ᠮᠣᠩᠭᠣᠯ ᠵᠦᠢᠷ ᠰᠡᠴᠡᠨ ᠦᠭᠡ ᠶ᠋ᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠱ ᠶ᠋ᠢᠨ ᠠᠢᠮᠠᠭ >
2026-06-06
ᠣᠩᠱᠢᠭ᠍ᠰᠠᠨ ᠣᠳᠠᠭ᠎ᠠ᠄
– ᠱ (Ш) –
 
2751 ᠱᠠᠭᠠᠵᠠᠭᠠᠢ ᠳᠤᠤᠭᠠᠷᠪᠠᠯ ᠴᠠᠯᠴᠢᠵᠤ ᠮᠠᠭᠠᠳ
ᠬᠡᠷᠢᠶ᠎ᠡ ᠳᠤᠤᠭᠠᠷᠪᠠᠯ ᠬᠡᠷᠡᠯᠳᠦᠵᠦ ᠮᠠᠭᠠᠳ
 
2752 ᠱᠠᠭᠠᠵᠠᠭᠠᠢ ᠰᠢᠪᠠᠭᠤ ᠱᠠᠭᠰᠢᠷᠠᠬᠤ
ᠰᠢᠷᠪᠠᠭᠠᠨᠠᠭᠤᠷ ᠬᠥᠮᠦᠨ ᠤᠷᠪᠠᠯᠵᠠᠬᠤ
 
2753 ᠱᠠᠭᠠᠵᠠᠭᠠᠢ ᠶ᠋ᠢᠨ ᠡᠭᠦᠷ ᠢ᠋ᠶ᠋ᠡᠷ
ᠰᠠᠯᠬᠢᠨ ᠤ᠋ ᠠᠶ᠎ᠠ ᠶ᠋ᠢ ᠣᠯᠬᠤ
 
2754 ᠰᠢᠭᠠᠭᠰᠠᠨ ᠭᠠᠳᠠᠰᠤ ᠰᠢᠭ᠋
ᠰᠢᠬᠠᠭᠰᠠᠨ ᠪᠢᠰᠢᠯᠠᠭ ᠰᠢᠭ᠋
 
2755 ᠰᠢᠪᠠᠷ ᠦᠭᠡᠢ ᠤᠰᠤ ᠪᠠᠢᠳᠠᠭ ᠦᠭᠡᠢ
ᠰᠢᠯᠲᠠᠭᠠᠨ ᠦᠭᠡᠢ ᠡᠪᠡᠳᠴᠢᠨ ᠪᠠᠢᠳᠠᠭ ᠦᠭᠡᠢ
 
2756 ᠰᠢᠪᠠᠷ ᠲᠤ᠌ ᠤᠨᠠᠭᠰᠠᠨ
ᠱᠠᠷ ᠤ᠋ᠨ ᠡᠵᠡᠨ ᠬᠦᠴᠦᠲᠡᠢ
 
2757 ᠱᠠᠪᠢ ᠶ᠋ᠢᠨ ᠡᠷᠳᠡᠮ ᠪᠠᠭᠰᠢ ᠠ᠋ᠴᠠ
ᠵᠤᠯᠠ ᠶ᠋ᠢᠨ ᠭᠡᠷᠡᠯ ᠲᠣᠰᠣᠨ ᠠ᠋ᠴᠠ
 
2758 ᠱᠠᠩᠨᠠᠯ ᠭᠡᠬᠦ ᠪᠡᠷ ᠢᠨᠢᠶᠡᠳᠡᠭ
ᠱᠠᠭᠠᠷᠳᠠᠯᠭ᠎ᠠ ᠲᠠᠯᠪᠢᠬᠤ ᠪᠠᠷ ᠢᠷᠪᠠᠢᠳᠠᠭ
 
2759 ᠱᠠᠯ ᠲᠡᠨᠡᠭ ᠲᠦ᠍ ᠮᠠᠭᠲᠠᠭᠤᠯᠬᠤ ᠪᠠᠷ
ᠰᠢᠳᠤᠷᠭᠤ ᠰᠡᠴᠡᠨ ᠳ᠋ᠦ᠍ ᠬᠠᠷᠢᠶᠠᠯᠭᠠᠭᠰᠠᠨ ᠨᠢ ᠳᠡᠭᠡᠷ᠎ᠡ
 
2760 ᠱᠠᠷ ᠳᠠᠭᠠᠵᠤ
ᠪᠢᠷᠠᠭᠤ ᠡᠪᠡᠰᠦᠨ ᠳ᠋ᠦ᠍ ᠬᠦᠷᠳᠡᠭ
 
2761 ᠰᠢᠷ᠎ᠠ ᠡᠮ᠎ᠡ ᠡᠴᠡ ᠤᠷᠰᠢᠭ ᠭᠠᠷᠴᠤ
ᠰᠢᠷᠡᠯᠵᠢᠨ ᠮᠣᠳᠣᠨ ᠠ᠋ᠴᠠ ᠤᠲᠤᠭ᠎ᠠ ᠭᠠᠷᠤᠨ᠎ᠠ
 
2762 ᠰᠢᠲᠠᠭᠰᠠᠨ ᠲᠦᠢᠮᠡᠷ ᠲᠦ᠍
ᠰᠢᠨᠠᠭ᠎ᠠ ᠤᠰᠤ
 
2763 ᠰᠢᠪᠡᠷᠡᠭᠡ ᠪᠣᠷᠣᠭ᠎ᠠ ᠳᠡᠪᠡᠯ ᠳ᠋ᠦ᠍ ᠬᠠᠯᠠ ᠲᠠᠢ
ᠰᠢᠪᠡᠨᠡᠭᠡ ᠦᠭᠡ ᠨᠥᠬᠥᠷ ᠲᠦ᠍ ᠬᠠᠯᠠ ᠲᠠᠢ
 
2764 ᠰᠢᠳᠢ ᠪᠡᠨ ᠦᠵᠡᠭᠦᠯᠦᠨ᠎ᠡ ᠭᠡᠳ
ᠰᠢᠪᠰᠢᠭ ᠢ᠋ᠶ᠋ᠡᠨ ᠲᠠᠷᠢᠬᠤ
 
2765 ᠰᠢᠵᠢᠷ ᠠᠯᠲᠠ ᠭᠠᠯ ᠠ᠋ᠴᠠ ᠠᠶᠤᠬᠤ ᠦᠭᠡᠢ
ᠰᠢᠳᠤᠷᠭᠤ ᠶᠣᠰᠣ ᠵᠢᠰᠤᠷ ᠠ᠋ᠴᠠ ᠠᠶᠤᠬᠤ ᠦᠭᠡᠢ
 
2766 ᠰᠢᠢᠳᠪᠡᠯ ᠪᠤᠤ ᠨᠢᠴᠦ
ᠵᠣᠷᠢᠪᠠᠯ ᠪᠤᠤ ᠪᠤᠴᠠ
 
2767 ᠰᠢᠯ ᠰᠢᠭ ᠲᠤᠩᠭᠠᠯᠠᠭ
ᠰᠢᠷᠡᠮᠦ ᠰᠢᠭ᠌ ᠬᠠᠲᠠᠭᠤ
 
2768 ᠰᠢᠯᠢ ᠳ᠋ᠦ᠍ ᠠᠭᠤᠯᠵᠠᠬᠤ ᠳ᠋ᠤ᠌ ᠮᠡᠨᠳᠦ ᠲᠡᠢ
ᠰᠢᠨ᠎ᠡ ᠶ᠋ᠢᠨ ᠨᠢᠭᠡᠨ ᠳ᠋ᠦ᠍ ᠰᠠᠢᠨ ᠲᠠᠢ
 
2769 ᠰᠢᠮᠡᠵᠦ ᠢᠳᠡᠬᠦ ᠳ᠋ᠦ᠍ ᠰᠢᠬᠢᠷ ᠰᠠᠢᠬᠠᠨ
ᠰᠢᠯᠢᠵᠦ ᠬᠠᠨᠢᠯᠠᠬᠤ ᠳ᠋ᠤ᠌ ᠢᠨᠠᠭ ᠰᠠᠢᠬᠠᠨ
 
2770 ᠰᠢᠮ᠎ᠡ ᠲᠡᠢ ᠢᠳᠡᠭᠡ ᠪᠡᠶ᠎ᠡ ᠳ᠋ᠦ᠍ ᠲᠤᠰᠠᠲᠠᠢ
ᠰᠢᠪᠡᠷᠡᠭᠡ ᠪᠣᠷᠣᠭ᠎ᠠ ᠤᠷᠭᠤᠮᠠᠯ ᠳ᠋ᠤ᠌ ᠲᠤᠰᠠᠲᠠᠢ
 
2771 ᠰᠢᠮ᠎ᠡ ᠪᠡᠷ ᠴᠠᠳᠳᠠᠭ
ᠦᠷ᠎ᠡ ᠪᠡᠷ ᠪᠠᠶᠠᠵᠢᠳᠠᠭ
 
2772 ᠰᠢᠩᠭᠡᠭᠰᠡᠨ ᠨᠠᠷᠠ ᠠᠬᠢᠨ ᠮᠠᠨᠳᠤᠳᠠᠭ
ᠰᠢᠷᠭᠢᠭᠰᠡᠨ ᠪᠤᠯᠠᠭ ᠠᠬᠢᠨ ᠣᠷᠭᠢᠯᠳᠠᠭ
 
2773 ᠰᠢᠨᠵᠢᠯᠡᠯ ᠦᠭᠡᠢ ᠪᠤᠤ ᠰᠡᠳᠬᠢ
ᠰᠡᠷᠡᠮᠵᠢ ᠦᠭᠡᠢ ᠪᠦᠦ ᠵᠢᠳᠬᠦ
 
2774 ᠰᠢᠨ᠎ᠡ ᠪᠠᠶᠠᠨ ᠵᠢᠷᠦᠬᠡ ᠡᠪᠡᠳᠴᠢᠲᠡᠢ
ᠬᠠᠭᠤᠴᠢᠨ ᠪᠠᠶᠠᠨ ᠬᠥᠯ ᠡᠪᠡᠳᠴᠢᠲᠡᠢ
 
2775 ᠰᠢᠨ᠎ᠡ ᠨᠢ ᠰᠢᠬᠢᠷ ᠪᠣᠯᠵᠤ
ᠬᠠᠭᠤᠴᠢᠨ ᠨᠢ ᠬᠤᠵᠢᠷ ᠪᠣᠯᠬᠤ
 
2776 ᠰᠢᠨ᠎ᠡ ᠬᠥᠮᠦᠨ ᠶᠣᠰᠣᠷᠬᠠᠭ
ᠰᠢᠨ᠎ᠡ ᠮᠢᠬ᠎ᠠ ᠱᠥᠯᠥᠷᠬᠡᠭ
 
2777 ᠰᠢᠨ᠎ᠡ ᠬᠦᠷᠭᠡᠨ
ᠴᠠᠷᠴᠠ ᠶ᠋ᠢᠨ ᠭᠤᠶᠠᠨ ᠳ᠋ᠤ᠌ ᠴᠠᠳᠳᠠᠭ
 
2778 ᠰᠢᠨ᠎ᠡ ᠡᠮᠴᠢ ᠶ᠋ᠢᠨ ᠡᠮ ᠢ᠋ ᠤᠤᠭᠤᠬᠤ ᠪᠠᠷ
ᠰᠢᠳᠦᠯᠡᠩ ᠬᠣᠨᠢᠨ ᠤ᠋ ᠱᠥᠯᠥ ᠤᠤᠭᠤ
 
2779 ᠰᠢᠷᠦᠭᠦᠨ ᠦᠭᠡᠨ ᠳ᠋ᠦ᠍ ᠪᠦᠦ ᠴᠢᠬᠤᠯᠳᠠ
ᠨᠢᠯᠤᠭᠤᠨ ᠦᠭᠡᠨ ᠳ᠋ᠦ᠍ ᠪᠦᠦ ᠢᠳᠡᠭᠡ
 
2780 ᠱᠣᠭᠯᠠᠪᠠᠯ ᠬᠠᠰᠢᠷᠠᠲᠠᠯ᠎ᠠ
ᠰᠢᠯᠪᠢᠭᠦᠷᠳᠡᠪᠡᠯ ᠬᠣᠷᠣᠰᠲᠠᠯ᠎ᠠ
 
2781 ᠰᠢᠷᠭᠤᠯᠵᠢ ᠥᠴᠦᠬᠡᠨ ᠪᠣᠯᠪᠠᠴᠤ
ᠠᠭᠤᠯᠠ ᠶ᠋ᠢ ᠨᠡᠭᠦᠯᠭᠡᠬᠦ
 
2782 ᠰᠢᠷᠣᠢ ᠠ᠋ᠴᠠ ᠨᠢᠭᠲᠠ
ᠰᠢᠷᠭᠤᠯᠵᠢᠨ ᠠ᠋ᠴᠠ ᠣᠯᠠᠨ
 
2783 ᠰᠢᠪᠦᠭᠡ ᠰᠢᠷᠣᠢ ᠳ᠋ᠤ᠌ ᠪᠤᠯᠠᠭᠳᠠᠳᠠᠭ ᠦᠭᠡᠢ
ᠰᠢᠳᠤᠷᠭᠤ ᠬᠤᠳᠠᠯ ᠳ᠋ᠤ᠌ ᠳᠠᠷᠤᠭᠳᠠᠳᠠᠭ ᠦᠭᠡᠢ
 
2784 ᠱᠥᠯᠥ ᠪᠡᠷ ᠴᠠᠳᠳᠠᠭ
ᠲᠥᠯ ᠢ᠋ᠶ᠋ᠡᠷ ᠪᠠᠶᠠᠵᠢᠳᠠᠭ
 
2785 ᠰᠥᠨᠢ ᠤᠷᠲᠤ ᠪᠣᠯ
ᠵᠡᠭᠦᠳᠦ ᠨᠢ ᠣᠯᠠᠨ
 
2786 ᠰᠥᠨᠢ ᠳ᠋ᠦ᠍ ᠣᠷᠣᠢ ᠦᠭᠡᠢ
ᠡᠷᠳᠡᠮ ᠳ᠋ᠦ᠍ ᠬᠢᠵᠠᠭᠠᠷ ᠦᠭᠡᠢ
 
2787 ᠰᠢᠪᠠᠭᠤ ᠪᠦᠬᠦᠨ ᠡᠭᠦᠷ ᠲᠡᠭᠡᠨ ᠡᠵᠡᠨ
ᠴᠢᠨᠣ᠎ᠠ ᠪᠦᠬᠦᠨ ᠨᠦᠬᠡᠨ ᠳ᠋ᠡᠭᠡᠨ ᠡᠵᠡᠨ
 
2788 ᠰᠢᠪᠠᠭᠤ ᠭᠠᠴᠢᠭᠳᠠᠪᠠᠯ ᠰᠢᠭᠤᠢ ᠡᠷᠢᠳᠡᠭ
ᠬᠥᠮᠦᠨ ᠭᠠᠴᠢᠭᠳᠠᠪᠠᠯ ᠤᠷᠤᠭ ᠢ᠋ᠶ᠋ᠠᠨ ᠡᠷᠢᠳᠡᠭ
 
2789 ᠰᠢᠪᠠᠭᠤ ᠥᠳᠥ ᠪᠡᠷ ᠢ᠋ᠶ᠋ᠡᠨ ᠰᠠᠢᠬᠠᠨ
ᠬᠥᠮᠦᠨ ᠤᠬᠠᠭᠠᠨ ᠢ᠋ᠶ᠋ᠠᠷ ᠢ᠋ᠶ᠋ᠠᠨ ᠰᠠᠢᠬᠠᠨ
 
2790 ᠰᠢᠪᠠᠭᠤ ᠬᠡᠳᠦᠢ ᠥᠨᠳᠥᠷ ᠨᠢᠰᠪᠡᠴᠦ
ᠰᠡᠭᠦᠳᠡᠷ ᠨᠢ ᠭᠠᠵᠠᠷ ᠲᠤ᠌
 
2791 ᠰᠢᠪᠠᠭᠤ ᠰᠢᠭ᠋ ᠡᠷᠲᠡ ᠪᠣᠰᠴᠤ
ᠠᠳᠤᠭᠤ ᠰᠢᠭ᠋ ᠣᠷᠣᠢ ᠤᠨᠲᠠᠬᠤ
 
2792 ᠰᠢᠪᠠᠭᠤ ᠶ᠋ᠢ ᠥᠳᠥ ᠪᠡᠷ ᠨᠢ ᠲᠠᠨᠢᠳᠠᠭ
ᠬᠥᠮᠦᠨ ᠢ᠋ ᠤᠳᠤᠮ ᠢ᠋ᠶ᠋ᠠᠷ ᠨᠢ ᠲᠠᠨᠢᠳᠠᠭ
 
2793 ᠰᠢᠳᠤᠷᠭᠤ ᠶᠠᠪᠤᠳᠠᠯ ᠭᠡᠭᠡᠨ
ᠬᠠᠭᠤᠷᠮᠠᠴᠢ ᠶᠠᠪᠤᠳᠠᠯ ᠬᠠᠷᠠᠩᠭᠤᠢ
 
2794 ᠰᠢᠳᠤᠷᠭᠤ ᠪᠠᠨ ᠱᠤᠯᠤᠵᠤ
ᠰᠢᠮᠨᠤᠰ ᠢ᠋ᠶ᠋ᠠᠨ ᠲᠠᠬᠢᠬᠤ
 
2795 ᠰᠢᠳᠤᠷᠭᠤ ᠪᠠᠷ ᠣᠯᠤᠭᠰᠠᠨ ᠬᠣᠭᠣᠯᠠ ᠠᠮᠲᠠᠲᠠᠢ
ᠰᠢᠯᠤᠭᠤᠨ ᠢ᠋ᠶ᠋ᠠᠷ ᠰᠢᠢᠳᠦᠭᠰᠡᠨ ᠬᠡᠷᠡᠭ ᠮᠠᠷᠭᠤᠭᠠᠨ ᠦᠭᠡᠢ
 
2796 ᠰᠢᠳᠤᠷᠭᠤ ᠶ᠋ᠢ ᠳᠠᠭᠠᠬᠤ ᠠ᠋ᠴᠠ ᠪᠢᠰᠢ
ᠰᠢᠨᠤᠯ ᠢ᠋ ᠳᠠᠭᠠᠬᠤ ᠦᠭᠡᠢ
 
2797 ᠰᠢᠨᠤᠯ ᠶᠡᠬᠡᠳᠡᠪᠡᠯ ᠤᠨᠠᠯ
ᠰᠢᠭᠤᠷᠭ᠎ᠠ ᠶᠡᠬᠡᠳᠡᠪᠡᠯ ᠵᠤᠳ
 
2798 ᠰᠢᠨᠤᠯ ᠢ᠋ᠶ᠋ᠠᠷ ᠪᠠᠶᠠᠵᠢᠳᠠᠭ ᠦᠭᠡᠢ
ᠰᠤᠪᠳᠠᠭ ᠢ᠋ᠶ᠋ᠠᠷ ᠲᠠᠷᠭᠤᠯᠠᠳᠠᠭ ᠦᠭᠡᠢ
 
2799 ᠰᠢᠭᠤᠳᠠᠢ ᠳ᠋ᠤ᠌ ᠬᠢᠭᠰᠡᠨ
ᠦᠬᠡᠷ ᠦ᠋ᠨ ᠡᠪᠡᠷ ᠰᠢᠭ
 
2800 ᠰᠢᠭᠤᠷᠭ᠎ᠠ ᠲᠠᠢ ᠵᠢᠯ ᠮᠠᠯ ᠢ᠋ᠶ᠋ᠠᠨ
ᠴᠢᠯᠠᠭᠤ ᠲᠠᠢ ᠭᠠᠵᠠᠷ ᠠᠨᠵᠢᠰᠤ ᠪᠠᠨ
 
2801 ᠰᠢᠳᠦ ᠪᠡᠷ ᠪᠠᠷᠢᠭ᠎ᠠ ᠦᠭᠡᠢ ᠶᠠᠭᠤᠮ᠎ᠠ ᠶ᠋ᠢ
ᠤᠷᠤᠭᠤᠯ ᠢ᠋ᠶ᠋ᠠᠷ ᠪᠢᠲᠡᠭᠡᠢ ᠤᠷᠤᠯᠳᠤ
 
2802 ᠰᠢᠭᠦᠳᠡᠷᠢ ᠪᠡᠷ ᠤᠮᠳᠠ ᠬᠢᠵᠦ
ᠰᠢᠯᠦᠰᠦ ᠪᠡᠷ ᠬᠣᠭᠣᠯᠠ ᠬᠢᠬᠦ
 
2803 ᠰᠢᠭᠦᠮᠵᠢᠯᠡᠪᠡᠯ ᠠᠵᠢᠯ ᠴᠡᠪᠡᠷ
ᠱᠦᠭᠦᠷᠳᠡᠪᠡᠯ ᠭᠠᠵᠠᠷ ᠴᠡᠪᠡᠷ
ᠢᠷᠡᠯᠲᠡ᠄

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠢᠮᠧᠯ᠄ soninhuudas@gmail.com