᠪᠤᠯᠠᠭ ᠤ᠋ᠨ ᠤᠰᠤ ᠪᠤᠯᠠᠭᠳᠠᠪᠠᠴᠤ
ᠤᠨᠳᠤᠷᠤᠭ᠎ᠠ ᠨᠢ ᠲᠠᠰᠤᠷᠠᠬᠤ ᠦᠭᠡᠢ

2404 ᠬᠤᠳᠳᠤᠭ ᠤ᠋ᠨ ᠤᠰᠤ ᠵᠠᠮᠠᠭ ᠦᠭᠡᠢ
ᠬᠤᠳᠠᠯᠴᠢ ᠬᠥᠮᠦᠨ ᠡᠷᠡᠭᠡ ᠦᠭᠡᠢ

2405 ᠬᠤᠳᠳᠤᠭ ᠤ᠋ᠨ ᠤᠰᠤᠨ ᠳ᠋ᠤ᠌ ᠵᠢᠭᠠᠰᠤ ᠦᠭᠡᠢ
ᠬᠠᠭᠤᠷᠠᠢ ᠮᠣᠳᠣᠨ ᠳ᠋ᠤ᠌ ᠨᠠᠪᠴᠢ ᠦᠭᠡᠢ

2406 ᠬᠤᠳᠠᠯ ᠢ᠋ ᠦᠨᠡᠨ ᠭᠦᠢᠴᠡᠬᠦ
ᠬᠤᠷᠳᠤᠨ ᠢ᠋ ᠰᠤᠮᠤ ᠭᠦᠢᠴᠡᠬᠦ

2407 ᠬᠤᠵᠢᠷ ᠲᠠᠢ ᠤᠰᠤ ᠪᠠᠷ ᠨᠢᠭᠤᠷ ᠢ᠋ᠶ᠋ᠠᠨ ᠪᠦᠦ ᠤᠬᠢᠶᠠ
ᠬᠤᠯᠠᠭᠠᠢᠴᠢ ᠬᠥᠮᠦᠨ ᠲᠡᠢ ᠣᠢᠷᠠᠳᠴᠤ ᠪᠤᠤ ᠨᠥᠬᠥᠷᠯᠡ

2408 ᠬᠤᠯᠠᠭᠠᠢ ᠪᠦᠷᠦᠢ ᠳ᠋ᠦ᠍
ᠴᠢᠨᠣ᠎ᠠ ᠪᠣᠷᠣᠭᠠᠨ ᠳ᠋ᠤ᠌

2409 ᠬᠤᠯᠠᠭᠠᠢ ᠬᠢᠪᠡᠯ ᠪᠠᠷᠢᠭᠳᠠᠨ᠎ᠠ
ᠬᠤᠳᠠᠯ ᠬᠡᠯᠡᠪᠡᠯ ᠵᠢᠭᠰᠢᠭᠳᠡᠨ᠎ᠡ

2410 ᠬᠤᠯᠠᠭᠠᠢ ᠬᠢᠭᠡᠳ
ᠬᠢᠮᠤᠰᠤ ᠪᠠᠨ ᠨᠢᠭᠤᠬᠤ

2411 ᠬᠤᠯᠠᠭᠠᠢ ᠬᠢᠵᠦ ᠰᠤᠷᠬᠤ ᠪᠠᠷ
ᠬᠤᠭᠤᠷ ᠲᠣᠭᠯᠠᠵᠤ ᠰᠤᠷ

2412 ᠬᠤᠯᠠᠭᠠᠢ ᠬᠢᠵᠦ ᠬᠤᠯᠮᠠᠯᠵᠠᠵᠤ ᠰᠠᠭᠤᠬᠤ ᠪᠠᠷ
ᠬᠤᠴᠠ ᠪᠠᠨ ᠠᠯᠳᠠᠭᠠᠳ ᠮᠡᠯᠮᠡᠯᠵᠡᠵᠦ ᠰᠠᠭᠤᠭᠰᠠᠨ ᠨᠢ ᠳᠡᠭᠡᠷ᠎ᠡ

2413 ᠬᠤᠯᠠᠭᠠᠢ ᠶ᠋ᠢ ᠴᠡᠭᠡᠷᠯᠡᠭᠦᠯᠵᠦ
ᠬᠤᠳᠠᠯ ᠢ᠋ ᠮᠣᠬᠣᠭᠠᠬᠤ

2414 ᠬᠤᠯᠠᠭᠠᠢᠯᠠᠵᠤ ᠢᠳᠡᠭᠰᠡᠨ ᠬᠣᠭᠣᠯᠠ ᠪᠣᠯᠬᠤ ᠦᠭᠡᠢ
ᠬᠤᠳᠠᠯ ᠬᠡᠯᠡᠭᠰᠡᠨ ᠦᠭᠡ ᠪᠣᠯᠬᠤ ᠦᠭᠡᠢ

2415 ᠬᠤᠯᠠᠭᠠᠢ ᠶ᠋ᠢᠨ ᠦᠨᠳᠦᠰᠦ ᠶ᠋ᠢ ᠡᠰᠡ ᠲᠠᠰᠤᠯᠪᠠᠯ
ᠬᠣᠵᠢᠮ ᠤ᠋ᠨ ᠬᠣᠣᠷ ᠨᠢ ᠶᠡᠬᠡ

2416 ᠬᠤᠯᠠᠭᠠᠢᠴᠢ ᠬᠡᠩᠭᠡᠷᠭᠡ
ᠳᠡᠯᠡᠳᠴᠦ ᠴᠢᠳᠠᠬᠤ ᠦᠭᠡᠢ

2417 ᠬᠤᠯᠠᠭᠠᠢᠴᠢ ᠬᠥᠮᠦᠨ ᠠᠷᠭ᠎ᠠ ᠲᠠᠢ
ᠬᠤᠳᠠᠯᠴᠢ ᠬᠥᠮᠦᠨ ᠮᠡᠬᠡ ᠲᠡᠢ

2418 ᠬᠤᠯᠠᠭᠠᠢᠴᠢ ᠬᠥᠮᠦᠨ ᠰᠡᠢᠮᠡᠬᠡᠢ ᠶ᠋ᠢ ᠨᠢ ᠬᠠᠷᠠᠳᠠᠭ
ᠬᠤᠷᠴᠠ ᠬᠥᠮᠦᠨ ᠬᠠᠤᠯᠢ ᠬᠠᠷᠠᠳᠠᠭ

2419 ᠬᠤᠯᠠᠭᠠᠢᠴᠢ ᠬᠥᠮᠦᠨ ᠴᠢᠨᠣ᠎ᠠ ᠠ᠋ᠴᠠ ᠳᠣᠣᠷ᠎ᠠ
ᠬᠤᠳᠠᠯᠴᠢ ᠬᠥᠮᠦᠨ ᠦᠨᠡᠭᠡ ᠡᠴᠡ ᠳᠣᠣᠷ᠎ᠠ

2420 ᠬᠤᠯᠠᠭᠠᠢᠴᠢ ᠬᠥᠮᠦᠨ ᠦ᠌ ᠬᠢᠲᠤᠭ᠎ᠠ ᠨᠢ ᠬᠤᠷᠴᠠ
ᠬᠤᠳᠠᠯᠴᠢ ᠬᠥᠮᠦᠨ ᠦ᠌ ᠬᠡᠯᠡ ᠨᠢ ᠬᠤᠷᠴᠠ

2421 ᠬᠤᠯᠠᠭᠠᠢᠴᠢ ᠬᠥᠮᠦᠨ ᠢ᠋ ᠮᠥᠷ ᠢ᠋ᠶ᠋ᠡᠷ ᠨᠢ
ᠨᠣᠢᠷᠲᠤ ᠬᠥᠮᠦᠨ ᠢ᠋ ᠤᠨᠲᠠᠭ᠎ᠠ ᠪᠠᠷ ᠨᠢ

2422 ᠬᠤᠯᠠᠭᠠᠢᠴᠢ ᠶ᠋ᠢᠨ ᠮᠠᠭᠤ ᠬᠠᠶᠠᠭ᠎ᠠ ᠪᠠᠨ ᠣᠬᠣᠳᠠᠭ
ᠬᠤᠳᠠᠯᠴᠢ ᠶ᠋ᠢᠨ ᠮᠠᠭᠤ ᠭᠡᠷ ᠢ᠋ᠶ᠋ᠡᠨ ᠮᠡᠬᠡᠯᠡᠳᠡᠭ

2423 ᠬᠤᠯᠤᠭᠠᠨ᠎ᠠ ᠶ᠋ᠢ ᠮᠠᠭᠲᠠᠭᠠᠳ ᠯᠤᠤ ᠪᠣᠯᠭᠠᠬᠤ
ᠵᠠᠭᠠᠨ ᠢ᠋ ᠮᠠᠭᠤᠯᠠᠵᠤ ᠬᠤᠯᠤᠭᠠᠨ᠎ᠠ ᠪᠣᠯᠭᠠᠬᠤ

2424 ᠬᠤᠯᠤᠭᠠᠨ᠎ᠠ ᠶ᠋ᠢ ᠮᠢᠷᠢᠶᠠᠭᠰᠠᠨ ᠮᠤᠤᠷ ᠰᠡᠮᠡᠬᠡᠷ
ᠬᠣᠶᠠᠷ ᠬᠥᠮᠦᠨ ᠢ᠋ ᠬᠤᠳᠬᠤᠭᠰᠠᠨ ᠬᠣᠪᠴᠢ ᠰᠡᠮᠡᠬᠡᠷ

2425 ᠬᠤᠯᠤᠰᠤᠨ ᠳ᠋ᠤ᠌ ᠭᠣᠣᠯ ᠦᠭᠡᠢ
ᠬᠤᠳᠠᠯ ᠳ᠋ᠤ᠌ ᠢᠲᠡᠭᠡᠮᠵᠢ ᠦᠭᠡᠢ

2426 ᠬᠢᠮᠤᠰᠤ ᠪᠠᠨ ᠠᠪᠤᠪᠠᠯ ᠬᠣᠭ ᠦᠭᠡᠢ
ᠬᠤᠪᠴᠠᠰᠤ ᠪᠠᠨ ᠤᠬᠢᠶᠠᠪᠠᠯ ᠬᠬᠢᠷ ᠦᠭᠡᠢ

2427 ᠬᠤᠷᠳᠤᠨ ᠭᠡᠵᠦ ᠪᠦᠦ ᠳᠠᠪᠬᠢ
ᠬᠤᠷᠢᠮ ᠭᠡᠵᠦ ᠪᠦᠦ ᠴᠠᠯᠠᠭᠠᠷᠳᠠ

2428 ᠬᠤᠷᠳᠤᠨ ᠮᠣᠷᠢ ᠴᠡᠭᠡᠵᠢ ᠥᠨᠳᠥᠷ
ᠬᠤᠷᠴᠠ ᠬᠥᠮᠦᠨ ᠴᠡᠭᠡᠵᠢ ᠰᠠᠷᠠᠭᠤᠯ

2429 ᠬᠤᠷ᠎ᠠ ᠲᠠᠢ ᠭᠠᠵᠠᠷ ᠥᠩᠭᠡ ᠲᠡᠢ
ᠬᠠᠤᠯᠢ ᠲᠠᠢ ᠭᠠᠵᠠᠷ ᠳᠢᠭᠯᠢᠮ ᠲᠡᠢ

2430 ᠬᠤᠷᠤᠭᠤ ᠬᠥᠳᠡᠯᠪᠡᠯ
ᠬᠣᠰᠢᠭᠤ ᠬᠥᠳᠡᠯᠦᠨ᠎ᠡ

2431 ᠬᠤᠷᠴᠠ ᠬᠢᠲᠤᠭ᠎ᠠ ᠭᠠᠷ ᠲᠤ ᠠᠶᠤᠯ ᠲᠠᠢ
ᠬᠤᠳᠠᠯ ᠦᠭᠡ ᠥᠪᠡᠷ ᠲᠦ᠍ ᠠᠶᠤᠯ ᠲᠠᠢ

2432 ᠬᠤᠷ᠎ᠠ ᠶ᠋ᠢᠨ ᠳᠠᠷᠠᠭᠠᠬᠢ ᠨᠠᠷᠠ ᠢᠯᠴᠢ ᠲᠡᠢ
ᠬᠤᠳᠠᠯ ᠤ᠋ᠨ ᠳᠠᠷᠠᠭᠠᠬᠢ ᠢᠴᠢᠭᠦᠷᠢ ᠰᠢᠪᠰᠢᠭᠲᠡᠢ

2433 ᠬᠢᠲᠤᠭ᠎ᠠ ᠦᠵᠦᠭᠦᠷ ᠲᠡᠭᠡᠨ ᠬᠤᠷᠴᠠ
ᠬᠠᠤᠯᠢ ᠬᠢᠵᠠᠭᠠᠷ ᠲᠠᠭᠠᠨ ᠬᠤᠷᠴᠠ

2434 ᠬᠢᠲᠤᠭ᠎ᠠ ᠬᠡᠳᠦᠢ ᠬᠤᠷᠴᠠ ᠪᠣᠯᠪᠠᠴᠤ
ᠡᠰᠢᠨ ᠳ᠋ᠡᠭᠡᠨ ᠲᠤᠰᠠ ᠦᠭᠡᠢ
ᠡᠮᠴᠢ ᠬᠡᠳᠦᠢ ᠮᠡᠷᠭᠡᠨ ᠪᠣᠯᠪᠠᠴᠤ
ᠪᠡᠶ᠎ᠡ ᠳ᠋ᠡᠭᠡᠨ ᠲᠤᠰᠠ ᠦᠭᠡᠢ

2435 ᠬᠠᠤᠯᠢ ᠨᠢ ᠭᠠᠤᠯᠢ ᠪᠣᠯᠵᠤ
ᠴᠠᠭᠠᠵᠠ ᠨᠢ ᠴᠠᠭᠠᠰᠤ ᠪᠣᠯᠬᠤ

2436 ᠬᠠᠤᠯᠢ ᠰᠢᠳᠤᠷᠭᠤ
ᠰᠤᠷᠭᠠᠯ ᠰᠡᠴᠡᠨ

2437 ᠬᠠᠤᠯᠢ ᠶ᠋ᠢ ᠭᠠᠤᠯᠢ ᠪᠠᠷ ᠬᠠᠭᠤᠷᠬᠤ
ᠴᠠᠭᠠᠵᠠ ᠶ᠋ᠢ ᠴᠠᠭᠠᠰᠤ ᠪᠠᠷ ᠬᠠᠭᠤᠷᠬᠤ

2438 ᠬᠠᠭᠤᠷᠠᠢ ᠮᠣᠳᠣᠨ ᠤ᠋ ᠵᠢᠩ ᠬᠥᠩᠭᠡᠨ
ᠬᠠᠭᠤᠷᠮᠠᠴᠢ ᠬᠥᠮᠦᠨ ᠦ᠌ ᠵᠠᠩ ᠬᠥᠩᠭᠡᠨ

2439 ᠬᠠᠭᠤᠷᠠᠢ ᠮᠣᠳᠣᠨ ᠳ᠋ᠤ᠌ ᠨᠠᠪᠴᠢ ᠦᠭᠡᠢ
ᠬᠠᠭᠤᠷᠮᠠᠴᠢ ᠦᠭᠡᠨ ᠳ᠋ᠦ᠍ ᠦᠨ᠎ᠡ ᠦᠭᠡᠢ

2440 ᠬᠠᠭᠤᠷᠠᠢ ᠬᠠᠯᠪᠠᠭ᠎ᠠ ᠬᠡᠯᠡ ᠬᠣᠯᠭᠣᠬᠤ
ᠬᠣᠭᠣᠰᠣᠨ ᠦᠭᠡ ᠬᠣᠭᠣᠯᠠᠢ ᠣᠷᠢᠶᠠᠬᠤ

2441 ᠬᠠᠭᠤᠷᠠᠢ ᠬᠤᠤᠳᠤᠭ ᠲᠤ ᠤᠰᠤ ᠦᠭᠡᠢ
ᠬᠣᠪᠴᠢ ᠬᠥᠮᠦᠨ ᠳ᠋ᠦ᠍ ᠨᠥᠬᠥᠷ ᠦᠭᠡᠢ

2442 ᠬᠠᠭᠤᠷᠮᠠᠴᠢ ᠪᠣᠯ ᠦᠷᠭᠦᠯᠵᠢ ᠲᠦᠭᠰᠢᠬᠦ
ᠵᠢᠰᠤᠷᠴᠢ ᠪᠣᠯ ᠡᠭᠡᠨᠡᠭᠲᠡ ᠰᠡᠵᠢᠭᠯᠡᠭᠳᠡᠬᠦ

2443 ᠬᠠᠭᠤᠷᠮᠠᠴᠢ ᠮᠡᠬᠡ ᠭᠠᠷᠭᠠᠵᠤ
ᠬᠠᠨᠢ ᠪᠠᠨ ᠪᠢᠲᠡᠭᠡᠢ ᠵᠤᠪᠠᠭ᠎ᠠ
ᠬᠤᠳᠠᠯ ᠬᠣᠪ ᠰᠠᠴᠤᠵᠤ
ᠬᠣᠲᠠ ᠪᠠᠨ ᠪᠢᠲᠡᠭᠡᠢ ᠭᠣᠳᠣᠭ᠎ᠠ

2444 ᠬᠠᠭᠤᠷᠮᠠᠴᠢ ᠨᠢᠳᠦ
ᠬᠣᠣᠷᠲᠤ ᠰᠤᠮᠤᠨ ᠠ᠋ᠴᠠ ᠠᠶᠤᠯ ᠲᠠᠢ

2445 ᠬᠠᠭᠤᠷᠮᠠᠴᠢ ᠰᠡᠳᠬᠢᠯ ᠦ᠋ᠨ ᠬᠤᠪᠢᠷᠠᠬᠤ ᠨᠢ ᠠᠮᠠᠷᠬᠠᠨ
ᠬᠠᠭᠤᠷᠠᠢ ᠮᠣᠳᠣᠨ ᠤ᠋ ᠬᠤᠭᠤᠷᠠᠬᠤ ᠨᠢ ᠠᠮᠠᠷᠬᠠᠨ

2446 ᠬᠠᠭᠤᠷᠮᠠᠴᠢ ᠬᠥᠮᠦᠨ
ᠬᠠᠤᠯᠢ ᠠ᠋ᠴᠠ ᠠᠶᠤᠳᠠᠭ

2447 ᠬᠠᠭᠤᠷᠮᠠᠴᠢ ᠶᠠᠪᠤᠳᠠᠯ ᠡᠵᠡᠨ ᠳ᠋ᠡᠭᠡᠨ
ᠬᠠᠷ᠎ᠠ ᠰᠠᠨᠠᠭ᠎ᠠ ᠪᠡᠶ᠎ᠡ ᠳ᠋ᠡᠭᠡᠨ

2448 ᠬᠠᠭᠤᠷᠬᠤ ᠬᠤᠳᠠᠯᠴᠢ ᠶ᠋ᠢᠨ ᠵᠢᠭᠡ
ᠬᠢᠮᠤᠰᠤᠯᠠᠬᠤ ᠬᠤᠯᠠᠭᠠᠢᠴᠢ ᠶ᠋ᠢᠨ ᠵᠢᠭᠡ

2449 ᠬᠠᠭᠤᠷᠮᠠᠭ ᠠᠮᠠᠷᠠᠭ ᠬᠠᠭᠠᠴᠠᠬᠤ ᠳ᠋ᠤ᠌ ᠬᠢᠯᠪᠠᠷ
ᠬᠠᠭᠤᠷᠠᠢ ᠮᠣᠳᠣ ᠬᠤᠭᠤᠷᠠᠬᠤ ᠳ᠋ᠤ᠌ ᠬᠢᠯᠪᠠᠷ

2450 ᠬᠠᠭᠤᠷᠤᠭᠰᠠᠭᠠᠷ ᠬᠠᠭᠤᠷᠤᠭᠰᠠᠭᠠᠷ ᠬᠤᠳᠠᠯᠴᠢ
ᠬᠢᠮᠤᠰᠤᠯᠠᠭᠰᠠᠭᠠᠷ ᠬᠢᠮᠤᠰᠤᠯᠠᠭᠰᠠᠭᠠᠷ ᠬᠤᠯᠠᠭᠠᠢᠴᠢ

2451 ᠬᠠᠭᠤᠷᠤᠭᠰᠠᠨ ᠪᠤᠳᠠᠭ᠎ᠠ ᠦᠷ᠎ᠡ ᠦᠭᠡᠢ
ᠬᠠᠭᠤᠷᠮᠠᠴᠢ ᠬᠥᠮᠦᠨ ᠨᠥᠬᠥᠷ ᠦᠭᠡᠢ

2452 ᠬᠠᠭᠤᠴᠢᠨ ᠦᠭᠡᠨ ᠳ᠋ᠦ᠍ ᠬᠤᠳᠠᠯ ᠦᠭᠡᠢ
ᠬᠤᠷᠮᠤᠰᠲᠠ ᠲᠩᠷᠢ ᠳ᠋ᠦ᠍ ᠣᠷᠣᠢ ᠦᠭᠡᠢ

2453 ᠬᠠᠭᠤᠴᠢᠨ ᠶᠠᠭᠤᠮ᠎ᠠ ᠤᠯᠠ ᠪᠣᠯᠵᠤ
ᠰᠢᠨ᠎ᠡ ᠶᠠᠭᠤᠮ᠎ᠠ ᠵᠤᠯᠠ ᠪᠣᠯᠬᠤ

2454 ᠬᠦᠵᠢᠨ ᠳ᠋ᠦ᠍ ᠳᠥᠯᠥ ᠦᠭᠡᠢ
ᠬᠦᠷᠭᠡᠨ ᠳ᠋ᠦ᠍ ᠨᠢᠯᠪᠤᠰᠤ ᠦᠭᠡᠢ

2455 ᠬᠦᠵᠦᠭᠦᠦ ᠰᠠᠢᠲᠠᠢ ᠨᠢ ᠵᠢᠳᠬᠦᠵᠦ ᠵᠣᠪᠠᠨ᠎ᠠ
ᠬᠥᠯ ᠰᠠᠢᠲᠠᠢ ᠨᠢ ᠭᠦᠶᠦᠵᠦ ᠵᠣᠪᠠᠨ᠎ᠠ

2456 ᠬᠦᠢᠲᠡᠨ ᠦ᠌ ᠠᠮᠠ ᠴᠠᠭᠠᠰᠢ ᠪᠠᠨ ᠬᠠᠷᠠᠵᠤ
ᠬᠥᠬᠦᠦᠷ ᠦ᠋ᠨ ᠠᠮᠠ ᠨᠠᠭᠠᠰᠢ ᠪᠠᠨ ᠬᠠᠷᠠᠬᠤ

2457 ᠬᠦᠢᠲᠡᠷᠡᠬᠦ ᠲᠩᠷᠢ ᠶ᠋ᠢᠨ ᠬᠥᠪᠡᠭᠡ ᠨᠢ ᠬᠥᠬᠡ
ᠬᠡᠷᠡᠭᠦᠯᠴᠢ ᠬᠥᠮᠦᠨ ᠦ᠌ ᠤᠷᠤᠭᠤᠯ ᠨᠢ ᠬᠥᠬᠡ

2458 ᠬᠦᠢᠲᠡᠨ ᠬᠡᠳᠦᠢ ᠴᠢᠩᠭᠠᠷᠠᠪᠠᠯ
ᠮᠥᠰᠥ ᠲᠡᠳᠦᠢ ᠬᠥᠯᠳᠡᠳᠡᠭ
ᠬᠡᠷᠡᠭ ᠬᠡᠳᠦᠢ ᠶᠡᠬᠡᠳᠪᠡᠯ
ᠬᠠᠤᠯᠢ ᠲᠡᠳᠦᠢ ᠬᠤᠷᠴᠠᠳᠳᠠᠭ

2459 ᠬᠦᠯᠦᠭ ᠮᠣᠷᠢ ᠪᠡᠯᠴᠢᠭᠡᠷ ᠲᠡᠭᠡᠨ
ᠬᠥᠮᠦᠨ ᠦ᠌ ᠬᠦᠦ ᠨᠤᠲᠤᠭ ᠲᠠᠭᠠᠨ

2460 ᠬᠦᠯᠦᠭ ᠮᠣᠷᠢ ᠬᠥᠮᠦᠨ ᠦ᠌ ᠨᠥᠬᠥᠷ
ᠬᠦᠳᠡᠷ ᠨᠤᠮᠤ ᠵᠣᠷᠢᠭ ᠤ᠋ᠨ ᠨᠥᠬᠥᠷ

2461 ᠬᠦᠯᠦᠭ ᠮᠣᠷᠢ ᠶ᠋ᠢ ᠠᠪᠤᠶ᠎ᠠ ᠭᠡᠪᠡᠯ
ᠰᠢᠲᠦ ᠶ᠋ᠢ ᠨᠢ ᠦᠵᠡ
ᠬᠥᠮᠦᠨ ᠲᠡᠢ ᠨᠥᠬᠥᠷᠯᠡᠵᠦ ᠶᠠᠪᠤᠶ᠎ᠠ ᠭᠡᠪᠡᠯ
ᠰᠡᠳᠬᠢᠯ ᠢ᠋ ᠨᠢ ᠮᠡᠳᠡ

2462 ᠬᠦᠯᠦᠭ ᠮᠠᠭᠤᠲᠠᠢ ᠬᠥᠮᠦᠨ ᠳ᠋ᠦ᠍ ᠭᠠᠵᠠᠷ ᠬᠣᠯᠠ
ᠡᠶ᠎ᠡ ᠮᠠᠭᠤᠲᠠᠢ ᠬᠥᠮᠦᠨ ᠳ᠋ᠦ᠍ ᠨᠥᠬᠥᠷ ᠬᠣᠯᠠ

2463 ᠬᠦᠯᠦᠭ ᠦ᠋ᠨ ᠴᠢᠳᠠᠯ ᠢ᠋ ᠮᠡᠳᠡᠬᠦ ᠳ᠋ᠦ᠍ ᠬᠢᠯᠪᠠᠷ
ᠬᠥᠮᠦᠨ ᠦ᠌ ᠰᠡᠳᠬᠢᠯ ᠢ᠋ ᠮᠡᠳᠡᠬᠦ ᠳ᠋ᠦ᠍ ᠪᠡᠷᠬᠡ

2464 ᠬᠥᠮᠦᠨ ᠠᠬ᠎ᠠ ᠲᠠᠢ
ᠳᠡᠪᠡᠯ ᠵᠠᠬ᠎ᠠ ᠲᠠᠢ

2465 ᠬᠥᠮᠦᠨ ᠪᠡᠶ᠎ᠡ ᠪᠡᠨ ᠮᠡᠳᠡᠬᠦ ᠦᠭᠡᠢ
ᠬᠡᠦᠬᠡᠳ ᠵᠠᠩ ᠢ᠋ᠶ᠋ᠠᠨ ᠮᠡᠳᠡᠬᠦ ᠦᠭᠡᠢ

2466 ᠬᠥᠮᠦᠨ ᠪᠣᠯᠬᠤ ᠪᠠᠭ᠎ᠠ ᠠ᠋ᠴᠠ ᠪᠠᠨ
ᠬᠦᠯᠦᠭ ᠪᠣᠯᠬᠤ ᠤᠨᠠᠭᠠᠨ ᠠ᠋ᠴᠠ ᠪᠠᠨ

2467 ᠬᠥᠮᠦᠨ ᠪᠦᠭᠦᠳᠡ ᠢᠳᠡᠲᠡᠢ
ᠬᠦᠯᠦᠭ ᠪᠦᠭᠦᠳᠡ ᠬᠤᠷᠳᠤ ᠲᠠᠢ

2468 ᠬᠥᠮᠦᠨ ᠭᠡᠮ ᠢ᠋ᠶ᠋ᠡᠨ ᠮᠡᠳᠡᠬᠦ ᠦᠭᠡᠢ
ᠲᠡᠮᠡᠭᠡ ᠭᠡᠲᠡᠬᠡᠷ ᠢ᠋ᠶ᠋ᠡᠨ ᠮᠡᠳᠡᠬᠦ ᠦᠭᠡᠢ

2469 ᠬᠥᠮᠦᠨ ᠶᠣᠰᠣ ᠳᠠᠭᠠᠨ᠎ᠠ
ᠨᠣᠬᠠᠢ ᠶᠠᠰᠤ ᠳᠠᠭᠠᠨ᠎ᠠ

2470 ᠬᠥᠮᠦᠨ ᠵᠠᠯᠠᠭᠤ ᠪᠠᠷ ᠢ᠋ᠶ᠋ᠠᠨ ᠪᠠᠢᠳᠠᠭ ᠦᠭᠡᠢ
ᠮᠣᠳᠣ ᠰᠢᠯᠤᠭᠤᠨ ᠢ᠋ᠶ᠋ᠠᠷ ᠢ᠋ᠶ᠋ᠠᠨ ᠪᠠᠢᠳᠠᠭ ᠦᠭᠡᠢ

2471 ᠬᠥᠮᠦᠨ ᠵᠠᠯᠠᠭᠤ ᠳ᠋ᠠᠭᠠᠨ
ᠴᠡᠴᠡᠭ ᠵᠤᠨ ᠳ᠋ᠠᠭᠠᠨ

2472 ᠬᠥᠮᠦᠨ ᠢᠵᠢᠯᠢᠳᠬᠦ ᠳᠣᠳᠣᠮ ᠢ᠋ᠶ᠋ᠠᠨ ᠤᠢᠳᠳᠠᠭ
ᠮᠠᠯ ᠤᠳᠠᠬᠤ ᠳᠣᠳᠣᠮ ᠢ᠋ᠶ᠋ᠠᠨ ᠢᠵᠢᠯᠢᠳᠳᠡᠭ

2473 ᠬᠥᠮᠦᠨ ᠶᠡᠬᠡᠲᠡᠢ ᠭᠠᠵᠠᠷ ᠨᠠᠷᠭᠢᠶᠠᠨ ᠲᠠᠢ
ᠬᠡᠦᠬᠡᠳ ᠣᠯᠠᠨ ᠲᠠᠢ ᠭᠠᠵᠠᠷ ᠱᠤᠤᠭᠢᠶᠠᠨ ᠲᠠᠢ

2474 ᠬᠥᠮᠦᠨ ᠮᠠᠭᠤ ᠪᠣᠯᠪᠠᠴᠤ ᠵᠢᠷᠤᠮ ᠲᠠᠢ ᠨᠢ ᠳᠡᠭᠡᠷ᠎ᠡ
ᠨᠣᠬᠠᠢ ᠮᠠᠭᠤ ᠪᠣᠯᠪᠠᠴᠤ ᠰᠡᠭᠦᠯ ᠲᠡᠢ ᠨᠢ ᠳᠡᠭᠡᠷ᠎ᠡ

2475 ᠬᠥᠮᠦᠨ ᠮᠠᠭᠤ ᠪᠠᠨ ᠳᠠᠷᠤᠯᠠᠨ᠎ᠠ
ᠮᠠᠯ ᠮᠠᠭᠤ ᠪᠠᠨ ᠰᠠᠵᠢᠯᠠᠨ᠎ᠠ

2476 ᠬᠥᠮᠦᠨ ᠮᠠᠭᠤ ᠪᠠᠨ ᠮᠡᠳᠡᠬᠦ ᠦᠭᠡᠢ
ᠬᠦᠷᠢ ᠬᠣᠷᠣᠬᠠᠢ ᠦᠮᠡᠬᠡᠢ ᠪᠡᠨ ᠮᠡᠳᠡᠬᠦ ᠦᠭᠡᠢ

2477 ᠬᠥᠮᠦᠨ ᠰᠣᠨᠣᠰᠬᠤ ᠦᠭᠡᠢ
ᠨᠣᠬᠠᠢ ᠰᠢᠩᠰᠢᠯᠡᠬᠦ ᠦᠭᠡᠢ ᠦᠭᠡ

2478 ᠬᠥᠮᠦᠨ ᠬᠢᠷᠢ ᠪᠡᠷ ᠢ᠋ᠶ᠋ᠡᠨ
ᠲᠡᠮᠡᠭᠡ ᠳᠠᠩ ᠢ᠋ᠶ᠋ᠠᠷ ᠢ᠋ᠶ᠋ᠠᠨ

2479 ᠬᠥᠮᠦᠨ ᠬᠣᠭᠣᠯᠠ ᠪᠠᠷ
ᠬᠦᠯᠦᠭ ᠡᠪᠡᠰᠦ ᠪᠡᠷ

2480 ᠬᠥᠮᠦᠨ ᠬᠥᠮᠦᠨ ᠦ᠌ ᠰᠤᠷᠴᠠ ᠣᠨᠳᠣᠣ
ᠨᠤᠲᠤᠭ ᠨᠤᠲᠤᠭ ᠤ᠋ᠨ ᠵᠠᠩᠰᠢᠯ ᠣᠨᠳᠣᠣ

2481 ᠬᠥᠮᠦᠨ ᠬᠦᠴᠦ ᠪᠡᠷ ᠢ᠋ᠶ᠋ᠡᠨ
ᠰᠢᠪᠠᠭᠤ ᠳᠠᠯᠠᠪᠴᠢ ᠪᠠᠷ ᠢ᠋ᠶ᠋ᠠᠨ

2482 ᠬᠥᠮᠦᠨ ᠬᠡᠳᠦᠢ ᠮᠡᠷᠭᠡᠨ ᠴᠦ᠍
ᠬᠡᠯᠡᠬᠦ ᠡᠴᠡ ᠴᠠᠭᠠᠰᠢ ᠮᠡᠳᠡᠬᠦ ᠦᠭᠡᠢ
ᠴᠠᠭᠠᠰᠤ ᠬᠡᠳᠦᠢ ᠨᠢᠮᠭᠡᠨ ᠴᠦ᠍
ᠴᠢᠴᠢᠬᠦ ᠡᠴᠡ ᠴᠠᠭᠠᠰᠢ ᠴᠣᠭᠣᠷᠠᠳᠠᠭ ᠦᠭᠡᠢ

2483 ᠬᠥᠮᠦᠨ ᠬᠡᠯᠡ ᠪᠡᠷ ᠢ᠋ᠶ᠋ᠡᠨ
ᠮᠠᠯ ᠬᠥᠯ ᠢ᠋ᠶ᠋ᠡᠷ ᠢ᠋ᠶ᠋ᠡᠨ

2484 ᠬᠥᠮᠦᠨ ᠦᠭᠡᠢ ᠭᠠᠵᠠᠷ ᠪᠡᠶ᠎ᠡ ᠪᠡᠨ ᠰᠢᠨᠵᠢ
ᠬᠥᠮᠦᠨ ᠲᠡᠢ ᠭᠠᠵᠠᠷ ᠦᠭᠡ ᠪᠡᠨ ᠰᠢᠨᠵᠢ

2485 ᠬᠥᠮᠦᠨ ᠦᠭᠡᠢ ᠭᠠᠵᠠᠷ ᠬᠢᠲᠤᠭ᠎ᠠ ᠪᠠᠷ ᠠᠯᠠᠬᠤ
ᠬᠥᠮᠦᠨ ᠲᠡᠢ ᠭᠠᠵᠠᠷ ᠦᠭᠡ ᠪᠡᠷ ᠠᠯᠠᠬᠤ

2486 ᠬᠦᠨᠳᠦ ᠠᠴᠢᠶ᠎ᠠ ᠬᠥᠰᠬᠡ ᠳ᠋ᠦ᠍ ᠬᠠᠯᠠᠲᠠᠢ
ᠬᠥᠰᠢᠭᠦᠨ ᠵᠠᠩ ᠪᠡᠶ᠎ᠡ ᠳ᠋ᠦ᠍ ᠬᠣᠣᠷᠲᠠᠢ

2487 ᠬᠥᠮᠦᠨ ᠳ᠋ᠦ᠍ ᠨᠥᠬᠥᠷ ᠬᠡᠷᠡᠭᠲᠡᠢ
ᠰᠦᠷᠦᠭ ᠲᠦ᠍ ᠡᠵᠡᠨ ᠬᠡᠷᠡᠭᠲᠡᠢ

2488 ᠬᠥᠮᠦᠨ ᠳ᠋ᠦ᠍ ᠰᠡᠳᠬᠢᠯ ᠪᠠᠢᠳᠠᠭ
ᠴᠠᠬᠢᠭᠤᠷ ᠲᠤ᠌ ᠭᠠᠯ ᠪᠠᠢᠳᠠᠭ

2489 ᠬᠥᠮᠦᠨ ᠳ᠋ᠦ᠍ ᠲᠤᠰᠠ ᠬᠢᠪᠡᠯ
ᠥᠪᠡᠷ ᠲᠦ᠍ ᠪᠤᠶᠠᠨ ᠬᠤᠷᠠᠨ᠎ᠠ

2490 ᠬᠥᠮᠦᠨ ᠳ᠋ᠦ᠍ ᠲᠤᠰᠠᠯᠠᠭᠰᠠᠨ ᠢ᠋ᠶ᠋ᠠᠨ ᠮᠠᠷᠲᠠ
ᠬᠥᠮᠦᠨ ᠢ᠋ᠶ᠋ᠡᠷ ᠲᠤᠰᠠᠯᠠᠭᠤᠯᠤᠭᠰᠠᠨ ᠢ᠋ᠶ᠋ᠠᠨ ᠪᠦᠦ ᠮᠠᠷᠲᠠ

2491 ᠬᠦᠨᠳᠦ ᠶ᠋ᠢ ᠡᠷᠭᠦᠬᠦ ᠳ᠋ᠦ᠍
ᠬᠥᠰᠢᠭᠦᠷᠭᠡ ᠬᠡᠷᠡᠭᠲᠡᠢ
ᠬᠦᠰᠡᠯ ᠢ᠋ ᠪᠡᠶᠡᠯᠡᠭᠦᠯᠬᠦ ᠳ᠋ᠦ᠍
ᠵᠣᠷᠢᠭ ᠬᠡᠷᠡᠭᠲᠡᠢ

2492 ᠬᠦᠨᠳᠦ ᠪᠡᠨ ᠬᠥᠩᠭᠡᠨ ᠢ᠋ᠶ᠋ᠡᠷ
ᠬᠦᠯᠦᠭ ᠢ᠋ᠶ᠋ᠡᠨ ᠡᠯᠵᠢᠭᠡ ᠪᠡᠷ

2493 ᠬᠥᠮᠦᠨ ᠦ᠌ ᠠᠪᠠᠭᠠᠢ ᠲᠣᠭᠣᠰ ᠰᠢᠭ᠋
ᠥᠪᠡᠷ ᠦ᠋ᠨ ᠠᠪᠠᠭᠠᠢ ᠲᠣᠭᠣᠭᠠᠨ ᠤ᠋ ᠪᠠᠷᠢᠭᠤᠯ ᠰᠢᠭ᠋

2494 ᠬᠥᠮᠦᠨ ᠦ᠌ ᠠᠮᠠ ᠪᠠᠷ
ᠪᠤᠳᠠᠭ᠎ᠠ ᠢᠳᠡᠬᠦ

2495 ᠬᠥᠮᠦᠨ ᠦ᠌ ᠪᠠᠭ᠎ᠠ ᠠᠳᠠ ᠲᠠᠢ
ᠬᠦᠯᠦᠭ ᠦ᠋ᠨ ᠪᠠᠭ᠎ᠠ ᠬᠤᠷᠳᠤ ᠲᠠᠢ

2496 ᠬᠥᠮᠦᠨ ᠦ᠌ ᠪᠠᠭ᠎ᠠ ᠨᠢ ᠬᠥᠳᠡᠯᠵᠦ
ᠰᠢᠪᠠᠭᠤᠨ ᠤ᠋ ᠪᠠᠭ᠎ᠠ ᠨᠢ ᠵᠢᠷᠭᠢᠳᠡᠭ

2497 ᠬᠥᠮᠦᠨ ᠦ᠌ ᠪᠤᠷᠬᠠᠨ
ᠥᠪᠡᠷ ᠦ᠋ᠨ ᠪᠤᠭ ᠬᠣᠶᠠᠷ ᠠᠳᠠᠯᠢ

2498 ᠬᠥᠮᠦᠨ ᠦ᠌ ᠭᠠᠵᠠᠷ ᠨᠡᠷ᠎ᠡ ᠪᠡᠨ
ᠥᠪᠡᠷ ᠦ᠋ᠨ ᠭᠠᠵᠠᠷ ᠶᠠᠰᠤ ᠪᠠᠨ

2499 ᠬᠥᠮᠦᠨ ᠦ᠌ ᠭᠠᠷ ᠢ᠋ᠶ᠋ᠠᠷ
ᠮᠣᠭᠠᠢ ᠪᠠᠷᠢᠭᠤᠯᠬᠤ

2500 ᠬᠥᠮᠦᠨ ᠦ᠌ ᠭᠡᠷ ᠲᠤ᠌ ᠲᠣᠰᠣ ᠤᠤᠭᠤᠭᠰᠠᠨ ᠠ᠋ᠴᠠ
ᠥᠪᠡᠷ ᠦ᠋ᠨ ᠭᠡᠷ ᠲᠦ᠍ ᠤᠰᠤ ᠤᠤᠭᠤᠭᠰᠠᠨ ᠨᠢ ᠳᠡᠭᠡᠷ᠎ᠡ

2501 ᠬᠥᠮᠦᠨ ᠦ᠌ ᠵᠠᠶᠠᠭ᠎ᠠ
ᠲᠩᠷᠢ ᠶ᠋ᠢᠨ ᠭᠠᠷ ᠲᠤ᠌

2502 ᠬᠥᠮᠦᠨ ᠦ᠌ ᠮᠣᠷᠢ ᠶ᠋ᠢ ᠤᠨᠤᠭᠰᠠᠨ ᠬᠥᠮᠦᠨ ᠤᠷᠤᠯᠳᠤᠮᠠᠳᠠᠭᠠᠢ
ᠬᠥᠮᠦᠨ ᠦ᠌ ᠬᠤᠪᠴᠠᠰᠤ ᠶ᠋ᠢ ᠡᠮᠦᠰᠦᠭᠰᠡᠨ ᠬᠥᠮᠦᠨ ᠪᠠᠷᠢᠯᠳᠤᠮᠠᠳᠠᠭᠠᠢ

2503 ᠬᠥᠮᠦᠨ ᠦ᠌ ᠮᠠᠭᠤ ᠠ᠋ᠴᠠ ᠦᠭᠡ ᠭᠠᠷᠳᠠᠭ
ᠮᠣᠳᠣᠨ ᠤ᠋ ᠮᠠᠭᠤ ᠠ᠋ᠴᠠ ᠦᠨᠡᠰᠦ ᠭᠠᠷᠳᠠᠭ

2504 ᠬᠥᠮᠦᠨ ᠦ᠌ ᠣᠯᠠᠨ ᠬᠥᠮᠦᠨ ᠢ᠋ᠶ᠋ᠡᠨ ᠪᠠᠷᠢᠳᠠᠭ ᠦᠭᠡᠢ
ᠨᠣᠬᠠᠢ ᠶ᠋ᠢᠨ ᠣᠯᠠᠨ ᠨᠣᠬᠠᠢ ᠪᠠᠨ ᠪᠠᠷᠢᠳᠠᠭ

2505 ᠬᠥᠮᠦᠨ ᠦ᠌ ᠰᠠᠢᠨ ᠦᠨᠡᠨᠴᠢ
ᠬᠦᠯᠦᠭ ᠦ᠋ᠨ ᠰᠠᠢᠨ ᠭᠠᠵᠠᠷᠴᠢ

2506 ᠬᠥᠮᠦᠨ ᠦ᠌ ᠰᠠᠢᠨ ᠬᠦᠴᠢᠷ ᠴᠠᠭ ᠲᠤ ᠲᠠᠨᠢᠭᠳᠠᠬᠤ
ᠬᠦᠯᠦᠭ ᠦ᠋ᠨ ᠰᠠᠢᠨ ᠠᠯᠤᠰ ᠤ᠋ᠨ ᠵᠠᠮ ᠳ᠋ᠤ᠌ ᠲᠠᠨᠢᠭᠳᠠᠬᠤ

2507 ᠬᠥᠮᠦᠨ ᠦ᠌ ᠰᠠᠢᠨ ᠢ᠋ ᠲᠦᠰᠢᠵᠦ ᠮᠡᠳᠡ
ᠬᠦᠯᠦᠭ ᠦ᠋ᠨ ᠰᠠᠢᠨ ᠢ᠋ ᠤᠨᠤᠵᠤ ᠮᠡᠳᠡ

2508 ᠬᠥᠮᠦᠨ ᠦ᠌ ᠰᠠᠢᠨ ᠢ᠋ ᠦᠬᠦᠭᠰᠡᠨ ᠬᠣᠢᠨ᠎ᠠ ᠨᠢ
ᠮᠣᠷᠢᠨ ᠤ᠋ ᠰᠠᠢᠨ ᠢ᠋ ᠵᠠᠷᠤᠭᠰᠠᠨ ᠬᠣᠢᠨ᠎ᠠ ᠨᠢ

2509 ᠬᠥᠮᠦᠨ ᠦ᠌ ᠰᠠᠢᠬᠠᠨ
ᠬᠥᠮᠦᠨ ᠳ᠋ᠦ᠍ ᠨᠠᠭᠠᠯᠳᠤᠬᠤ ᠥᠬᠡᠢ

2510 ᠬᠥᠮᠦᠨ ᠦ᠌ ᠰᠠᠨᠠᠭ᠎ᠠ ᠦᠵᠦᠭᠦᠷ ᠦᠭᠡᠢ
ᠬᠥᠷᠥᠰᠥᠲᠦ ᠳᠡᠯᠡᠬᠡᠢ ᠬᠢᠵᠠᠭᠠᠷ ᠦᠭᠡᠢ

2511 ᠬᠥᠮᠦᠨ ᠦ᠌ ᠲᠠᠮᠢᠷ ᠵᠢᠷᠦᠬᠡᠨ ᠳ᠋ᠡᠭᠡᠨ
ᠬᠦᠯᠦᠭ ᠦ᠋ᠨ ᠲᠠᠮᠢᠷ ᠲᠤᠭᠤᠷᠠᠢ ᠳ᠋ᠠᠭᠠᠨ

2512 ᠬᠥᠮᠦᠨ ᠦ᠌ ᠤᠭ ᠨᠠᠭᠠᠴᠤ
ᠮᠣᠳᠣᠨ ᠤ᠋ ᠤᠭ ᠦᠨᠳᠦᠰᠦ

2513 ᠬᠥᠮᠦᠨ ᠦ᠌ ᠤᠬᠠᠭᠠᠨ ᠢ᠋ᠶ᠋ᠠᠷ ᠶᠠᠪᠤᠳᠠᠭ ᠰᠡᠴᠡᠨ ᠡᠴᠡ
ᠥᠪᠡᠷ ᠦ᠋ᠨ ᠤᠬᠠᠭᠠᠨ ᠢ᠋ᠶ᠋ᠠᠷ ᠶᠠᠪᠤᠳᠠᠭ ᠲᠡᠨᠡᠭ ᠳᠡᠭᠡᠷ᠎ᠡ

2514 ᠬᠥᠮᠦᠨ ᠦ᠌ ᠦᠭᠡ ᠪᠡᠷ ᠦᠭᠡ ᠪᠤᠤ ᠬᠢ
ᠬᠡᠭᠡᠷ᠎ᠡ ᠶ᠋ᠢᠨ ᠨᠣᠬᠠᠢ ᠪᠠᠷ ᠨᠣᠬᠠᠢ ᠪᠤᠤ ᠬᠢ

2515 ᠬᠥᠮᠦᠨ ᠦ᠌ ᠦᠭᠡ ᠪᠡᠷ ᠦᠭᠡ ᠬᠢᠵᠦ
ᠬᠥᠲᠥᠰᠥᠨ ᠦ᠌ ᠥᠭᠡᠳᠡᠰᠦ ᠪᠡᠷ ᠳᠡᠪᠡᠯ ᠬᠢᠬᠦ

2516 ᠬᠥᠮᠦᠨ ᠦ᠌ ᠬᠢᠭᠰᠡᠨ ᠢ᠋ ᠦᠨᠡᠯᠡ
ᠥᠪᠡᠷ ᠦ᠋ᠨ ᠬᠢᠭᠰᠡᠨ ᠢ᠋ ᠴᠢᠮᠠᠯᠠ

2517 ᠬᠥᠮᠦᠨ ᠦ᠌ ᠭᠬᠢᠷ ᠢ᠋ ᠬᠠᠷᠠᠬᠤ ᠪᠠᠷ
ᠥᠪᠡᠷ ᠦ᠋ᠨ ᠢ᠋ᠶ᠋ᠡᠨ ᠭᠬᠢᠷ ᠢ᠋ ᠬᠢᠴᠢᠶᠡ

2518 ᠬᠥᠮᠦᠨ ᠦ᠌ ᠬᠣᠣᠷᠯᠠᠯ ᠳᠠᠯᠳᠠ
ᠮᠣᠭᠠᠢ ᠶ᠋ᠢᠨ ᠬᠣᠣᠷᠯᠠᠯ ᠢᠯᠡ

2519 ᠬᠥᠮᠦᠨ ᠦ᠌ ᠬᠠᠭᠤᠴᠢᠨ ᠨᠢ
ᠳᠡᠪᠡᠯ ᠦ᠋ᠨ ᠰᠢᠨ᠎ᠡ ᠨᠢ

2520 ᠬᠥᠮᠦᠨ ᠦ᠌ ᠬᠦᠦ
ᠬᠦᠷᠡᠩ ᠪᠥᠭᠡᠷ᠎ᠡ ᠲᠡᠢ

2521 ᠬᠥᠮᠦᠨ ᠦ᠌ ᠬᠦᠦ ᠮᠠᠭᠤ ᠪᠣᠯ
ᠡᠴᠢᠭᠡ ᠶ᠋ᠢᠨ ᠨᠡᠷ᠎ᠡ ᠶ᠋ᠢ ᠭᠤᠲᠤᠭᠠᠨ᠎ᠠ
ᠬᠦᠯᠦᠭ ᠤᠨᠠᠭ᠎ᠠ ᠮᠠᠭᠤ ᠪᠣᠯ
ᠰᠦᠷᠦᠭ ᠦ᠋ᠨ ᠨᠡᠷ᠎ᠡ ᠶ᠋ᠢ ᠭᠤᠲᠤᠭᠠᠨ᠎ᠠ

2522 ᠬᠥᠮᠦᠨ ᠦ᠌ ᠬᠦᠦ ᠬᠠᠨᠢ ᠪᠠᠨ ᠰᠣᠩᠭᠣᠳᠠᠭ
ᠬᠦᠯᠦᠭ ᠦ᠋ᠨ ᠬᠦᠦ ᠵᠠᠮ ᠢ᠋ ᠰᠣᠩᠭᠣᠳᠠᠭ

2523 ᠬᠥᠮᠦᠨ ᠦ᠌ ᠬᠦᠦ ᠬᠦᠰᠡᠭᠰᠡᠨ ᠳ᠋ᠡᠭᠡᠨ
ᠬᠦᠯᠦᠭ ᠮᠣᠷᠢ ᠬᠠᠷᠠᠢᠭᠰᠠᠨ ᠳ᠋ᠠᠭᠠᠨ

2524 ᠬᠥᠮᠦᠨ ᠦ᠌ ᠬᠦᠦ ᠳ᠋ᠦ᠍ ᠬᠦᠴᠦ ᠣᠷᠣᠭᠤᠯᠳᠠᠭ ᠰᠤᠷᠭᠠᠯ
ᠬᠦᠯᠦᠭ ᠦ᠋ᠨ ᠤᠨᠠᠭᠠᠨ ᠳ᠋ᠤ᠌ ᠴᠢᠳᠠᠯ ᠣᠷᠣᠭᠤᠯᠳᠠᠭ ᠲᠡᠵᠢᠭᠡᠯ

2525 ᠬᠥᠮᠦᠨ ᠦ᠌ ᠬᠡᠯᠡ
ᠬᠢᠲᠤᠭᠠᠨ ᠤ᠋ ᠢᠷ ᠡᠴᠡ ᠬᠤᠷᠴᠠ

2526 ᠬᠥᠮᠦᠨ ᠦ᠌ ᠬᠡᠷᠡᠭ ᠪᠦᠲᠦᠪᠡᠯ
ᠥᠪᠡᠷ ᠦ᠋ᠨ ᠬᠡᠷᠡᠭ ᠪᠦᠲᠦᠳᠡᠭ

2527 ᠬᠥᠮᠦᠨ ᠦ᠌ ᠡᠯᠡᠭ
ᠬᠡᠦᠬᠡᠳ ᠦ᠋ᠨ ᠳᠣᠭᠣᠭᠢ

2528 ᠬᠥᠮᠦᠨ ᠦ᠌ ᠡᠨᠳᠡᠭᠦᠦ ᠶ᠋ᠢ ᠦᠵᠡᠬᠦ ᠪᠡᠷ
ᠥᠪᠡᠷ ᠦ᠋ᠨ ᠡᠨᠳᠡᠭᠦᠦ ᠶ᠋ᠢ ᠬᠠᠢ

2529 ᠬᠥᠮᠦᠨ ᠦ᠌ ᠡᠷᠬᠡ ᠪᠡᠷ ᠵᠢᠷᠭᠠᠬᠤ ᠪᠠᠷ
ᠥᠪᠡᠷ ᠦ᠋ᠨ ᠡᠷᠬᠡ ᠪᠡᠷ ᠵᠣᠪᠠ

2530 ᠬᠥᠮᠦᠨ ᠦ᠌ ᠡᠷᠬᠡ ᠪᠡᠷ ᠲᠣᠰᠣ ᠤᠤᠭᠤᠬᠤ ᠪᠠᠷ
ᠥᠪᠡᠷ ᠦ᠋ᠨ ᠳᠤᠷ᠎ᠠ ᠪᠠᠷ ᠤᠰᠤ ᠤᠤᠭᠤ

2531 ᠬᠥᠮᠦᠨ ᠦ᠌ ᠶᠠᠭᠤᠮ᠎ᠠ ᠬᠦᠰᠡᠭᠰᠡᠨ ᠴᠦ᠍ ᠴᠠᠭᠠᠰᠢ ᠪᠠᠨ
ᠥᠪᠡᠷ ᠦ᠋ᠨ ᠶᠠᠭᠤᠮ᠎ᠠ ᠥᠰᠢᠭᠰᠡᠨ ᠴᠦ᠍ ᠨᠠᠭᠠᠰᠢ ᠪᠠᠨ

2532 ᠬᠥᠮᠦᠨ ᠦ᠌ ᠶᠠᠭᠤᠮ᠎ᠠ ᠪᠠᠷ ᠭᠦᠦᠳᠡᠩᠨᠡᠬᠦ
ᠬᠦᠦ ᠲᠡᠢ ᠮᠥᠩᠭᠥ ᠪᠡᠷ ᠸᠠᠳᠠᠩᠨᠠᠬᠤ

2533 ᠬᠥᠮᠦᠨ ᠦ᠌ ᠶᠠᠭᠤᠮᠠᠨ ᠳ᠋ᠤ᠌ ᠪᠦᠦ ᠰᠢᠨᠤ
ᠬᠦᠷᠲᠡᠭᠰᠡᠨ ᠬᠥᠷᠥᠩᠭᠡ ᠪᠡᠨ ᠪᠤᠤ ᠴᠢᠮᠠᠯᠠ

2534 ᠬᠥᠮᠦᠨ ᠦ᠌ ᠶᠠᠭᠤᠮᠠᠨ ᠳ᠋ᠤ᠌ ᠬᠣᠩ ᠬᠡᠷᠢᠶ᠎ᠡ
ᠥᠪᠡᠷ ᠦ᠋ᠨ ᠶᠠᠭᠤᠮᠠᠨ ᠳ᠋ᠤ᠌ ᠥᠨᠳᠡᠭᠡ ᠳᠠᠷᠤᠭᠰᠠᠨ ᠲᠠᠬᠢᠶ᠎ᠠ

2535 ᠬᠥᠮᠦᠨ ᠢ᠋ ᠠᠷᠭ᠎ᠠ ᠪᠠᠷ
ᠬᠦᠯᠦᠭ ᠢ᠋ ᠤᠷᠭ᠎ᠠ ᠪᠠᠷ

2536 ᠬᠥᠮᠦᠨ ᠢ᠋ ᠵᠢᠰᠦ ᠪᠡᠷ ᠨᠢ ᠰᠢᠨᠵᠢᠵᠦ ᠪᠣᠯᠳᠠᠭ ᠦᠭᠡᠢ
ᠤᠰᠤ ᠶ᠋ᠢ ᠤᠭᠤᠲᠠ ᠪᠠᠷ ᠬᠡᠮᠵᠢᠵᠦ ᠪᠣᠯᠳᠠᠭ ᠦᠭᠡᠢ

2537 ᠬᠥᠮᠦᠨ ᠢ᠋ ᠲᠠᠨᠢᠶ᠎ᠠ ᠭᠡᠪᠡᠯ
ᠠᠭᠠᠰᠢ ᠶ᠋ᠢ ᠨᠢ ᠰᠢᠨᠵᠢ
ᠬᠡᠦᠬᠡᠳ ᠢ᠋ ᠲᠠᠨᠢᠶ᠎ᠠ ᠭᠡᠪᠡᠯ
ᠲᠣᠭᠯᠠᠭᠠᠮ ᠢ᠋ ᠨᠢ ᠦᠵᠡ

2538 ᠬᠥᠮᠦᠨ ᠢ᠋ ᠲᠠᠨᠢᠶ᠎ᠠ ᠭᠡᠪᠡᠯ
ᠨᠥᠬᠥᠷ ᠢ᠋ ᠨᠢ ᠰᠢᠨᠵᠢ
ᠨᠤᠲᠤᠭ ᠢ᠋ ᠨᠢ ᠰᠢᠨᠵᠢᠶ᠎ᠡ ᠭᠡᠪᠡᠯ
ᠤᠰᠤ ᠶ᠋ᠢ ᠨᠢ ᠰᠢᠨᠵᠢ

2539 ᠬᠥᠮᠦᠨ ᠢ᠋ ᠦᠵᠡᠬᠦ ᠨᠢᠳᠦ
ᠪᠡᠶ᠎ᠡ ᠪᠡᠨ ᠦᠵᠡᠬᠦ ᠲᠣᠯᠢ

2540 ᠬᠥᠮᠦᠨ ᠢ᠋ ᠬᠣᠣᠷᠯᠠᠬᠤ ᠬᠥᠮᠦᠨ ᠦ᠌
ᠬᠡᠯᠡᠨ ᠦ᠌ ᠦᠵᠦᠭᠦᠷ ᠵᠥᠭᠡᠯᠡᠨ

2541 ᠬᠥᠮᠦᠨ ᠢ᠋ ᠬᠡᠯᠡᠬᠦ ᠳ᠋ᠦ᠍
ᠬᠦᠷᠡᠩ ᠡᠷᠢᠶᠡᠨ ᠪᠦᠷᠭᠦᠳ ᠰᠢᠭ
ᠥᠪᠡᠷ ᠢ᠋ ᠪᠡᠨ ᠬᠡᠯᠡᠬᠦ ᠳ᠋ᠦ᠍
ᠥᠨᠳᠡᠭᠡ ᠪᠡᠨ ᠳᠠᠷᠤᠭᠰᠠᠨ ᠰᠢᠪᠠᠭᠤ ᠰᠢᠭ᠋

2542 ᠬᠥᠮᠦᠨ ᠦ᠌ ᠬᠢ ᠠᠳᠠᠯᠢ ᠬᠦᠴᠢᠷ ᠶᠠᠭᠤᠮ᠎ᠠ ᠦᠭᠡᠢ
ᠬᠦᠯᠢᠶᠡᠬᠦ ᠠᠳᠠᠯᠢ ᠤᠳᠠᠭᠠᠨ ᠶᠠᠭᠤᠮ᠎ᠠ ᠦᠭᠡᠢ

2543 ᠬᠦᠨᠡᠰᠦ ᠭᠣᠯᠣᠪᠠᠯ ᠬᠣᠭᠣᠯᠠ ᠦᠭᠡᠢ
ᠬᠥᠮᠦᠨ ᠭᠣᠯᠣᠪᠠᠯ ᠨᠥᠬᠥᠷ ᠦᠭᠡᠢ

2544 ᠬᠦᠨᠡᠰᠦ ᠦᠭᠡᠢ ᠪᠣᠯ ᠬᠣᠯᠠ ᠵᠠᠮ ᠳ᠋ᠤ᠌ ᠪᠦᠦ ᠭᠠᠷ
ᠬᠦᠴᠦ ᠦᠭᠡᠢ ᠪᠣᠯ ᠬᠥᠮᠦᠨ ᠲᠡᠢ ᠪᠦᠦ ᠪᠠᠷᠢᠯᠳᠤ

2545 ᠬᠦᠨᠡᠰᠦ ᠪᠡᠨ ᠪᠠᠷᠠᠭᠰᠠᠨ ᠬᠥᠮᠦᠨ ᠢᠳᠡᠮᠡᠬᠡᠢ
ᠲᠦᠯᠡᠰᠢ ᠪᠡᠨ ᠪᠠᠷᠠᠭᠰᠠᠨ ᠬᠥᠮᠦᠨ ᠪᠡᠭᠡᠷᠡᠮᠡᠲᠡᠭᠡᠢ

2546 ᠬᠥᠮᠦᠨ ᠲᠡᠢ ᠭᠠᠵᠠᠷ ᠬᠥᠮᠦᠨ ᠥᠯᠪᠡᠷᠴᠦ ᠦᠬᠦᠳᠡᠭ ᠦᠭᠡᠢ
ᠡᠪᠡᠰᠦ ᠲᠡᠢ ᠭᠠᠵᠠᠷ ᠮᠠᠯ ᠲᠤᠷᠠᠵᠤ ᠦᠬᠦᠳᠡᠭ ᠦᠭᠡᠢ

2547 ᠬᠥᠮᠦᠨ ᠲᠡᠢ ᠭᠠᠵᠠᠷ ᠨᠠᠷᠭᠢᠶᠠᠨ ᠲᠠᠢ
ᠬᠡᠦᠬᠡᠳ ᠲᠡᠢ ᠭᠠᠵᠠᠷ ᠱᠤᠤᠭᠢᠶᠠᠨ ᠲᠠᠢ

2548 ᠬᠥᠮᠦᠨ ᠢ᠋ᠶ᠋ᠡᠷ ᠳᠤᠲᠠᠬᠤ ᠪᠠᠷ
ᠬᠦᠨᠡᠰᠦ ᠪᠡᠷ ᠳᠤᠲᠠ

2549 ᠬᠥᠮᠦᠨ ᠡᠴᠡ ᠵᠢᠱ᠌ᠢᠶ᠎ᠡ ᠠᠪᠳᠠᠭ
ᠬᠥᠳᠡᠯᠮᠦᠷᠢ ᠡᠴᠡ ᠠᠳᠠᠯ ᠠᠪᠳᠠᠭ

2550 ᠬᠥᠮᠦᠨ ᠡᠴᠡ ᠢᠯᠡᠭᠦᠦ ᠮᠡᠳᠡᠨ᠎ᠡ ᠭᠡᠵᠦ
ᠪᠡᠶ᠎ᠡ ᠪᠡᠨ ᠪᠦᠦ ᠮᠠᠭᠲᠠ
ᠬᠦᠴᠦ ᠴᠢᠳᠠᠯ ᠶᠡᠬᠡᠲᠡᠢ ᠭᠡᠵᠦ
ᠬᠥᠮᠦᠨ ᠢ᠋ ᠪᠦᠦ ᠪᠠᠰᠤ

2551 ᠬᠦᠷᠭᠡᠨ ᠬᠥᠮᠦᠨ ᠦ᠌ ᠬᠦᠵᠦᠭᠦᠦ ᠨᠢ ᠪᠡᠬᠢ
ᠬᠥᠮᠦᠨ ᠦ᠌ ᠮᠠᠯ ᠤ᠋ᠨ ᠨᠢᠷᠤᠭᠤ ᠨᠢ ᠪᠡᠬᠢ

2552 ᠬᠦᠷᠡᠯ ᠬᠡᠳᠦᠢ ᠬᠠᠲᠠᠭᠤ ᠴᠦ᠍
ᠬᠥᠭᠡᠷᠭᠡ ᠶ᠋ᠢᠨ ᠭᠠᠯ ᠳ᠋ᠤ᠌ ᠤᠶᠠᠷᠠᠳᠠᠭ

2553 ᠬᠦᠷᠢᠶ᠎ᠡ ᠨᠡᠭᠦᠬᠦ ᠶ᠋ᠢᠨ ᠲᠥᠯᠥᠭᠡ
ᠬᠣᠶᠠᠷ ᠴᠢᠪᠠᠭᠠᠨᠴᠠ ᠬᠡᠷᠡᠯᠳᠦᠬᠦ

2554 ᠬᠦᠰᠡᠭᠰᠡᠨ ᠶᠠᠭᠤᠮ᠎ᠠ ᠬᠦᠵᠦᠭᠦᠦ ᠪᠡᠷ ᠲᠠᠲᠠᠨ᠎ᠠ
ᠬᠦᠴᠦᠯᠡᠭᠰᠡᠨ ᠶᠠᠭᠤᠮ᠎ᠠ ᠲᠠᠷᠢᠬᠢ ᠪᠠᠷ ᠲᠠᠲᠠᠨ᠎ᠠ

2555 ᠬᠦᠰᠡᠭᠰᠡᠨ ᠶᠠᠭᠤᠮ᠎ᠠ ᠪᠠᠨ
ᠬᠥᠰᠡᠷ ᠬᠠᠶᠠᠵᠤ ᠪᠣᠯᠬᠤ ᠦᠭᠡᠢ
ᠵᠣᠷᠢᠭᠰᠠᠨ ᠶᠠᠭᠤᠮ᠎ᠠ ᠪᠠᠨ
ᠵᠣᠷᠢᠭ ᠢ᠋ᠶ᠋ᠠᠷ ᠨᠢ ᠬᠠᠶᠠᠵᠤ ᠪᠣᠯᠬᠤ ᠦᠭᠡᠢ

2556 ᠬᠦᠰᠡᠯ ᠪᠠᠢᠪᠠᠯ ᠴᠥᠬᠥᠷᠡᠬᠦ ᠦᠭᠡᠢ
ᠬᠦᠴᠦᠨ ᠪᠠᠢᠪᠠᠯ ᠰᠥᠬᠥᠷᠡᠬᠦ ᠦᠭᠡᠢ

2557 ᠬᠦᠰᠡᠯ ᠶᠡᠬᠡ ᠲᠡᠢ ᠪᠡᠷ ᠢ᠋ᠶ᠋ᠡᠨ ᠨᠣᠶᠠᠨ ᠪᠣᠯᠳᠠᠭ ᠦᠭᠡᠢ
ᠬᠦᠴᠦ ᠶᠡᠬᠡ ᠲᠡᠢ ᠪᠡᠷ ᠢ᠋ᠶ᠋ᠡᠨ ᠪᠠᠶᠠᠨ ᠪᠣᠯᠳᠠᠭ ᠦᠭᠡᠢ

2558 ᠬᠦᠦ ᠮᠢᠨᠢ ᠭᠡᠳ ᠳᠤᠬᠤ ᠶ᠋ᠢ ᠨᠢ ᠦᠨᠦᠰᠴᠦ
ᠬᠦᠷᠭᠡᠨ ᠮᠢᠨᠢ ᠭᠡᠳ ᠡᠪᠦᠷ ᠢ᠋ ᠨᠢ ᠠᠭᠤᠳᠠᠯᠬᠤ

2559 ᠬᠦᠦ ᠮᠢᠨᠢ ᠬᠦᠦ ᠮᠢᠨᠢ ᠭᠡᠭᠰᠡᠭᠡᠷ
ᠬᠥᠮᠦᠨ ᠦ᠌ ᠲᠣᠯᠣᠭᠠᠢ ᠳᠡᠭᠡᠷ᠎ᠡ ᠭᠠᠷᠭᠠᠬᠤ

2560 ᠬᠦᠦ ᠶ᠋ᠢ ᠠᠵᠢᠯ ᠢ᠋ᠶ᠋ᠠᠷ ᠨᠢ
ᠬᠡᠦᠬᠡᠨ ᠢ᠋ ᠦᠢᠯᠡ ᠪᠡᠷ ᠨᠢ

2561 ᠬᠦᠦ ᠲᠡᠢ ᠬᠥᠮᠦᠨ ᠦ᠌ ᠠᠮᠠ ᠨᠢ ᠨᠣᠢᠲᠠᠨ
ᠬᠦᠦ ᠦᠭᠡᠢ ᠬᠥᠮᠦᠨ ᠦ᠌ ᠨᠢᠳᠦ ᠨᠢ ᠨᠣᠢᠲᠠᠨ

2562 ᠬᠡᠦᠬᠡᠳ ᠢ᠋ ᠪᠠᠭ᠎ᠠ ᠳᠡᠭᠡᠷ᠎ᠡ ᠨᠢ
ᠬᠦᠷᠭᠡᠨ ᠢ᠋ ᠰᠢᠨ᠎ᠡ ᠳᠡᠭᠡᠷ᠎ᠡ ᠨᠢ

2563 ᠬᠡᠦᠬᠡᠳ ᠦ᠋ᠨ ᠰᠡᠳᠬᠢᠯ ᠴᠠᠭᠠᠨ
ᠬᠥᠭᠰᠢᠳ ᠦ᠋ᠨ ᠶᠣᠰᠣ ᠬᠠᠲᠠᠭᠤ

2564 ᠬᠡᠦᠬᠡᠨ ᠦ᠌ ᠮᠠᠭᠤ ᠡᠵᠢ ᠳ᠋ᠡᠭᠡᠨ
ᠡᠳ᠋ ᠦ᠋ᠨ ᠮᠠᠭᠤ ᠡᠵᠡᠨ ᠳ᠋ᠡᠭᠡᠨ

2565 ᠬᠡᠦᠬᠡᠨ ᠢ᠋ᠶ᠋ᠡᠨ ᠮᠠᠭᠲᠠᠭᠰᠠᠨ ᠡᠬᠡ
ᠬᠦᠷᠭᠡᠨ ᠲᠡᠢ ᠪᠡᠨ ᠲᠠᠭᠠᠷᠠᠬᠤ ᠦᠭᠡᠢ

2566 ᠬᠡᠦᠬᠡᠳ ᠢ᠋ᠶ᠋ᠡᠨ ᠬᠥᠬᠥᠭᠦᠯᠵᠦ ᠪᠠᠢᠬᠤ ᠳ᠋ᠠᠭᠠᠨ
ᠰᠤᠷᠭᠠᠬᠤ ᠦᠭᠡᠢ ᠪᠣᠯ
ᠬᠥᠷᠥᠪᠡᠵᠢᠭᠰᠡᠨ ᠬᠣᠢᠨ᠎ᠠ ᠨᠢ
ᠬᠥᠮᠦᠵᠢᠭᠦᠯᠵᠦ ᠴᠢᠳᠠᠬᠤ ᠦᠭᠡᠢ

2567 ᠬᠡᠦᠬᠡᠳ ᠠᠪᠤ ᠡᠵᠢ ᠪᠡᠷ ᠢ᠋ᠶ᠋ᠡᠨ ᠲᠦᠷᠢᠶᠡᠰᠦ ᠪᠠᠷᠢᠬᠤ
ᠨᠣᠬᠠᠢ ᠡᠵᠡᠨ ᠢ᠋ᠶ᠋ᠡᠷ ᠢ᠋ᠶ᠋ᠡᠨ ᠲᠦᠷᠢᠶᠡᠰᠦ ᠪᠠᠷᠢᠬᠤ

2568 ᠬᠡᠦᠬᠡᠳ ᠠᠭᠠᠰᠢ ᠪᠠᠷ ᠢ᠋ᠶ᠋ᠠᠨ
ᠬᠥᠭᠰᠢᠳ ᠨᠠᠰᠤ ᠪᠠᠷ ᠢ᠋ᠶ᠋ᠠᠨ

2569 ᠬᠡᠦᠬᠡᠳ ᠡᠬᠡ ᠪᠡᠨ ᠬᠠᠢᠷᠠᠯᠠᠬᠤ ᠰᠡᠳᠬᠢᠯ ᠢ᠋ᠶ᠋ᠡᠷ
ᠪᠤᠰᠤᠳ ᠢ᠋ ᠬᠠᠢᠷᠠᠯᠠᠬᠤ
ᠲᠦᠰᠢᠮᠡᠳ ᠲᠤᠰᠢᠶᠠᠯ ᠢ᠋ᠶ᠋ᠠᠨ ᠬᠠᠮᠠᠭᠠᠯᠠᠬᠤ ᠵᠣᠷᠢᠯᠭ᠎ᠠ ᠪᠠᠷ
ᠤᠯᠤᠰ ᠢ᠋ᠶ᠋ᠠᠨ ᠬᠠᠢᠷᠠᠯᠠᠬᠤ ᠭᠡᠵᠦ ᠶᠠᠷᠢᠬᠤ

2570 ᠬᠦᠴᠦ ᠴᠢᠳᠠᠯ ᠶᠡᠬᠡ ᠲᠡᠢ ᠭᠡᠵᠦ
ᠬᠥᠮᠦᠨ ᠢ᠋ ᠪᠢᠲᠡᠭᠡᠢ ᠪᠠᠰᠤ
ᠬᠥᠮᠦᠨ ᠡᠴᠡ ᠢᠯᠡᠭᠦᠦ ᠮᠡᠳᠡᠨ᠎ᠡ ᠭᠡᠵᠦ
ᠪᠡᠶ᠎ᠡ ᠪᠡᠨ ᠪᠢᠲᠡᠭᠡᠢ ᠮᠠᠭᠲᠠ

2571 ᠬᠦᠴᠦ ᠦᠭᠡᠢ ᠬᠥᠮᠦᠨ
ᠬᠥᠪᠴᠢ ᠦᠭᠡᠢ ᠨᠤᠮᠤ

2572 ᠬᠦᠴᠦᠯᠡᠭᠰᠡᠨ ᠡᠴᠡ ᠡᠪ ᠢ᠋ᠶ᠋ᠡᠷ
ᠭᠡᠷᠡᠯᠲᠦᠭᠰᠡᠨ ᠡᠴᠡ ᠡᠶ᠎ᠡ ᠪᠡᠷ

2573 ᠬᠦᠴᠦᠲᠡᠨ ᠦ᠌ ᠡᠮᠦᠨ᠎ᠡ ᠬᠠᠪᠠ ᠰᠢᠭ᠋ ᠭᠥᠯᠢᠯᠵᠡᠵᠦ
ᠬᠦᠴᠦ ᠮᠠᠭᠤᠲᠤ ᠶ᠋ᠢᠨ ᠡᠮᠦᠨ᠎ᠡ ᠠᠷᠰᠯᠠᠨ ᠰᠢᠭ᠋ ᠠᠷᠬᠢᠷᠠᠬᠤ

2574 ᠬᠦᠴᠦᠨ ᠦ᠌ ᠶᠡᠬᠡ ᠪᠡᠶ᠎ᠡ ᠪᠡᠷ ᠪᠣᠯᠬᠤ ᠦᠭᠡᠢ
ᠬᠥᠮᠦᠨ ᠦ᠌ ᠰᠠᠢᠨ ᠵᠢᠰᠦ ᠪᠡᠷ ᠪᠣᠯᠬᠤ ᠦᠭᠡᠢ

2576 ᠬᠦᠴᠦ ᠪᠡᠷ ᠮᠢᠩᠭᠠᠨ ᠵᠢᠩ ᠢ᠋ ᠡᠷᠭᠦᠬᠦ ᠳ᠋ᠦ᠍
ᠠᠷᠭ᠎ᠠ ᠪᠠᠷ ᠲᠦᠮᠡᠨ ᠵᠢᠩ ᠢ᠋ ᠡᠷᠭᠦᠳᠡᠭ

2577 ᠬᠡᠪ ᠨᠢ ᠵᠢᠭᠳᠡ ᠪᠣᠯ ᠪᠢᠴᠢᠭ ᠰᠠᠢᠬᠠᠨ
ᠬᠡᠯᠡ ᠨᠢ ᠴᠡᠭᠴᠡ ᠪᠣᠯ ᠶᠠᠷᠢᠶ᠎ᠠ ᠰᠠᠢᠬᠠᠨ

2578 ᠬᠡᠪᠡᠯᠢ ᠶ᠋ᠢᠨ ᠬᠡᠦᠬᠡᠳ ᠲᠦ᠍ ᠨᠡᠷ᠎ᠡ ᠦᠭᠡᠢ
ᠬᠡᠰᠦᠭᠦᠯ ᠡᠮ᠎ᠡ ᠳ᠋ᠦ᠍ ᠦᠷ᠎ᠡ ᠦᠭᠡᠢ

2579 ᠬᠡᠪᠲᠡᠭᠡᠳ ᠬᠡᠷᠡᠮᠦ ᠠᠩᠨᠠᠳᠠᠭ ᠦᠭᠡᠢ
ᠬᠡᠰᠦᠭᠡᠳ ᠨᠡᠷ᠎ᠡ ᠰᠠᠢᠵᠢᠷᠠᠳᠠᠭ ᠦᠭᠡᠢ

2580 ᠬᠡᠳᠡᠭᠡᠨ᠎ᠡ ᠡᠴᠡ ᠵᠢᠭᠤᠲᠠᠭᠰᠠᠨ ᠦᠬᠡᠷ ᠬᠡᠴᠡᠭᠦᠦ
ᠬᠡᠷᠡᠭᠦᠯ ᠳ᠋ᠦ᠍ ᠳᠤᠷᠠᠲᠠᠢ ᠡᠮ᠎ᠡ ᠬᠡᠴᠡᠭᠦᠦ

2581 ᠬᠡᠳᠡᠷ ᠬᠥᠮᠦᠨ ᠬᠡᠷᠡᠭᠦᠯᠴᠢ
ᠬᠡᠯᠡᠭᠡᠢ ᠬᠥᠮᠦᠨ ᠴᠠᠯᠴᠢᠶ᠎ᠠ

2582 ᠬᠡᠵᠢᠶ᠎ᠡ ᠠᠪᠤᠭᠰᠠᠨ ᠢ᠋ᠶ᠋ᠠᠨ ᠮᠡᠳᠡᠳᠡᠭ
ᠬᠡᠵᠢᠶ᠎ᠡ ᠲᠥᠯᠥᠬᠦ ᠪᠡᠨ ᠮᠡᠳᠡᠳᠡᠭ ᠦᠭᠡᠢ

2583 ᠬᠡᠯᠡ ᠨᠢ ᠤᠷᠠᠨ
ᠬᠡᠯᠡᠭᠰᠡᠨ ᠨᠢ ᠬᠣᠷᠤᠨ

2584 ᠬᠡᠯᠡ ᠲᠠᠤᠯᠠᠢ ᠠ᠋ᠴᠠ ᠬᠤᠷᠳᠤᠨ
ᠲᠠᠩᠭᠠᠷᠢᠭ ᠬᠢᠲᠤᠭᠠᠨ ᠠ᠋ᠴᠠ ᠬᠤᠷᠴᠠ

2585 ᠬᠡᠯᠡ ᠬᠡᠳᠦᠢ ᠬᠤᠷᠴᠠ ᠪᠣᠯᠪᠠᠴᠤ
ᠵᠠᠪᠠᠵᠢ ᠪᠠᠨ ᠴᠣᠭᠣᠯᠵᠤ ᠴᠢᠳᠠᠬᠤ ᠦᠭᠡᠢ
ᠨᠢᠳᠦ ᠬᠡᠳᠦᠢ ᠭᠡᠭᠡᠨ ᠪᠣᠯᠪᠠᠴᠤ
ᠳᠤᠬᠤ ᠪᠠᠨ ᠣᠯᠵᠤ ᠦᠵᠡᠬᠦ ᠦᠭᠡᠢ

2586 ᠬᠡᠯᠡᠪᠡᠯ ᠪᠦᠦ ᠪᠤᠴᠠ
ᠰᠠᠨᠠᠪᠠᠯ ᠪᠦᠦ ᠮᠠᠷᠲᠠ

2587 ᠬᠡᠯᠡᠪᠡᠯ ᠦᠭᠡᠨ ᠳ᠋ᠡᠭᠡᠨ ᠬᠥᠷ
ᠬᠢᠪᠡᠯ ᠵᠣᠷᠢᠭᠰᠠᠨ ᠳ᠋ᠠᠭᠠᠨ ᠬᠥᠷ

2588 ᠬᠡᠯᠡᠨ ᠳ᠋ᠦ᠍ ᠣᠷᠣᠵᠤ ᠦᠭᠡ ᠬᠡᠯᠡᠳᠡᠭ
ᠬᠥᠯ ᠳ᠋ᠦ᠍ ᠣᠷᠣᠵᠤ ᠭᠠᠵᠠᠷ ᠭᠢᠰᠬᠢᠳᠡᠭ

2589 ᠬᠡᠯᠡᠳᠡᠭ ᠨᠢ ᠬᠡᠳᠦᠭᠦᠯᠡ
ᠬᠢᠳᠡᠭ ᠨᠢ ᠭᠠᠭᠴᠠᠭᠠᠷ ᠢ᠋ᠶ᠋ᠠᠨ

2590 ᠬᠡᠯᠡᠵᠦ ᠪᠣᠯᠣᠰᠢ ᠦᠭᠡᠢ
ᠬᠡᠳᠦ ᠶ᠋ᠢᠨ ᠶᠠᠪᠤᠳᠠᠯ
ᠬᠡᠮᠨᠡᠵᠦ ᠪᠣᠯᠣᠰᠢ ᠦᠭᠡᠢ
ᠣᠷᠴᠢᠯᠠᠩ ᠤ᠋ᠨ ᠶᠠᠪᠤᠳᠠᠯ

2591 ᠬᠡᠯᠡᠵᠦ ᠮᠡᠷᠭᠡᠯᠡᠬᠦ ᠪᠡᠷ
ᠬᠢᠵᠦ ᠮᠡᠷᠭᠡᠯᠡ

2592 ᠬᠡᠯᠡᠵᠦ ᠦᠭᠪᠡᠴᠦ ᠴᠢᠬᠢ ᠨᠢ ᠴᠤᠭᠤᠷᠬᠠᠢ
ᠬᠢᠵᠦ ᠥᠭᠪᠡᠴᠦ ᠰᠠᠪᠠ ᠨᠢ ᠴᠣᠭᠣᠷᠬᠠᠢ

2593 ᠬᠡᠯᠡᠵᠦ ᠬᠡᠯᠡ ᠨᠡᠢᠯᠡᠬᠦ ᠦᠭᠡᠢ
ᠬᠡᠪᠲᠡᠵᠦ ᠰᠡᠭᠦᠵᠢ ᠨᠡᠢᠯᠡᠬᠦ ᠦᠭᠡᠢ

2594 ᠬᠡᠯᠡᠵᠦ ᠴᠢᠳᠠᠬᠤ ᠦᠭᠡᠢ ᠬᠥᠮᠦᠨ ᠬᠡᠷᠡᠭ ᠭᠤᠲᠤᠭᠠᠬᠤ
ᠬᠡᠷᠴᠢᠵᠦ ᠴᠢᠳᠠᠬᠤ ᠦᠭᠡᠢ ᠬᠥᠮᠦᠨ ᠬᠣᠭᠣᠯᠠ ᠭᠤᠲᠤᠭᠠᠬᠤ

2595 ᠬᠡᠯᠡᠨ ᠦ᠌ ᠭᠡᠮ ᠲᠣᠯᠣᠭᠠᠢ ᠳ᠋ᠤ᠌
ᠬᠢᠭᠰᠡᠨ ᠦ᠌ ᠭᠡᠮ ᠪᠡᠶ᠎ᠡ ᠳ᠋ᠦ᠍

2596 ᠬᠡᠯᠡᠨ᠎ᠡ ᠭᠡᠪᠡᠯ ᠬᠡᠯᠡ ᠪᠡᠨ ᠪᠢᠯᠡᠭᠦᠳᠡᠵᠦ
ᠬᠢᠨ᠎ᠡ ᠬᠢᠪᠡᠯ ᠲᠣᠯᠣᠭᠠᠢ ᠪᠠᠨ ᠰᠡᠭᠰᠦᠷᠬᠦ

2597 ᠬᠡᠯᠡᠭᠰᠡᠨ ᠢ᠋ ᠨᠢ ᠢᠲᠡᠭᠡᠬᠦ ᠪᠡᠷ
ᠬᠢᠭᠰᠡᠨ ᠢ᠋ ᠨᠢ ᠢᠳᠡᠭᠡ

2598 ᠬᠡᠯᠡᠭᠰᠡᠨ ᠢ᠋ᠶ᠋ᠡᠨ ᠠᠵᠢᠯ ᠪᠣᠯᠭᠠᠪᠠᠯ
ᠬᠢᠭᠰᠡᠨ ᠪᠦᠬᠦᠨ ᠨᠢ ᠠᠯᠳᠠᠷᠰᠢᠬᠤ

2599 ᠬᠡᠯᠡᠭᠰᠡᠨ ᠢ᠋ᠶ᠋ᠡᠨ ᠴᠡᠩᠨᠠ
ᠬᠢᠭᠰᠡᠨ ᠢ᠋ᠶ᠋ᠡᠨ ᠳ᠋ᠦᠩᠨᠡ

2600 ᠬᠡᠯᠡᠭᠰᠡᠨ ᠦᠭᠡ ᠮᠥᠩᠭᠥ
ᠬᠡᠯᠡᠭᠡ ᠦᠭᠡᠢ ᠦᠭᠡᠢ ᠠᠯᠲᠠ

2601 ᠬᠡᠯᠡᠭᠰᠡᠨ ᠦᠭᠡᠨ ᠳ᠋ᠡᠭᠡᠨ ᠬᠦᠷᠳᠡᠭ ᠦᠭᠡᠢ
ᠬᠢᠭᠰᠡᠨ ᠠᠵᠢᠯ ᠢ᠋ᠶ᠋ᠠᠨ ᠳᠠᠭᠤᠰᠬᠠᠳᠠᠭ ᠦᠭᠡᠢ

2602 ᠬᠡᠯᠡᠭᠰᠡᠨ ᠦᠭᠡᠨ ᠳ᠋ᠡᠭᠡᠨ ᠡᠵᠡᠨ ᠪᠣᠯᠵᠤ
ᠢᠳᠡᠭᠰᠡᠨ ᠬᠣᠭᠣᠯᠠᠨ ᠳ᠋ᠠᠭᠠᠨ ᠰᠠᠪᠠ ᠪᠣᠯᠬᠤ

2603 ᠬᠡᠯᠡᠭᠰᠡᠨ ᠦᠭᠡ ᠪᠡᠷ ᠨᠢ ᠰᠡᠴᠡᠨ ᠢ᠋ ᠨᠢ ᠮᠡᠳᠡᠬᠦ
ᠬᠢᠭᠰᠡᠨ ᠰᠦᠬᠡ ᠪᠡᠷ ᠨᠢ ᠳᠠᠷᠬᠠᠨ ᠢ᠋ ᠨᠢ ᠮᠡᠳᠡᠬᠦ

2604 ᠬᠡᠯᠡᠭᠦᠯᠵᠦ ᠶᠠᠪᠤᠬᠤ ᠨᠡᠷ᠎ᠡ
ᠬᠡᠪᠲᠡᠵᠦ ᠬᠣᠴᠣᠷᠬᠤ ᠶᠠᠰᠤ

2605 ᠬᠡᠯᠡᠶ᠎ᠡ ᠭᠡᠰᠡᠨ ᠦᠭᠡ ᠪᠡᠨ

ᠬᠡᠯᠡ ᠳᠣᠣᠷ᠎ᠠ ᠪᠠᠨ ᠳᠠᠷᠤᠵᠤ

ᠬᠢᠶ᠎ᠡ ᠭᠡᠰᠡᠨ ᠬᠡᠷᠡᠭ ᠢ᠋ᠶ᠋ᠡᠨ

ᠬᠣᠷᠮᠣᠢ ᠳᠣᠣᠷ᠎ᠠ ᠪᠠᠨ ᠨᠢᠭᠤᠬᠤ

 

2606 ᠬᠡᠯᠡᠯᠴᠡᠪᠡᠯ ᠪᠦᠲᠦᠳᠡᠭ

ᠬᠡᠷᠡᠯᠳᠦᠪᠡᠯ ᠪᠤᠲᠠᠷᠠᠳᠠᠭ

 

2607 ᠬᠡᠯᠡᠯᠴᠡᠵᠦ ᠰᠠᠭᠤᠪᠠᠯ ᠰᠡᠳᠬᠢᠯ ᠦ᠋ᠨ ᠴᠢᠮᠡᠭ

ᠬᠢᠴᠢᠶᠡᠵᠦ ᠶᠠᠪᠤᠪᠠᠯ ᠪᠡᠶ᠎ᠡ ᠶ᠋ᠢᠨ ᠴᠢᠮᠡᠭ

 

2608 ᠬᠡᠯᠡᠯᠴᠡᠭᠡᠳ ᠪᠦᠲᠦᠭᠡᠵᠦ ᠴᠢᠳᠠ

ᠬᠡᠷᠡᠯᠳᠦᠭᠡᠳ ᠵᠥᠪᠰᠢᠵᠦ ᠴᠢᠳᠠ

 

2609 ᠬᠡᠯᠡᠮᠡᠭᠡᠢ ᠬᠥᠮᠦᠨ ᠬᠡᠷᠡᠭᠦᠯᠴᠢ

ᠬᠡᠳᠡᠷ ᠨᠣᠬᠠᠢ ᠵᠠᠭᠤᠭᠠᠴᠢ

 

2610 ᠬᠡᠯᠡᠨ ᠳᠡᠭᠡᠷ᠎ᠡ ᠨᠢ ᠰᠢᠬᠢᠷ ᠲᠠᠯᠪᠢᠵᠤ

ᠬᠦᠵᠦᠭᠦᠨ ᠳᠡᠭᠡᠷ᠎ᠡ ᠨᠢ ᠬᠢᠲᠤᠭ᠎ᠠ ᠲᠠᠯᠪᠢᠬᠤ

 

2611 ᠬᠡᠯᠡᠬᠦ ᠶ᠋ᠢᠨ ᠤᠷᠢᠳ ᠪᠣᠯᠭᠣᠮᠵᠢ

ᠬᠢᠬᠦ ᠶ᠋ᠢᠨ ᠤᠷᠢᠳ ᠬᠢᠴᠢᠶᠡᠮᠵᠢ

 

2612 ᠬᠡᠯᠡᠬᠦᠯᠡᠷ ᠬᠡᠯᠡ ᠵᠣᠪᠠᠨ᠎ᠠ

ᠰᠠᠨᠠᠬᠤᠯᠠᠷ ᠰᠠᠨᠠᠭ᠎ᠠ ᠵᠣᠪᠠᠨ᠎ᠠ

 

2613 ᠬᠡᠯᠡᠬᠦ ᠨᠢ ᠠᠭᠤᠯᠠ ᠶ᠋ᠢᠨ ᠴᠢᠨᠡᠭᠡ

ᠬᠢᠬᠦ ᠨᠢ ᠬᠡᠳᠡᠭᠡᠨ᠎ᠡ ᠶ᠋ᠢᠨ ᠴᠢᠨᠡᠭᠡ

 

2614 ᠬᠡᠯᠡᠬᠦ ᠨᠢ ᠬᠡᠳᠡᠷ

ᠶᠠᠪᠤᠬᠤ ᠨᠢ ᠶᠠᠳᠠᠷ

 

2615 ᠬᠡᠯᠡᠬᠦ ᠨᠢ ᠬᠡᠨ ᠡᠴᠡ ᠴᠦ᠍ ᠮᠡᠷᠭᠡᠨ

ᠬᠢᠬᠦ ᠨᠢ ᠬᠡᠨ ᠡᠴᠡ ᠴᠦ᠍ ᠲᠡᠨᠡᠭ

 

2616 ᠬᠡᠯᠡᠬᠦ ᠨᠢ ᠬᠡᠷᠡᠭᠦᠯ ᠮᠡᠲᠦ

ᠬᠢᠯᠢᠩᠨᠡᠬᠦ ᠨᠢ ᠭᠠᠯᠵᠠᠭᠤ ᠮᠡᠲᠦ

 

2617 ᠬᠡᠯᠡᠬᠦ ᠨᠢ ᠬᠡᠷᠴᠡᠭᠡᠢ

ᠭᠡᠭᠡᠷᠡᠬᠦ ᠨᠢ ᠦᠮᠡᠬᠡᠢ

 

2618 ᠬᠡᠯᠡᠬᠦ ᠨᠢ ᠴᠠᠭᠠᠨ

ᠬᠢᠬᠦ ᠨᠢ ᠬᠠᠷ᠎ᠠ

 

2619 ᠬᠡᠯᠡᠬᠦ ᠨᠢᠭᠡ ᠮᠠᠭᠤ

ᠬᠡᠯᠡᠬᠦ ᠦᠭᠡᠢ ᠪᠠᠢᠬᠤ ᠬᠣᠶᠠᠷ ᠮᠠᠭᠤ

 

2620 ᠬᠡᠯᠡᠬᠦ ᠦᠭᠡ ᠬᠡᠮᠵᠢᠶ᠎ᠡ ᠲᠡᠢ

ᠬᠠᠷᠠᠬᠤ ᠨᠢᠳᠦ ᠬᠢᠵᠠᠭᠠᠷ ᠲᠠᠢ

 

2621 ᠬᠡᠯᠡᠬᠦ ᠦᠭᠡ ᠶ᠋ᠢ ᠡᠵᠡᠨ ᠳ᠋ᠦ᠍ᠨᠢ

ᠲᠠᠯᠪᠢᠬᠤ ᠮᠣᠷᠢ ᠶ᠋ᠢ ᠢᠵᠢᠯᠢ ᠳ᠋ᠦ᠍ᠨᠢ

 

2622 ᠬᠡᠯᠡᠬᠦ ᠳ᠋ᠦ᠍ ᠠᠮᠠᠷᠬᠠᠨ

ᠬᠢᠬᠦ ᠳ᠋ᠦ᠍ ᠬᠡᠴᠡᠭᠦᠦ

 

2623 ᠬᠡᠯᠡᠬᠦ ᠪᠡᠷ ᠢ᠋ᠶ᠋ᠡᠨ ᠮᠡᠷᠡᠢᠯ ᠦᠭᠡᠢ

ᠬᠢᠬᠦ ᠪᠡᠷ ᠢ᠋ᠶ᠋ᠡᠨ ᠮᠡᠷᠡᠢ

 

2624 ᠬᠡᠮᠵᠢᠵᠦ ᠲᠣᠭᠲᠠᠭᠠᠭᠰᠠᠨ ᠴᠠᠭ ᠠ᠋ᠴᠠ ᠪᠢᠲᠡᠭᠡᠢ ᠬᠣᠵᠢᠮᠳᠠ

ᠳᠡᠮᠵᠢᠵᠦ ᠬᠢᠯᠴᠡᠬᠦ ᠠᠵᠢᠯ ᠠ᠋ᠴᠠ ᠪᠢᠲᠡᠭᠡᠢ ᠪᠤᠯᠲᠠ

 

2625 ᠭᠡᠮ ᠡᠴᠡ ᠪᠡᠨ ᠬᠡᠲᠦᠷᠡᠬᠦ

ᠴᠠᠭ ᠠ᠋ᠴᠠ ᠪᠠᠨ ᠰᠠᠭᠠᠲᠠᠬᠤ

 

2626 ᠬᠡᠨᠵᠡ ᠨᠣᠭᠣᠭ᠎ᠠ ᠨᠠᠷᠢᠬᠠᠨ ᠪᠣᠯᠪᠠᠴᠤ

ᠬᠥᠷᠥᠰᠥ ᠶ᠋ᠢ ᠨᠡᠪᠲᠡᠯᠬᠦ ᠴᠢᠳᠠᠯᠲᠠᠢ

ᠬᠡᠲᠡ ᠶ᠋ᠢᠨ ᠭᠠᠯ ᠥᠴᠦᠬᠡᠨ ᠪᠣᠯᠪᠠᠴᠤ

ᠲᠦᠢᠮᠡᠷ ᠡᠭᠦᠰᠬᠡᠬᠦ ᠴᠢᠳᠠᠯᠲᠠᠢ

 

2627 ᠬᠡᠷᠡᠭ ᠦ᠋ᠨ ᠡᠵᠡᠨ

ᠬᠡᠩᠭᠡᠷᠭᠡ ᠶ᠋ᠢᠨ ᠳᠣᠬᠢᠭᠤᠷ

 

2628 ᠬᠡᠷᠡᠭ ᠢ᠋ᠶ᠋ᠡᠨ ᠮᠡᠳᠡᠬᠦ ᠦᠭᠡᠢ ᠨᠣᠶᠠᠨ ᠶᠠᠪᠤᠬᠤ ᠪᠠᠷ

ᠬᠡᠷᠡᠭ ᠢ᠋ᠶ᠋ᠡᠨ ᠮᠡᠳᠡᠬᠦ ᠪᠣᠭᠣᠯ ᠶᠠᠪᠤᠭᠰᠠᠨ ᠨᠢ ᠳᠡᠭᠡᠷ᠎ᠡ

 

2629 ᠬᠡᠷᠰᠡᠦ ᠲᠠᠤᠯᠠᠢ ᠵᠠᠮ ᠤ᠋ᠨ ᠵᠠᠬ᠎ᠠ ᠳ᠋ᠤ᠌

ᠬᠡᠷᠰᠡᠦ ᠬᠡᠦᠬᠡᠳ ᠡᠪᠦᠭᠡᠳ ᠦ᠋ᠨ ᠵᠠᠬ᠎ᠠ ᠳ᠋ᠤ᠌

 

2630 ᠬᠡᠷᠰᠡᠦ ᠶ᠋ᠢᠨ ᠦᠭᠡᠨ ᠳ᠋ᠦ᠍ ᠣᠷᠣᠪᠠᠯ

ᠬᠡᠭᠡᠷ᠎ᠡ ᠬᠣᠨᠣᠬᠤ ᠦᠭᠡᠢ

 

2631 ᠬᠡᠷᠡᠭᠦᠯ ᠲᠡᠮᠡᠴᠡᠯ ᠶᠡᠬᠡᠳᠡᠪᠡᠯ ᠬᠡᠰᠢᠭ ᠪᠤᠶᠠᠨ ᠳᠣᠷᠣᠢᠲᠠᠬᠤ

ᠬᠡᠲᠦᠷᠬᠡᠢ ᠰᠢᠨᠤᠯ ᠶᠡᠬᠡᠳᠡᠪᠡᠯ ᠡᠳ᠋ ᠠᠭᠤᠷᠠᠰᠤ ᠪᠠᠷᠠᠭᠳᠠᠬᠤ

 

2632 ᠬᠡᠷᠡᠭᠦᠯᠴᠢ ᠬᠥᠮᠦᠨ ᠲᠡᠢ ᠪᠦᠦ ᠨᠥᠬᠥᠷᠯᠡ

ᠬᠡᠰᠦᠭᠦᠯᠴᠢ ᠬᠥᠮᠦᠨ ᠢ᠋ ᠪᠦᠦ ᠳᠠᠭ᠎ᠠ

 

2633 ᠬᠡᠷᠴᠡᠭᠡᠢ ᠰᠡᠳᠬᠢᠯᠲᠦ ᠬᠥᠪᠡᠭᠦᠨ ᠡᠴᠢᠭᠡ ᠳ᠋ᠡᠭᠡᠨ ᠳᠠᠢᠰᠤᠨ

ᠲᠠᠴᠢᠶᠠᠩᠭᠤᠢ ᠠᠭᠤᠷᠲᠤ ᠡᠮ᠎ᠡ ᠡᠷ᠎ᠡ ᠳ᠋ᠡᠭᠡᠨ ᠳᠠᠢᠰᠤᠨ

 

2634 ᠬᠡᠷᠴᠡᠭᠡᠢᠷᠬᠡᠵᠤ ᠬᠡᠷᠡᠭᠦᠯ ᠪᠦᠦ ᠡᠭᠦᠰᠬᠡ

ᠬᠡᠭᠵᠡᠭᠦᠷᠬᠡᠵᠦ ᠣᠮᠣᠭ ᠪᠦᠦ ᠡᠭᠦᠰᠬᠡ

 

2635 ᠬᠡᠷᠡᠭ ᠭᠠᠷᠭᠠᠬᠤ ᠠ᠋ᠴᠠ ᠤᠷᠢᠳ ᠰᠡᠷᠭᠡᠢᠯᠡ

ᠬᠡᠷᠡᠮ ᠨᠤᠷᠠᠬᠤ ᠠ᠋ᠴᠠ ᠤᠷᠢᠳ ᠵᠠᠰᠠ

 

2636 ᠬᠡᠷᠡᠭ ᠵᠠᠷᠭᠤ ᠭᠡᠪᠡᠯ

ᠬᠡᠯᠡ ᠠᠮᠠ ᠪᠠᠨ ᠪᠢᠯᠡᠭᠦᠳᠡᠬᠦ

 

2637 ᠬᠡᠷᠡᠭ ᠲᠠᠷᠢᠵᠤ

ᠬᠡᠩᠭᠡᠷᠭᠡ ᠳᠡᠯᠡᠳᠬᠦ

 

2638 ᠬᠡᠷᠡᠭ ᠬᠢᠭᠰᠡᠨ ᠬᠥᠮᠦᠨ ᠦ᠌

ᠵᠢᠷᠦᠬᠡ ᠨᠢ ᠠᠮᠤᠷ ᠦᠭᠡᠢ

ᠬᠡᠲᠦᠷᠡᠲᠡᠯ᠎ᠡ ᠢᠳᠡᠭᠰᠡᠨ ᠬᠥᠮᠦᠨ ᠦ᠌

ᠭᠡᠳᠡᠰᠦ ᠨᠢ ᠠᠮᠤᠷ ᠦᠭᠡᠢ

 

2639 ᠭᠡᠷᠡᠯᠲᠦᠭᠰᠡᠭᠡᠷ ᠪᠠᠢᠭᠠᠳ

ᠬᠡᠳᠦ ᠶ᠋ᠢᠨ ᠢ᠋ᠶ᠋ᠡᠨ ᠵᠢᠷᠭᠠᠯ ᠢ᠋ ᠠᠯᠳᠠᠬᠤ

 

2640 ᠬᠡᠷᠡᠯᠳᠦᠬᠦ ᠳ᠋ᠡᠭᠡᠨ ᠰᠡᠴᠡᠨ

ᠬᠢᠬᠦ ᠳ᠋ᠡᠭᠡᠨ ᠮᠤᠩᠬᠠᠭ

 

2641 ᠬᠡᠷᠢᠶ᠎ᠡ ᠮᠢᠩᠭᠠᠨ ᠵᠢᠯ ᠠᠮᠢᠳᠤᠷᠠᠪᠠᠴᠤ

ᠬᠠᠷ᠎ᠠ ᠪᠠᠷ ᠢ᠋ᠶ᠋ᠠᠨ

ᠬᠡᠷᠡᠭ ᠮᠢᠩᠭᠠᠨ ᠵᠢᠯ ᠪᠣᠯᠪᠠᠴᠤ

ᠬᠡᠪ ᠢ᠋ᠶ᠋ᠡᠷ ᠢ᠋ᠶ᠋ᠡᠨ

 

2642 ᠬᠡᠷᠢᠶ᠎ᠡ ᠬᠠᠷ᠎ᠠ ᠪᠣᠯᠪᠠᠴᠤ

ᠡᠯᠢᠭᠡᠨ ᠳ᠋ᠡᠭᠡᠨ ᠴᠠᠭᠠᠨ

ᠬᠥᠮᠦᠨ ᠬᠠᠷᠠᠲᠠᠢ ᠪᠣᠯᠪᠠᠴᠤ

ᠦᠷ᠎ᠡ ᠳ᠋ᠡᠭᠡᠨ ᠵᠥᠭᠡᠯᠡᠨ

 

2643 ᠬᠡᠷᠢᠶ᠎ᠡ ᠬᠡᠷᠢᠶᠡᠨ ᠦ᠌ ᠪᠡᠨ

ᠬᠠᠷ᠎ᠠ ᠶ᠋ᠢ ᠭᠠᠢᠬᠠᠬᠤ

 

2644 ᠬᠡᠲᠦᠷᠬᠡᠢ ᠮᠡᠷᠭᠡᠳ ᠲᠤ ᠰᠤᠷᠭᠠᠯ ᠲᠤᠰᠠᠲᠠᠢ

ᠬᠡᠳᠡᠷ ᠲᠡᠨᠡᠭ ᠲᠤ ᠭᠡᠰᠬᠡᠯ ᠲᠤᠰᠠᠲᠠᠢ

 

2645 ᠬᠡᠴᠡᠭᠦᠦ ᠶ᠋ᠢ ᠦᠵᠡᠬᠦ ᠦᠭᠡᠢ ᠪᠣᠯ

ᠬᠡᠷᠰᠡᠦ ᠪᠣᠯᠬᠤ ᠦᠭᠡᠢ

 

2646 ᠬᠡᠭᠡᠨᠴᠢᠷ ᠬᠥᠮᠦᠨ ᠬᠡᠭᠡᠷ᠎ᠡ ᠦᠬᠦᠨ᠎ᠡ

ᠭᠠᠩᠭᠠᠩ ᠬᠥᠮᠦᠨ ᠭᠠᠳᠠᠨ᠎ᠠ ᠦᠬᠦᠨ᠎ᠡ

 

2647 ᠬᠡᠭᠡᠷ᠎ᠡ ᠬᠣᠨᠣᠵᠤ

ᠬᠡᠴᠡ ᠳᠡᠷᠡᠯᠡᠬᠦ

 

2648 ᠬᠡᠭᠡᠷ᠎ᠡ ᠶ᠋ᠢᠨ ᠭᠠᠯᠠᠭᠤ ᠨᠢᠰᠦᠨ ᠦᠯᠦ ᠬᠦᠷᠬᠦ ᠭᠠᠵᠠᠷ ᠡᠴᠡ

ᠬᠥᠮᠦᠨ ᠦ᠌ ᠬᠦᠦ ᠡᠷᠳᠡᠨᠢ ᠡᠪᠦᠷᠲᠦᠯᠡᠵᠦ ᠢᠷᠡᠨ᠎ᠡ

2649 ᠬᠡᠭᠡᠷ᠎ᠡ ᠶ᠋ᠢᠨ ᠭᠠᠯ ᠢ᠋ ᠦᠯᠢᠶᠡᠳᠡᠭ ᠦᠭᠡᠢ
ᠬᠡᠭᠡᠯ ᠲᠡᠢ ᠭᠡᠭᠦᠦ ᠶ᠋ᠢ ᠤᠨᠤᠳᠠᠭ ᠦᠭᠡᠢ

2650 ᠬᠡᠭᠡᠷ᠎ᠡ ᠶ᠋ᠢᠨ ᠦᠭᠡ ᠶ᠋ᠢ
ᠭᠡᠷ ᠲᠦ᠍ ᠪᠤᠤ ᠬᠡᠯᠡ
ᠭᠡᠷ ᠦ᠋ᠨ ᠦᠭᠡ ᠶ᠋ᠢ
ᠪᠤᠰᠤᠳ ᠲᠤ ᠪᠤᠤ ᠬᠡᠯᠡ

2651 ᠬᠡᠭᠡᠷ᠎ᠡ ᠶ᠋ᠢᠨ ᠬᠥᠮᠦᠨ ᠬᠡ ᠥᠬᠡᠢ
ᠬᠡᠲᠡ ᠶ᠋ᠢᠨ ᠭᠠᠯ ᠤᠲᠤᠭ᠎ᠠ ᠦᠭᠡᠢ

2652 ᠬᠡᠭᠡᠷ᠎ᠡ ᠪᠡᠷ ᠭᠡᠷ ᠬᠢᠵᠦ
ᠬᠡᠴᠡ ᠪᠡᠷ ᠳᠡᠷ᠎ᠡ ᠬᠢᠬᠦ

2653 ᠬᠢᠯᠭᠠᠰᠤᠨ ᠳᠡᠭᠡᠰᠦ ᠤᠶᠠᠭᠠᠨ ᠳ᠋ᠤ᠌ ᠪᠡᠬᠢ
ᠬᠢᠨᠠᠭᠤᠷ ᠬᠥᠮᠦᠨ ᠠᠵᠢᠯ ᠳ᠋ᠤ᠌ ᠰᠠᠢᠨ

2654 ᠬᠢᠲᠠᠳ ᠬᠠᠩᠰᠢᠨ ᠳ᠋ᠤ᠌
ᠢᠮᠠᠭ᠎ᠠ ᠬᠠᠳᠠᠨ ᠳ᠋ᠤ᠌

2655 ᠬᠢᠲᠠᠳ ᠬᠢᠷ᠎ᠠ ᠳ᠋ᠤ᠌ ᠭᠠᠷᠬᠤ
ᠬᠢᠷᠰᠠ ᠶ᠋ᠢᠨ ᠰᠡᠭᠦᠯ ᠲᠣᠯᠣᠭᠠᠢ ᠳ᠋ᠤ᠌ ᠭᠠᠷᠬᠤ᠃

 

ᠢᠷᠡᠯᠲᠡ᠄

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠢᠮᠧᠯ᠄ soninhuudas@gmail.com