ᠮᠣᠩᠭᠣᠯ ᠵᠦᠢᠷ ᠰᠡᠴᠡᠨ ᠦᠭᠡ ᠶ᠋ᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠡ ᠶ᠋ᠢᠨ ᠠᠢᠮᠠᠭ>
2026-06-06
ᠣᠩᠱᠢᠭ᠍ᠰᠠᠨ ᠣᠳᠠᠭ᠎ᠠ᠄
– ᠠ᠋ (Э) –
 
2804 ᠡᠪ ᠮᠡᠳᠡᠬᠦ ᠦᠭᠡᠢ ᠬᠥᠮᠦᠨ ᠳ᠋ᠦ᠍
ᠡᠪ ᠵᠢᠭᠠᠬᠤ ᠶ᠋ᠢᠨ ᠣᠷᠣᠨ ᠳ᠋ᠤ᠌
ᠡᠯᠡᠰᠦᠨ ᠳᠡᠭᠡᠷ᠎ᠡ ᠨᠢᠭᠡ ᠬᠤᠪᠢᠩ
ᠤᠰᠤ ᠠᠰᠬ᠎ᠠ
 
2805 ᠡᠪ ᠨᠢᠭᠡᠲᠡᠨ ᠡᠪᠳᠡᠷᠡᠬᠦ ᠦᠭᠡᠢ
ᠦᠨᠡᠨ ᠶᠠᠪᠤᠳᠠᠯᠲᠠᠨ ᠭᠠᠭᠴᠠᠭᠠᠷᠳᠠᠬᠤ ᠦᠭᠡᠢ
 
2806 ᠡᠪ ᠲᠦᠮᠡᠨ ᠯᠠᠩ
ᠡᠷᠳᠡᠮ ᠮᠢᠩᠭᠠᠨ ᠯᠠᠩ
 
2807 ᠡᠪ ᠦᠭᠡᠢ ᠬᠥᠮᠦᠨ ᠶᠠᠭ
ᠡᠷᠳᠡᠮ ᠦᠭᠡᠢ ᠬᠥᠮᠦᠨ ᠲᠠᠭ
 
2808 ᠡᠪ ᠲᠦ᠍ ᠬᠢᠵᠠᠭᠠᠷ ᠦᠭᠡᠢ
ᠡᠷᠳᠡᠮ ᠳ᠋ᠦ᠍ ᠣᠷᠣᠢ ᠦᠭᠡᠢ
 
2809 ᠡᠪᠳᠡᠷᠡᠯᠴᠡᠭᠰᠡᠨ ᠡᠴᠡ ᠴᠢᠰᠤ ᠭᠠᠷᠳᠠᠭ
ᠡᠪᠯᠡᠭᠰᠡᠨ ᠡᠴᠡ ᠲᠣᠰᠣ ᠭᠠᠷᠳᠠᠭ
 
2810 ᠡᠪᠳᠡᠷᠡᠬᠦ ᠦᠭᠡᠢ ᠮᠥᠩᠬᠡ
ᠡᠯᠡᠭᠳᠡᠬᠦ ᠦᠭᠡᠢ ᠪᠠᠲᠤ
 
2811 ᠡᠪᠳᠡᠬᠦ ᠳ᠋ᠦ᠍ ᠬᠢᠯᠪᠠᠷ
ᠡᠪᠯᠡᠭᠦᠯᠬᠦ ᠳ᠋ᠦ᠍ ᠪᠡᠷᠬᠡ
 
2812 ᠡᠪ ᠢ᠋ ᠬᠢᠴᠢᠶᠡᠮᠵᠢ ᠪᠡᠷ
ᠡᠷᠳᠡᠮ ᠢ᠋ ᠬᠢᠴᠢᠶᠡᠯ ᠢ᠋ᠶ᠋ᠡᠷ
 
2813 ᠡᠪ ᠢ᠋ ᠡᠷᠲᠡᠨ ᠡᠴᠡ ᠨᠢ
ᠡᠷᠳᠡᠮ ᠢ᠋ ᠡᠬᠢᠨ ᠡᠴᠡ ᠨᠢ
 
2814 ᠡᠪᠡᠢᠯᠡᠬᠦ ᠪᠦᠷᠢ ᠬᠥᠯ ᠢ᠋ᠶ᠋ᠡᠨ
ᠡᠪᠦᠷ ᠲᠦ᠍ ᠬᠢᠬᠦ
 
2815 ᠡᠪ ᠦ᠋ᠨ ᠡᠴᠦᠰ ᠲᠦ᠍ ᠲᠣᠰᠣ
ᠡᠪᠳᠡᠷᠡᠯ ᠦ᠋ᠨ ᠡᠬᠢᠨ ᠳ᠋ᠦ᠍ ᠬᠡᠷᠡᠭᠦᠯ
 
2816 ᠡᠪᠯᠡᠭᠦᠯᠪᠡᠯ ᠡᠪᠡᠷ ᠲᠤᠭᠤᠷᠠᠢ ᠴᠦ᠍ ᠨᠡᠢᠯᠡᠨ᠎ᠡ
ᠡᠪ ᠦᠭᠡᠢ ᠪᠣᠯ ᠡᠯᠢᠭᠡ ᠪᠥᠭᠡᠷ᠎ᠡ ᠴᠦ᠍ ᠨᠡᠢᠯᠡᠬᠦ ᠦᠭᠡᠢ
 
2817 ᠡᠪᠯᠡᠪᠡᠯ ᠪᠦᠲᠦᠨ᠎ᠡ
ᠬᠣᠪᠯᠠᠪᠠᠯ ᠭᠤᠲᠤᠨ᠎ᠠ
 
2818 ᠡᠪᠯᠡᠪᠡᠯ ᠬᠠᠷᠠᠳᠠᠨ᠎ᠠ
ᠡᠪᠳᠡᠷᠡᠪᠡᠯ ᠭᠣᠮᠣᠳᠠᠨ᠎ᠠ
 
2819 ᠡᠪᠯᠡᠪᠡᠯ ᠡᠪ ᠦ᠋ᠨ ᠴᠠᠪᠠᠤ ᠰᠢᠭ᠋
ᠡᠪᠳᠡᠷᠡᠪᠡᠯ ᠡᠷᠢᠶᠡᠨ ᠮᠣᠭᠠᠢ ᠰᠢᠭ᠋
 
2820 ᠡᠪᠯᠡᠵᠦ ᠮᠠᠭᠤ ᠰᠠᠨᠠᠭᠠᠲᠠᠨ ᠲᠠᠢ ᠪᠦᠦ ᠵᠥᠪᠰᠢ
ᠡᠪᠳᠡᠷᠡᠵᠦ ᠣᠯᠠᠨ ᠵᠠᠩ ᠪᠤᠤ ᠭᠠᠷᠭ᠎ᠠ
 
2821 ᠡᠪᠳᠡᠷᠡᠬᠦ ᠲᠥᠷᠥ ᠶ᠋ᠢᠨ ᠨᠣᠶᠠᠨ ᠠ᠋ᠴᠠ
ᠡᠩᠬᠡ ᠲᠥᠷᠥ ᠶ᠋ᠢᠨ ᠬᠣᠨᠢᠴᠢᠨ ᠳᠡᠭᠡᠷ᠎ᠡ
 
2822 ᠡᠪᠲᠦ ᠱᠠᠭᠠᠵᠠᠭᠠᠢ ᠪᠤᠭᠤ ᠪᠠᠷᠢᠨ᠎ᠠ
 
2823 ᠡᠪᠲᠡᠢ ᠬᠥᠮᠦᠨ ᠲᠡᠢ ᠪᠡᠨ ᠡᠪ ᠡᠪᠳᠡᠷᠡᠬᠦ
ᠡᠷᠡᠭᠦᠯ ᠪᠠᠶᠠᠨ ᠳ᠋ᠠᠭᠡᠨ ᠡᠪᠡᠳᠴᠢᠨ ᠣᠯᠬᠤ
 
2824 ᠡᠳ᠋ ᠪᠠᠢᠪᠠᠴᠤ ᠥᠷᠢ ᠲᠡᠢ ᠪᠣᠯ
ᠡᠳ᠋ᠯᠡᠬᠦ ᠬᠤᠪᠢ ᠦᠭᠡᠢ
ᠨᠣᠶᠠᠨ ᠰᠠᠭᠤᠪᠠᠴᠤ ᠲᠡᠨᠡᠭ ᠪᠣᠯ
ᠪᠤᠰᠤᠳ ᠢ᠋ ᠲᠡᠳᠬᠦᠬᠦ ᠦᠭᠡᠢ
 
2825 ᠡᠳ᠋ ᠮᠡᠳᠡᠬᠦ ᠦᠭᠡᠢ ᠬᠥᠮᠦᠨ
ᠡᠳ᠋ ᠦ᠋ᠨ ᠨᠡᠷ᠎ᠡ ᠶ᠋ᠢ ᠭᠤᠲᠤᠭᠠᠨ᠎ᠠ
 
2826 ᠡᠳ᠋ ᠨᠢ ᠮᠥᠩᠬᠡ
ᠡᠵᠡᠨ ᠨᠢ ᠬᠡᠪᠡᠷᠡᠭ
 
2827 ᠡᠳ᠋ ᠨᠢ ᠡᠵᠡᠨ ᠡᠴᠡ ᠪᠡᠨ ᠪᠣᠯᠬᠤ
ᠡᠬᠡᠨᠡᠷ ᠨᠢ ᠡᠷ᠎ᠡ ᠡᠴᠡ ᠪᠡᠨ ᠪᠣᠯᠬᠤ
 
2828 ᠡᠳ᠋ ᠲᠠᠸᠠᠷ ᠨᠡᠷ᠎ᠡ ᠵᠡᠷᠭᠡ ᠶᠡᠬᠡ ᠪᠣᠯᠪᠠᠴᠤ
ᠡᠷᠳᠡᠮ ᠲᠡᠢ ᠤᠬᠠᠭᠠᠨᠲᠤ ᠬᠥᠮᠦᠨ ᠢ᠋ ᠪᠤᠤ ᠪᠠᠰᠤ
 
2829 ᠡᠳ᠋ ᠬᠤᠷᠢᠶᠠᠬᠤ ᠪᠠᠷ
ᠡᠷᠳᠡᠮ ᠬᠤᠷᠢᠶᠠ
 
2830 ᠡᠳ᠋ ᠡᠯᠡᠭᠳᠡᠬᠦ ᠳᠣᠳᠣᠮ ᠥᠩᠭᠡ ᠭᠠᠷᠳᠠᠭ
ᠡᠷ᠎ᠡ ᠬᠥᠮᠦᠨ ᠵᠣᠪᠠᠬᠤ ᠳᠣᠳᠣᠮ ᠤᠬᠠᠭᠠᠨ ᠨᠡᠮᠡᠭᠳᠡᠳᠡᠭ
 
2831 ᠡᠳ᠋ ᠦᠭᠡᠢ ᠬᠥᠮᠦᠨ ᠦ᠌ ᠠᠪᠳᠠᠷ᠎ᠠ ᠬᠣᠭᠣᠰᠣᠨ
ᠡᠷᠳᠡᠮ ᠦᠭᠡᠢ ᠬᠥᠮᠦᠨ ᠦ᠌ ᠴᠡᠭᠡᠵᠢ ᠬᠣᠭᠣᠰᠣᠨ
 
2832 ᠡᠳ᠋ ᠢ᠋ ᠠᠷᠪᠢᠯᠠᠵᠤ ᠣᠯᠤᠨ᠎ᠠ
ᠡᠷᠳᠡᠮ ᠢ᠋ ᠬᠢᠴᠢᠶᠡᠵᠦ ᠰᠤᠷᠤᠨ᠎ᠠ
 
2833 ᠡᠳ᠋ ᠦ᠋ᠨ ᠠᠰᠢᠭ ᠡᠬᠢᠨ ᠳ᠋ᠡᠭᠡᠨ
ᠡᠷᠳᠡᠮ ᠦ᠋ᠨ ᠠᠰᠢᠭ ᠡᠴᠦᠰ ᠲᠡᠭᠡᠨ
 
2834 ᠡᠳ᠋ ᠦ᠋ᠨ ᠰᠠᠢᠨ ᠴᠢᠨᠠᠷ ᠠ᠋ᠴᠠ ᠪᠠᠨ
ᠢᠷᠭᠡ ᠶ᠋ᠢᠨ ᠲᠠᠷᠭᠤᠨ ᠰᠡᠭᠦᠯ ᠡᠴᠡ ᠪᠡᠨ
 
2835 ᠡᠳ᠋ ᠦ᠋ᠨ ᠰᠠᠢᠨ ᠢ᠋ᠶ᠋ᠠᠷ ᠪᠤᠤ ᠭᠣᠶᠣ
ᠡᠷᠳᠡᠮ ᠦ᠋ᠨ ᠰᠠᠢᠨ ᠢ᠋ᠶ᠋ᠠᠷ ᠭᠣᠶᠣ
 
2836 ᠡᠳ᠋ ᠦ᠋ᠨ ᠰᠠᠢᠨ ᠢ᠋ ᠥᠪᠡᠷ ᠢ᠋ᠶ᠋ᠡᠨ
ᠢᠳᠡᠭᠡᠨ ᠦ᠌ ᠰᠠᠢᠨ ᠢ᠋ ᠨᠥᠬᠥᠷ ᠲᠡᠭᠡᠨ
 
2837 ᠡᠳ᠋ ᠦ᠋ᠨ ᠴᠢᠨᠠᠷ ᠢ᠋ ᠡᠳ᠋ᠯᠡᠵᠦ ᠲᠠᠨᠢᠳᠠᠭ
ᠡᠷᠳᠡᠮ ᠦ᠋ᠨ ᠭᠦᠨ ᠢ᠋ ᠰᠤᠷᠴᠤ ᠮᠡᠳᠡᠳᠡᠭ
 
2838 ᠡᠳ᠋ᠯᠡᠬᠦ ᠭᠠᠮ ᠢ᠋ᠶ᠋ᠠᠷ ᠪᠣᠯᠳᠠᠭ
ᠡᠷᠢᠯ ᠰᠤᠷᠠᠭ ᠢ᠋ᠶ᠋ᠠᠷ ᠣᠯᠳᠠᠳᠠᠭ
 
2839 ᠡᠳ᠋ ᠲᠦ᠍ ᠦᠯᠦ ᠰᠢᠨᠤᠭᠴᠢ ᠡᠷ᠎ᠡ ᠶ᠋ᠢᠨ ᠮᠠᠩᠯᠠᠢ
ᠡᠷᠳᠡᠮ ᠳ᠋ᠦ᠍ ᠦᠯᠦ ᠪᠠᠷᠳᠠᠮᠨᠠᠭᠴᠢ ᠮᠡᠷᠭᠡᠨ ᠦ᠌ ᠮᠠᠩᠯᠠᠢ
 
2840 ᠡᠳ᠋ ᠢ᠋ᠶ᠋ᠡᠷ ᠪᠡᠶ᠎ᠡ ᠪᠡᠨ ᠴᠢᠮᠡᠬᠦ ᠪᠡᠷ
ᠡᠷᠳᠡᠮ ᠢ᠋ᠶ᠋ᠡᠷ ᠪᠡᠶ᠎ᠡ ᠪᠡᠨ ᠴᠢᠮᠡ
 
2841 ᠡᠳ᠋ ᠢ᠋ᠶ᠋ᠡᠷ ᠬᠠᠭᠤᠷᠤᠭᠰᠠᠨ ᠢᠨᠠᠭ
ᠡᠷᠲᠡ ᠣᠷᠣᠢ ᠳ᠋ᠤ᠌ ᠡᠪᠳᠡᠷᠡᠯ ᠲᠡᠢ
 
2842 ᠡᠳ᠋ ᠲᠡᠢ ᠪᠡᠨ ᠣᠷᠣᠯᠳᠣᠪᠠᠯ ᠡᠪᠳᠡᠷᠡᠬᠦ ᠶ᠋ᠢᠨ ᠲᠡᠮᠳᠡᠭ
ᠡᠬᠡᠨᠡᠷ ᠲᠡᠢ ᠪᠡᠨ ᠣᠷᠣᠯᠳᠣᠪᠠᠯ ᠰᠠᠯᠬᠤ ᠶ᠋ᠢᠨ ᠲᠡᠮᠳᠡᠭ
 
2443 ᠡᠵᠡᠨ ᠮᠠᠭᠤᠲᠤ ᠮᠠᠯ ᠵᠤᠳ ᠪᠣᠯᠬᠤ ᠳ᠋ᠤ᠌ ᠰᠦᠢᠷᠡᠳᠡᠭ
ᠡᠷᠭᠢ ᠮᠠᠭᠤᠲᠤ ᠤᠰᠤ ᠦᠶᠡᠷ ᠪᠣᠯᠬᠤ ᠳ᠋ᠤ᠌ ᠬᠠᠯᠢᠳᠠᠭ
 
2844 ᠡᠵᠡᠨ ᠮᠠᠭᠤᠲᠤ ᠶ᠋ᠢᠨ ᠬᠣᠷᠣᠭ᠎ᠠ ᠬᠦᠢᠲᠡᠨ
ᠡᠵᠢ ᠮᠠᠭᠤᠲᠤ ᠶ᠋ᠢᠨ ᠬᠣᠭᠣᠯᠠ ᠬᠦᠢᠲᠡᠨ
 
2845 ᠡᠵᠡᠨ ᠨᠢ ᠶᠠᠭᠤᠮ᠎ᠠ ᠪᠠᠨ ᠮᠡᠳᠡᠳᠡᠭ
ᠡᠷᠭᠢ ᠨᠢ ᠤᠰᠤ ᠪᠠᠨ ᠬᠠᠰᠢᠳᠠᠭ
 
2846 ᠡᠵᠡᠨ ᠬᠢᠴᠢᠶᠡᠪᠡᠯ
ᠵᠠᠶᠠᠭ᠎ᠠ ᠬᠢᠴᠢᠶᠡᠨ᠎ᠡ
 
2847 ᠡᠵᠡᠨ ᠬᠢᠴᠢᠶᠡᠩᠭᠦᠢ ᠨᠢ ᠳᠡᠭᠡᠷ᠎ᠡ
ᠲᠦᠰᠢᠮᠡᠯ ᠰᠢᠳᠤᠷᠭᠤ ᠨᠢ ᠳᠡᠭᠡᠷ᠎ᠡ
 
2848 ᠡᠶ᠎ᠡ ᠦᠭᠡᠢ ᠳ᠋ᠦ᠍ ᠬᠠᠨᠢ ᠦᠭᠡᠢ
ᠡᠷᠳᠡᠮ ᠦᠭᠡᠢ ᠳ᠋ᠦ᠍ ᠱᠠᠪᠢ ᠦᠭᠡᠢ
 
2849 ᠡᠶ᠎ᠡ ᠡᠪᠳᠡᠷᠡᠭᠦᠯᠳᠡᠭ ᠡᠬᠡᠨᠡᠷ
ᠭᠠᠵᠠᠷ ᠡᠪᠳᠡᠳᠡᠭ ᠭᠠᠬᠠᠢ
 
2850 ᠡᠶᠡᠯᠳᠡᠭ ᠵᠠᠩ ᠲᠠᠢ ᠰᠠᠢᠨ ᠡᠮ᠎ᠡ ᠭᠡᠷ ᠦ᠋ᠨ ᠡᠷᠳᠡᠨᠢ
ᠡᠯᠪᠡᠷᠢᠯᠲᠡᠢ ᠰᠠᠢᠨ ᠬᠥᠪᠡᠭᠦᠨ ᠡᠭᠦᠷᠢᠳᠡ ᠶ᠋ᠢᠨ ᠡᠷᠳᠡᠨᠢ
 
2851 ᠡᠶ᠎ᠡ ᠦᠭᠡᠢ ᠬᠥᠮᠦᠨ ᠳ᠋ᠦ᠍ ᠦᠰᠲᠡᠨ ᠣᠯᠠᠨ
ᠡᠮᠨᠢᠭ ᠮᠣᠷᠢᠨ ᠳ᠋ᠤ᠌ ᠲᠠᠰᠢᠭᠤᠷ ᠣᠯᠠᠨ
 
2852 ᠡᠶ᠎ᠡ ᠲᠡᠢ ᠬᠥᠮᠦᠨ ᠳ᠋ᠦ᠍ ᠨᠥᠬᠥᠷ ᠣᠯᠠᠨ
ᠡᠢᠯᠦᠭᠰᠡᠨ ᠮᠣᠷᠢᠨ ᠳ᠋ᠤ᠌ ᠤᠷᠭ᠎ᠠ ᠣᠯᠠᠨ
 
2853 ᠡᠯᠪᠡᠭ ᠲᠠᠷᠢᠶ᠎ᠠ ᠲᠠᠷᠢᠭᠰᠠᠨ ᠬᠥᠮᠦᠨ
ᠡᠪᠦᠯ ᠳ᠋ᠡᠭᠡᠨ ᠵᠢᠷᠭᠠᠯ
ᠡᠷᠳᠡᠮ ᠨᠣᠮ ᠰᠤᠷᠤᠭᠰᠠᠨ ᠬᠥᠮᠦᠨ
ᠡᠴᠦᠰ ᠲᠡᠭᠡᠨ ᠵᠢᠷᠭᠠᠯ
 
2854 ᠡᠯᠢᠭᠡᠨ ᠰᠠᠳᠤᠨ ᠲᠠᠢ ᠪᠠᠨ
ᠡᠪ ᠢ᠋ᠶ᠋ᠡᠨ ᠪᠦᠦ ᠡᠪᠳᠡ
 
2855 ᠡᠯᠴᠢ ᠬᠥᠮᠦᠨ ᠡᠪᠲᠡᠢ ᠨᠢ ᠰᠠᠢᠨ
ᠡᠷᠢᠯᠴᠢ ᠬᠥᠮᠦᠨ ᠬᠢᠴᠢᠶᠡᠩᠭᠦᠢ ᠨᠢ ᠰᠠᠢᠨ
 
2856 ᠡᠯᠢᠭᠡ ᠪᠦᠲᠦᠨ ᠬᠡᠦᠬᠡᠳ ᠰᠡᠷᠭᠦᠯᠡᠩ
ᠡᠵᠡᠨ ᠰᠠᠢᠲᠠᠢ ᠮᠠᠯ ᠴᠣᠪᠣᠭᠣ
 
2857 ᠡᠮ ᠭᠠᠰᠢᠭᠤᠨ ᠴᠦ᠍ ᠡᠪᠡᠳᠴᠢᠨ ᠳ᠋ᠦ᠍ ᠲᠤᠰᠠ ᠲᠠᠢ
ᠦᠭᠡ ᠬᠠᠲᠠᠭᠤ ᠴᠦ᠍ ᠶᠠᠪᠤᠳᠠᠯ ᠳ᠋ᠤ᠌ ᠲᠤᠰᠠ ᠲᠠᠢ
 
2858 ᠡᠮ᠎ᠡ ᠮᠠᠭᠤ ᠡᠷ᠎ᠡ ᠶ᠋ᠢᠨ ᠭᠠᠢ
ᠡᠮᠡᠭᠡᠯ ᠮᠠᠭᠤ ᠮᠣᠷᠢᠨ ᠤ᠋ ᠭᠠᠢ
 
2859 ᠡᠮ ᠥᠭᠪᠡᠴᠦ ᠡᠳᠡᠭᠡᠬᠦ ᠦᠭᠡᠢ
ᠳᠠᠩ ᠦᠭᠪᠡᠴᠦ ᠲᠠᠭᠠᠷᠠᠬᠤ ᠦᠭᠡᠢ
 
2860 ᠡᠮ᠎ᠡ ᠬᠥᠮᠦᠨ ᠡᠷ᠎ᠡ ᠦᠭᠡᠢ ᠪᠣᠯ
ᠪᠡᠶ᠎ᠡ ᠳ᠋ᠦ᠍ᠨᠢ ᠡᠵᠡᠨ ᠦᠭᠡᠢ
ᠡᠷ᠎ᠡ ᠬᠥᠮᠦᠨ ᠡᠮ᠎ᠡ ᠦᠭᠡᠢ ᠪᠣᠯ
ᠭᠡᠷ ᠲᠦ᠋ᠨᠢ ᠡᠵᠡᠨ ᠦᠭᠡᠢ
 
2861 ᠡᠮᠵᠡᠭ ᠬᠥᠮᠦᠨ ᠳ᠋ᠦ᠍ ᠵᠣᠪᠠᠯᠠᠩ ᠮᠤᠩᠳᠠᠬᠤ ᠦᠭᠡᠢ
ᠡᠷᠡᠯᠬᠡᠭ ᠬᠥᠮᠦᠨ ᠳ᠋ᠦ᠍ ᠪᠡᠷᠬᠡᠰᠢᠶᠡᠯ ᠪᠠᠢᠳᠠᠭ ᠦᠭᠡᠢ
 
2862 ᠡᠮ᠎ᠡ ᠶ᠋ᠢᠨ ᠮᠠᠭᠤ ᠪᠠᠷ ᠭᠤᠲᠤᠵᠤ
ᠡᠮᠴᠢ ᠶ᠋ᠢᠨ ᠮᠠᠭᠤ ᠪᠠᠷ ᠦᠬᠦᠬᠦ
 
2863 ᠡᠮᠨᠢᠭ ᠮᠣᠷᠢ ᠡᠵᠡᠨ ᠳ᠋ᠡᠭᠡᠨ ᠬᠠᠯᠠ ᠲᠠᠢ
ᠡᠭᠳᠡᠭᠦᠦ ᠰᠠᠨᠠᠭ᠎ᠠ ᠪᠡᠶ᠎ᠡ ᠳ᠋ᠡᠭᠡᠨ ᠬᠠᠯᠠ ᠲᠠᠢ
 
2864 ᠡᠮᠴᠢ ᠶ᠋ᠢᠨ ᠮᠠᠭᠤ ᠠ᠋ᠴᠠ ᠡᠨᠳᠡᠨ᠎ᠡ
ᠡᠮ᠎ᠡ ᠶ᠋ᠢᠨ ᠮᠠᠭᠤ ᠠ᠋ᠴᠠ ᠰᠠᠯᠤᠨ᠎ᠠ
 
2865 ᠡᠮᠴᠢᠯᠡᠪᠡᠯ ᠡᠳᠡᠭᠡᠷᠡᠨ᠎ᠡ
ᠲᠡᠳᠬᠦᠪᠡᠯ ᠲᠡᠩᠬᠡᠷᠡᠨ᠎ᠡ
 
2866 ᠡᠮᠡᠭᠡᠯ ᠮᠣᠷᠢᠨ ᠤ᠋ ᠴᠢᠮᠡᠭ
ᠡᠬᠡᠨᠡᠷ ᠭᠡᠷ ᠦ᠋ᠨ ᠴᠢᠮᠡᠭ
 
2867 ᠡᠮᠡᠭᠡᠯ ᠪᠠᠢᠪᠠᠯ ᠮᠣᠷᠢ ᠣᠯᠳᠠᠳᠠᠭ
ᠡᠶ᠎ᠡ ᠪᠠᠢᠪᠠᠯ ᠨᠥᠬᠥᠷ ᠣᠯᠳᠠᠳᠠᠭ
 
2868 ᠡᠮᠡᠭᠡᠯ ᠬᠠᠵᠠᠭᠠᠷ ᠮᠣᠷᠢᠨ ᠤ᠋ ᠴᠢᠮᠡᠭ
ᠡᠭᠡᠮᠦᠭ ᠰᠦᠢᠬᠡ ᠴᠢᠬᠢᠨ ᠦ᠌ ᠴᠢᠮᠡᠭ
 
2869 ᠡᠮᠡᠭᠡᠯ ᠦ᠋ᠨ ᠮᠣᠳᠣᠨ ᠤ᠋ ᠪᠡᠬᠢ ᠨᠢ ᠰᠠᠢᠨ
ᠡᠷ᠎ᠡ ᠬᠥᠮᠦᠨ ᠦ᠌ ᠰᠢᠳᠤᠷᠭᠤ ᠨᠢ ᠰᠠᠢᠨ
 
2870 ᠡᠨᠡ ᠪᠡᠶ᠎ᠡ ᠶ᠋ᠢᠨ ᠢ᠋ᠶ᠋ᠡᠨ ᠵᠠᠯᠠᠭᠤ ᠳ᠋ᠤ᠌ ᠰᠤᠷ
ᠡᠵᠢ ᠠᠪᠤ ᠶ᠋ᠢᠨ ᠢ᠋ᠶ᠋ᠡᠨ ᠠᠮᠢᠳᠤ ᠳ᠋ᠤᠨᠢ ᠠᠰᠠᠷᠠ
 
2871 ᠡᠷ᠎ᠡ ᠪᠡᠶ᠎ᠡ ᠥᠰᠴᠦ
ᠡᠵᠢ ᠶ᠋ᠢᠨ ᠳᠡᠪᠡᠯ ᠪᠠᠭᠠᠳᠠᠬᠤ
 
2872 ᠡᠷ᠎ᠡ ᠨᠢᠭᠡ ᠭᠡᠨᠡᠳᠡᠳᠡᠭ
ᠡᠷᠭᠢ ᠨᠢᠭᠡ ᠨᠤᠷᠠᠳᠠᠭ
 
2873 ᠡᠷ᠎ᠡ ᠥᠰᠳᠡᠭ
ᠢᠰᠡᠭᠡᠢ ᠰᠤᠨᠳᠠᠭ
 
2874 ᠡᠷ᠎ᠡ ᠰᠠᠢᠲᠤ ᠡᠬᠡᠨᠡᠷ
ᠡᠷᠭᠢ ᠰᠠᠢᠲᠤ ᠤᠰᠤ
 
2875 ᠡᠷ᠎ᠡ ᠰᠠᠢᠲᠠᠢ ᠡᠬᠡᠨᠡᠷ ᠳᠠᠷᠤᠤᠬᠠᠨ
ᠡᠵᠡᠨ ᠰᠠᠢᠲᠠᠢ ᠮᠣᠷᠢ ᠨᠣᠮᠣᠬᠠᠨ
 
2876 ᠡᠷ᠎ᠡ ᠬᠥᠮᠦᠨ
ᠳᠣᠯᠣᠭ᠎ᠠ ᠳᠣᠣᠷᠠᠳᠠᠵᠤ ᠨᠠᠢ᠍ᠮᠠ ᠰᠡᠬᠡᠳᠡᠭ
 
2877 ᠡᠷ᠎ᠡ ᠬᠥᠮᠦᠨ ᠵᠣᠷᠢᠭᠲᠠᠢ ᠪᠣᠯ
ᠴᠢᠨᠣ᠎ᠠ ᠴᠢᠴᠠᠭ᠎ᠠ ᠠᠯᠳᠠᠨ᠎ᠠ
 
2878 ᠡᠷ᠎ᠡ ᠬᠥᠮᠦᠨ ᠨᠢᠭᠡ ᠰᠡᠳᠬᠢᠯ ᠲᠡᠢ ᠪᠣᠯ ᠡᠷᠳᠡᠨᠢ
ᠬᠣᠶᠠᠷ ᠰᠡᠳᠬᠢᠯ ᠲᠡᠢ ᠪᠣᠯ ᠬᠣᠣᠷ
 
2879 ᠡᠷ᠎ᠡ ᠬᠥᠮᠦᠨ ᠡᠷᠦᠬᠡ ᠪᠡᠨ ᠪᠦᠲᠡᠭᠡᠬᠦ ᠳ᠋ᠡᠭᠡᠨ
ᠬᠡᠨ ᠢ᠋ ᠠᠪᠬᠤ ᠪᠠᠨ ᠪᠣᠳᠣᠬᠤ
ᠡᠮ᠎ᠡ ᠬᠥᠮᠦᠨ ᠡᠷᠦᠬᠡ ᠪᠡᠨ ᠪᠦᠲᠡᠭᠡᠬᠦ ᠳ᠋ᠡᠭᠡᠨ
ᠬᠡᠷᠬᠢᠨ ᠠᠮᠢᠳᠤᠷᠠᠬᠤ ᠪᠠᠨ ᠪᠣᠳᠣᠬᠤ
 
2880 ᠡᠷ᠎ᠡ ᠬᠥᠮᠦᠨ ᠲᠤᠭ ᠴᠦ᠍ ᠪᠠᠷᠢᠨ᠎ᠠ
ᠲᠤᠭᠤᠯ ᠴᠦ᠍ ᠬᠠᠷᠢᠭᠤᠯᠤᠨ᠎ᠠ
 
2881 ᠡᠷ᠎ᠡ ᠬᠥᠮᠦᠨ ᠰᠢᠭ ᠡᠷᠪᠡᠯᠵᠡᠵᠦ
ᠡᠮᠡᠭᠡᠯᠲᠦ ᠮᠣᠷᠢ ᠰᠢᠭ᠋ ᠳᠡᠷᠪᠡᠯᠵᠡᠬᠦ
 
2882 ᠡᠷ᠎ᠡ ᠬᠥᠮᠦᠨ ᠦ᠌ ᠵᠢᠷᠭᠠᠯ
ᠡᠵᠡᠭᠦᠢ ᠬᠡᠭᠡᠷ᠎ᠡ
 
2883 ᠡᠷ᠎ᠡ ᠬᠥᠮᠦᠨ ᠦ᠌
ᠵᠠᠮ ᠤ᠋ᠨ ᠬᠦᠵᠦᠭᠦᠦ ᠤᠷᠲᠤ
 
2884 ᠡᠷ᠎ᠡ ᠬᠥᠮᠥᠨ ᠦ ᠬᠡ ᠦᠭᠡᠢ ᠨᠢ ᠰᠠᠢᠬᠠᠨ
ᠡᠬᠡᠨᠡᠷ ᠬᠥᠮᠦᠨ ᠦ᠌ ᠥᠭᠯᠢᠭᠡᠴᠢ ᠨᠢ ᠰᠠᠢᠬᠠᠨ

2885 ᠡᠷ᠎ᠡ ᠬᠥᠮᠦᠨ ᠦ᠌ ᠴᠡᠭᠡᠵᠢᠨ ᠳ᠋ᠦ᠍
ᠡᠮᠡᠭᠡᠯ ᠬᠠᠵᠠᠭᠠᠷ ᠲᠠᠢ ᠮᠣᠷᠢ

2886 ᠡᠷ᠎ᠡ ᠬᠥᠮᠦᠨ ᠢ᠋ ᠢᠲᠡᠭᠡᠬᠦ ᠪᠡᠷ
ᠡᠷᠡᠬᠡᠢ ᠬᠤᠷᠤᠭᠤ ᠪᠠᠨ ᠢᠳᠡᠭᠡ

2887 ᠡᠷ᠎ᠡ ᠡᠮ᠎ᠡ ᠵᠢᠷᠤᠮ ᠲᠠᠢ ᠨᠢ ᠰᠠᠢᠬᠠᠨ
ᠡᠭᠡᠴᠢ ᠳᠡᠭᠦᠦ ᠨᠠᠢᠷᠲᠠᠢ ᠨᠢ ᠰᠠᠢᠬᠠᠨ

2888 ᠡᠷ᠎ᠡ ᠡᠮ᠎ᠡ ᠶ᠋ᠢᠨ ᠳᠤᠮᠳᠠ
ᠡᠯᠵᠢᠭᠡ ᠪᠦᠦ ᠵᠢᠷᠣᠭᠠᠯᠠ

2889 ᠡᠷᠢᠪᠡᠯ ᠣᠯᠳᠠᠨ᠎ᠠ
ᠡᠷᠡᠮᠡᠯᠵᠡᠪᠡᠯ ᠪᠦᠲᠦᠨ᠎ᠡ

2890 ᠡᠷ᠎ᠡ ᠡᠨᠳᠡᠪᠡᠴᠦ
ᠡᠷᠭᠢᠵᠦ ᠳᠡᠭᠵᠢᠳᠡᠭ

2891 ᠡᠷᠪᠡᠬᠡᠢ ᠭᠠᠯ ᠳ᠋ᠤ᠌ ᠳᠡᠭᠦᠯᠢᠬᠦ
ᠡᠷᠭᠢᠭᠦᠦ ᠠᠷᠢᠬᠢᠨ ᠳ᠋ᠤ᠌ ᠰᠣᠭᠲᠣᠬᠤ

2892 ᠡᠷ᠎ᠡ ᠦᠭᠡᠢ ᠭᠡᠷ ᠰᠦᠷ ᠦᠭᠡᠢ
ᠡᠬᠡᠨᠡᠷ ᠦᠭᠡᠢ ᠭᠡᠷ ᠴᠢᠮᠡᠭ ᠦᠭᠡᠢ

2893 ᠡᠷ᠎ᠡ ᠦᠭᠡᠢ ᠡᠮ᠎ᠡ ᠵᠠᠪᠬᠠᠢ
ᠡᠷᠭᠢ ᠦᠭᠡᠢ ᠤᠰᠤ ᠵᠠᠳᠠᠭᠠᠢ

2894 ᠡᠷᠭᠢᠭᠦᠦ ᠬᠠᠷᠢᠶᠠᠯ ᠡᠵᠡᠨ ᠳ᠋ᠡᠭᠡᠨ
ᠪᠤᠷᠤᠭᠤ ᠬᠠᠷᠢᠶᠠᠯ ᠪᠡᠶ᠎ᠡ ᠳ᠋ᠡᠭᠡᠨ

2895 ᠡᠷᠭᠢᠭᠦᠦ ᠬᠥᠮᠦᠨ ᠴᠢᠳᠠᠯ ᠢ᠋ᠶ᠋ᠠᠨ ᠮᠡᠳᠡᠳᠡᠭ ᠦᠭᠡᠢ
ᠡᠴᠡᠩᠬᠡᠢ ᠮᠠᠯ ᠬᠢᠷᠢ ᠪᠡᠨ ᠮᠡᠳᠡᠳᠡᠭ ᠦᠭᠡᠢ

2896 ᠡᠷᠭᠢᠭᠦᠯᠵᠦ ᠮᠥᠯᠵᠢᠬᠦ ᠳ᠋ᠦ᠍ ᠬᠦᠵᠦᠭᠦᠦ ᠰᠠᠢᠬᠠᠨ
ᠡᠷᠭᠢᠭᠡᠳ ᠠᠭᠤᠯᠵᠠᠬᠤ ᠳ᠋ᠤ᠌ ᠡᠵᠢ ᠰᠠᠢᠬᠠᠨ

2897 ᠡᠷᠭᠢᠬᠦ ᠨᠠᠷᠠ
ᠡᠭᠡᠯᠵᠢᠯᠡᠬᠦ ᠠᠵᠢᠯ

2898 ᠡᠷ᠎ᠡ ᠳ᠋ᠦ᠍ ᠣᠴᠢᠪᠠᠯ ᠡᠵᠢ ᠠᠪᠤ ᠪᠠᠨ ᠮᠠᠷᠲᠠᠬᠤ
ᠡᠪᠡᠳᠴᠢᠨ ᠡᠳᠡᠭᠡᠪᠡᠯ ᠡᠮᠴᠢ ᠶ᠋ᠢ ᠪᠡᠨ ᠮᠠᠷᠲᠠᠬᠤ

2899 ᠡᠷᠳᠡᠮ ᠠᠵᠢᠯ ᠬᠣᠶᠠᠷ
ᠡᠷ᠎ᠡ ᠵᠣᠷᠢᠭ ᠬᠣᠶᠠᠷ

2900 ᠡᠷᠳᠡᠮ ᠪᠢᠯᠢᠭ
ᠡᠷᠬᠢᠮ ᠪᠠᠶᠠᠨ

2901 ᠡᠷᠳᠡᠮ ᠪᠠᠭᠠᠲᠤ ᠶ᠋ᠢᠨ ᠣᠮᠣᠭ ᠶᠡᠬᠡ
ᠢᠰᠢᠭᠡᠨ ᠤᠬᠤᠨ᠎ᠠ ᠶ᠋ᠢᠨ ᠭᠦᠶᠦᠳᠡᠯ ᠶᠡᠬᠡ

2902 ᠡᠷᠳᠡᠮ ᠲᠡᠭᠦᠰ ᠬᠥᠮᠦᠨ ᠢ᠋ ᠰᠢᠳᠦ
ᠡᠷᠳᠡᠮ ᠮᠡᠬᠦᠰ ᠬᠥᠮᠦᠨ ᠢ᠋ ᠲᠡᠪᠴᠢ

2903 ᠡᠷᠳᠡᠮ ᠢ᠋ ᠰᠤᠷᠪᠠᠯ ᠠᠮᠢᠨ ᠳ᠋ᠤ᠌ ᠲᠤᠰᠠ
ᠡᠷᠬᠡ ᠶ᠋ᠢ ᠰᠤᠷᠪᠠᠯ ᠠᠵᠢᠯ ᠳ᠋ᠤ᠌ ᠬᠣᠣᠷ
 
2904 ᠡᠷᠳᠡᠮ ᠢ᠋ ᠬᠢᠴᠢᠶᠡᠯ ᠢ᠋ᠶ᠋ᠡᠷ
ᠡᠷᠢᠯ ᠢ᠋ ᠰᠤᠷᠠᠭ ᠢ᠋ᠶ᠋ᠠᠷ
 
2905 ᠡᠷᠳᠡᠮ ᠦ᠋ᠨ ᠳᠡᠭᠡᠳᠦ ᠡᠪ
ᠡᠷᠬᠢᠮ ᠦ᠋ᠨ ᠳᠡᠭᠡᠳᠦ ᠡᠬᠡ
 
2906 ᠡᠷᠳᠡᠮ ᠦ᠋ᠨ ᠤᠬᠠᠭᠠᠨ ᠥᠲᠡᠯᠳᠡᠭ ᠦᠭᠡᠢ
ᠡᠷᠳᠡᠨᠢ ᠶ᠋ᠢᠨ ᠴᠢᠯᠠᠭᠤ ᠬᠤᠪᠢᠷᠠᠳᠠᠭ ᠦᠭᠡᠢ
 
2907 ᠡᠷᠳᠡᠮ ᠢ᠋ᠶ᠋ᠡᠷ ᠤᠬᠠᠭᠠᠷᠠᠵᠤ
ᠡᠪ ᠢ᠋ᠶ᠋ᠡᠷ ᠬᠢᠬᠦ
 
2908 ᠡᠷᠳᠡᠮ ᠡᠴᠡ ᠢᠯᠡᠭᠦᠦ ᠡᠳ᠋ ᠦᠭᠡᠢ
ᠡᠷᠡᠭᠦᠯ ᠡᠴᠡ ᠢᠯᠡᠭᠦᠦ ᠵᠢᠷᠭᠠᠯ ᠦᠭᠡᠢ
 
2909 ᠡᠷᠳᠡᠮᠲᠦ ᠬᠥᠮᠦᠨ ᠳᠠᠷᠤᠤ
ᠶᠡᠬᠡ ᠮᠥᠷᠡᠨ ᠳᠥᠯᠭᠡᠨ
 
2910 ᠡᠷᠳᠡᠮᠲᠦ ᠬᠥᠮᠦᠨ ᠤᠯᠤᠰ ᠤ᠋ᠨ ᠴᠢᠮᠡᠭ
ᠡᠶᠡᠲᠡᠢ ᠬᠥᠮᠦᠨ ᠣᠯᠠᠨ ᠤ᠋ ᠲᠡᠷᠢᠭᠦᠨ
 
2911 ᠡᠷᠳᠡᠮ ᠲᠡᠢ ᠬᠥᠮᠦᠨ ᠳᠠᠯᠠᠢ
ᠡᠷᠳᠡᠮ ᠦᠭᠡᠢ ᠬᠥᠮᠦᠨ ᠪᠠᠯᠠᠢ
 
2912 ᠡᠷᠳᠡᠮ ᠲᠡᠢ ᠬᠥᠮᠦᠨ ᠨᠡᠷ᠎ᠡ ᠪᠡᠨ ᠪᠣᠳᠣᠬᠤ
ᠥᠴᠦᠬᠡᠨ ᠬᠥᠮᠦᠨ ᠠᠰᠢᠭ ᠢ᠋ᠶ᠋ᠠᠨ ᠪᠣᠳᠣᠬᠤ
 
2913 ᠡᠷᠳᠡᠮ ᠲᠡᠢ ᠬᠥᠮᠦᠨ ᠦ᠌ ᠬᠡᠯᠡ ᠵᠥᠭᠡᠯᠡᠨ
ᠡᠮᠴᠢ ᠬᠥᠮᠦᠨ ᠦ᠌ ᠭᠠᠷ ᠵᠥᠭᠡᠯᠡᠨ
 
2914 ᠡᠷᠳᠡᠮᠲᠡᠨ ᠦᠬᠦᠪᠡᠯ ᠨᠡᠷ᠎ᠡ ᠨᠢ ᠴᠠᠭᠠᠰᠤᠨ ᠳᠡᠭᠡᠷ᠎ᠡ
ᠳᠠᠷᠬᠠᠨ ᠦᠬᠦᠪᠡᠯ ᠨᠡᠷ᠎ᠡ ᠨᠢ ᠡᠳ᠋ ᠳᠡᠭᠡᠷ᠎ᠡ
 
2915 ᠡᠷᠳᠡᠮᠲᠡᠨ ᠬᠥᠮᠦᠨ ᠤᠴᠢᠷ ᠶᠠᠪᠤᠳᠠᠯ ᠳ᠋ᠤ᠌ ᠴᠢᠷᠮᠠᠢᠨ᠎ᠠ
ᠥᠴᠦᠬᠡᠨ ᠬᠥᠮᠦᠨ ᠡᠳ᠋ ᠠᠰᠢᠭ ᠲᠤ᠌ ᠴᠣᠷᠪᠣᠢᠨ᠎ᠠ
 
2916 ᠡᠷᠳᠡᠮᠲᠡᠨ ᠬᠥᠮᠦᠨ ᠡᠴᠡ ᠣᠮᠣᠭ ᠭᠠᠷᠬᠤ ᠦᠭᠡᠢ
ᠡᠷᠳᠡᠨᠢ ᠶ᠋ᠢᠨ ᠴᠢᠯᠠᠭᠤᠨ ᠠ᠋ᠴᠠ ᠦ ᠭᠠᠷᠬᠤ ᠦᠭᠡᠢ
 
2917 ᠡᠷᠳᠡᠨᠢ ᠬᠣᠪᠣᠷ ᠪᠣᠯᠪᠠᠴᠤ ᠣᠯᠵᠤ ᠪᠣᠯᠳᠠᠭ
ᠡᠷᠳᠡᠮ ᠭᠦᠨ ᠪᠣᠯᠪᠠᠴᠤ ᠰᠤᠷᠴᠤ ᠪᠣᠯᠳᠠᠭ
 
2918 ᠡᠷᠳᠡᠨᠢ ᠶ᠋ᠢ ᠲᠠᠨᠢᠬᠤ ᠦᠭᠡᠢ ᠬᠥᠮᠦᠨ
ᠡᠪᠡᠷ ᠢ᠋ ᠡᠷᠳᠡᠨᠢ ᠭᠡᠬᠦ
 
2919 ᠡᠷᠳᠡᠨᠢ ᠶ᠋ᠢᠨ ᠴᠢᠯᠠᠭᠤ ᠠᠭᠤᠯᠠ ᠶ᠋ᠢᠨ ᠴᠢᠮᠡᠭ
ᠡᠶᠡᠯᠳᠡᠭ ᠵᠠᠩ ᠬᠥᠮᠦᠨ ᠦ᠌ ᠴᠢᠮᠡᠭ
 
2920 ᠡᠷ᠎ᠡ ᠶ᠋ᠢ ᠪᠦᠦ ᠪᠠᠰᠤ
ᠳᠠᠯᠠᠢ ᠶ᠋ᠢ ᠪᠦᠦ ᠶᠠᠨᠳᠠ
 
2921 ᠡᠷ᠎ᠡ ᠶ᠋ᠢ ᠰᠢᠯᠭᠠᠶ᠎ᠠ ᠭᠡᠪᠡᠯ ᠤᠨᠤᠭ᠎ᠠ ᠶ᠋ᠢ ᠨᠢ ᠦᠵᠡ
ᠡᠮ᠎ᠡ ᠶ᠋ᠢ ᠰᠢᠯᠭᠠᠶ᠎ᠠ ᠭᠡᠪᠡᠯ ᠣᠶᠣᠳᠠᠯ ᠢ᠋ ᠨᠢ ᠦᠵᠡ
 
2922 ᠡᠷ᠎ᠡ ᠶ᠋ᠢᠨ ᠵᠢᠯᠣᠭᠣ ᠵᠣᠷᠢᠭ
ᠡᠷᠳᠡᠮ ᠦ᠋ᠨ ᠵᠢᠯᠣᠭᠣ ᠪᠢᠴᠢᠭ
 
2923 ᠡᠷ᠎ᠡ ᠶ᠋ᠢᠨ ᠴᠡᠭᠡᠯ ᠳ᠋ᠦ᠍ ᠬᠦᠷᠦᠭᠰᠡᠨ ᠴᠦ᠍
ᠡᠵᠢ ᠠᠪᠤ ᠡᠷᠬᠢᠮ
 
2924 ᠡᠷᠲᠡ ᠪᠣᠰᠪᠠᠯ ᠨᠢᠭᠡ ᠶ᠋ᠢ ᠦᠵᠡᠵᠦ
ᠣᠷᠣᠢ ᠤᠨᠲᠠᠪᠠᠯ ᠨᠢᠭᠡ ᠶ᠋ᠢ ᠰᠣᠨᠣᠰᠬᠤ
 
2925 ᠡᠷᠲᠡ ᠪᠣᠰᠪᠠᠯ ᠣᠷᠣᠢ ᠳ᠋ᠠᠭᠠᠨ ᠲᠤᠰᠠ ᠲᠠᠢ
ᠢᠳᠡᠷ ᠲᠡᠭᠡᠨ ᠰᠤᠷᠪᠠᠯ ᠥᠲᠡᠯᠬᠦ ᠳ᠋ᠦ᠍ ᠲᠤᠰᠠ ᠲᠠᠢ
 
2926 ᠡᠷᠲᠡ ᠪᠣᠰᠪᠠᠯ ᠣᠷᠣᠢ ᠶ᠋ᠢᠨ ᠠᠵᠢᠯ ᠳ᠋ᠤ᠌ ᠲᠤᠰᠠ
ᠡᠷᠳᠡᠮ ᠰᠤᠷᠪᠠᠯ ᠨᠠᠰᠤᠨ ᠤ᠋ ᠦᠢᠯᠡᠰ ᠲᠦ᠍ ᠲᠤᠰᠠ
 
2927 ᠡᠷᠲᠡᠨ ᠦ᠌ ᠦᠭᠡ ᠶ᠋ᠢ ᠰᠢᠨᠵᠢᠯᠡ
ᠡᠷᠳᠡᠮᠲᠡᠨ ᠦ᠌ ᠶᠠᠷᠢᠶ᠎ᠠ ᠶ᠋ᠢ ᠴᠢᠩᠨᠠ
 
2928 ᠡᠷᠡᠭᠦᠯ ᠢ᠋ ᠴᠡᠪᠡᠷ ᠢ᠋ᠶ᠋ᠡᠷ
ᠡᠩᠬᠡ ᠶ᠋ᠢ ᠲᠡᠮᠡᠴᠡᠯ ᠢ᠋ᠶ᠋ᠡᠷ
 
2929 ᠡᠷᠡᠭᠦᠯ ᠦ᠋ᠨ ᠰᠠᠨᠠᠭ᠎ᠠ ᠰᠣᠭᠲᠣᠭᠤ ᠳ᠋ᠤ᠌
ᠰᠣᠭᠲᠣᠭᠤ ᠶ᠋ᠢᠨ ᠰᠠᠨᠠᠭ᠎ᠠ ᠰᠣᠬᠣᠷ ᠲᠦ᠍
 
2930 ᠡᠷᠬᠡ ᠬᠡᠦᠬᠡᠳ ᠡᠬᠡ ᠡᠴᠢᠭᠡ ᠶ᠋ᠢᠨ ᠢ᠋ᠶ᠋ᠡᠨ ᠬᠦᠴᠦᠨ ᠳ᠋ᠦ᠍
ᠡᠷᠳᠡᠮ ᠰᠤᠷᠤᠭᠰᠠᠨ ᠱᠠᠪᠢ ᠪᠠᠭᠰᠢ ᠶ᠋ᠢᠨ ᠢ᠋ᠶ᠋ᠡᠨ ᠬᠦᠴᠦᠨ ᠳ᠋ᠦ᠍
 
2931 ᠡᠷᠭᠢ ᠦᠭᠡᠢ ᠤᠰᠤ ᠬᠠᠯᠢᠮᠠᠲᠠᠭᠠᠢ
ᠡᠬᠡᠨᠡᠷ ᠦᠭᠡᠢ ᠬᠥᠮᠦᠨ ᠲᠡᠨᠦᠮᠡᠲᠡᠭᠡᠢ
 
2932 ᠡᠷᠢᠯ ᠳ᠋ᠦ᠍ ᠮᠣᠷᠳᠠᠬᠤ ᠳ᠋ᠤ᠌ ᠳᠤᠷᠠᠨ ᠬᠡᠷᠡᠭ ᠲᠡᠢ
ᠡᠷᠳᠡᠮ ᠰᠤᠷᠬᠤ ᠳ᠋ᠤ᠌ ᠨᠣᠮ ᠬᠡᠷᠡᠭ ᠲᠡᠢ
 
2933 ᠡᠷᠢᠶᠡᠨ ᠢᠨᠵᠠᠭ᠎ᠠ ᠡᠬᠡ ᠶ᠋ᠢ ᠪᠡᠨ ᠰᠠᠨᠠᠬᠤ
ᠡᠴᠢᠭᠡ ᠶ᠋ᠢᠨ ᠬᠦᠦ ᠨᠤᠲᠤᠭ ᠢ᠋ᠶ᠋ᠠᠨ ᠰᠠᠨᠠᠬᠤ
 
2934 ᠡᠰᠡ ᠳᠠᠰᠤᠭᠰᠠᠨ ᠬᠥᠮᠦᠨ ᠲᠡᠢ
ᠳᠡᠮᠡᠢ ᠪᠤᠤ ᠢᠨᠠᠭᠯᠠ
 
2935 ᠢᠰᠡᠭᠡᠢ ᠬᠢᠬᠦ ᠭᠠᠵᠠᠷ ᠲᠦ᠍ ᠨᠣᠬᠠᠢ ᠬᠡᠷᠡᠭ ᠦᠭᠡᠢ
ᠡᠮᠨᠢᠭ ᠰᠤᠷᠭᠠᠬᠤ ᠭᠠᠵᠠᠷ ᠲᠦ᠍ ᠬᠡᠦᠬᠡᠳ ᠬᠡᠷᠡᠭ ᠦᠭᠡᠢ
 
2936 ᠢᠰᠡᠭᠡᠢ ᠶ᠋ᠢᠨ ᠵᠤᠵᠠᠭᠠᠨ ᠨᠢ ᠰᠠᠢᠨ
ᠢᠯᠳᠦᠨ ᠦ᠌ ᠬᠤᠷᠴᠠ ᠨᠢ ᠰᠠᠢᠨ
 
2937 ᠡᠴᠢᠭᠡ ᠡᠬᠡ ᠴᠢᠰᠤᠨ ᠤ᠋ ᠬᠣᠯᠪᠣᠭ᠎ᠠ
ᠡᠬᠡᠨᠡᠷ ᠨᠥᠬᠥᠷ ᠨᠠᠰᠤᠨ ᠤ᠋ ᠬᠣᠯᠪᠣᠭ᠎ᠠ
 
2938 ᠡᠬᠡ ᠮᠠᠭᠤ ᠪᠣᠯᠪᠠᠴᠤ
ᠡᠯᠢᠭᠡ ᠨᠢ ᠬᠠᠯᠠᠭᠤᠨ
 
2939 ᠡᠬᠡ ᠮᠠᠭᠤᠳᠠᠨ ᠤ᠋ ᠬᠡᠦᠬᠡᠨ ᠢ᠋ ᠪᠢᠲᠡᠭᠡᠢ ᠠᠪ
ᠡᠭᠦᠳᠡ ᠮᠠᠭᠤᠳᠠᠨ ᠤ᠋ ᠬᠣᠢᠮᠣᠷ ᠪᠢᠲᠡᠭᠡᠢ ᠰᠠᠭᠤ
 
2940 ᠡᠬᠡ ᠨᠢ ᠪᠦᠪᠡᠢᠯᠠᠵᠦ ᠬᠠᠢᠷᠠᠯᠠᠳᠠᠭ
ᠡᠴᠢᠭᠡ ᠨᠢ ᠦᠪᠠᠢᠯᠠᠵᠤ ᠬᠠᠢᠷᠠᠯᠠᠳᠠᠭ
 
2941 ᠡᠬᠡ ᠨᠢ ᠬᠡᠭᠡᠷ ᠠᠯᠠᠭ ᠪᠣᠯ
ᠤᠨᠠᠭ᠎ᠠ ᠨᠢ ᠰᠢᠭᠢᠷ᠎ᠡ ᠠᠯᠠᠭ
 
2942 ᠡᠬᠡ ᠬᠥᠮᠦᠨ ᠦᠷ᠎ᠡ ᠪᠡᠨ ᠬᠠᠷᠠᠵᠤ ᠪᠠᠢᠬᠤ ᠳ᠋ᠠᠭᠠᠨ
ᠭᠣᠣᠯ ᠨᠢ ᠲᠠᠰᠤᠷᠠᠳᠠᠭ ᠦᠭᠡᠢ
 
2943 ᠡᠬᠡ ᠶ᠋ᠢ ᠨᠢ ᠡᠴᠡᠭᠡᠬᠦ ᠦᠭᠡᠢ
ᠲᠤᠭᠤᠯ ᠢ᠋ ᠨᠢ ᠲᠤᠷᠠᠭᠠᠬᠤ ᠦᠭᠡᠢ
 
2944 ᠡᠬᠡ ᠶ᠋ᠢᠨ ᠰᠡᠳᠬᠢᠯ ᠦᠷ᠎ᠡ ᠳ᠋ᠦ᠍
ᠦᠷ᠎ᠡ ᠶ᠋ᠢᠨ ᠰᠠᠨᠠᠭ᠎ᠠ ᠠᠭᠤᠯᠠᠨ ᠳ᠋ᠤ᠌
 
2945 ᠡᠬᠡᠲᠦ ᠥᠨᠥᠴᠢᠨ ᠥᠭᠡᠳᠡᠯᠡᠳᠡᠭ
ᠡᠴᠢᠭᠡᠲᠦ ᠥᠨᠥᠴᠢᠨ ᠤᠷᠤᠭᠤᠳᠠᠳᠠᠭ
 
2946 ᠡᠬᠡ ᠲᠡᠢ ᠬᠥᠮᠦᠨ ᠡᠯᠢᠭᠡ ᠪᠦᠲᠦᠨ
ᠦᠷ᠎ᠡ ᠲᠡᠢ ᠬᠥᠮᠦᠨ ᠠᠮᠠ ᠳᠦᠭᠦᠷᠡᠩ
 
2947 ᠡᠬᠡ ᠳ᠋ᠦ᠍ ᠦᠷ᠎ᠡ ᠰᠠᠢᠬᠠᠨ
ᠡᠷ᠎ᠡ ᠳ᠋ᠦ᠍ ᠴᠢᠳᠠᠯ ᠰᠠᠢᠬᠠᠨ
 
2948 ᠡᠴᠢᠭᠡ ᠶ᠋ᠢᠨ ᠠᠴᠢ᠂ ᠡᠬᠡ ᠶ᠋ᠢᠨ ᠰᠦ ᠶ᠋ᠢ
ᠡᠨᠡ ᠨᠠᠰᠤᠨ ᠳ᠋ᠤ᠌ ᠬᠠᠷᠢᠭᠤᠯᠠᠵᠤ ᠪᠠᠷᠠᠬᠤ ᠦᠭᠡᠢ
 
2949 ᠡᠴᠡᠭᠰᠡᠨ ᠮᠣᠷᠢᠨ ᠳ᠋ᠤ᠌ ᠬᠠᠵᠠᠭᠠᠷ ᠬᠦᠨᠳᠦ
ᠶᠠᠳᠠᠭᠰᠠᠨ ᠬᠥᠮᠦᠨ ᠳ᠋ᠦ᠍ ᠴᠢᠬᠢ ᠬᠦᠨᠳᠦ
 
2950 ᠡᠴᠡᠭᠰᠡᠨ ᠬᠥᠮᠦᠨ ᠡᠮᠡᠭᠡᠯ ᠳᠡᠷᠡᠯᠡᠬᠦ
ᠲᠤᠢᠯᠳᠠᠭᠰᠠᠨ ᠬᠥᠮᠦᠨ ᠲᠤᠯᠭ᠎ᠠ ᠲᠦᠰᠢᠬᠦ
 
2951 ᠡᠴᠢᠭᠡ ᠬᠦᠦ ᠡᠶ᠎ᠡ ᠲᠡᠢ ᠰᠠᠢᠬᠠᠨ
ᠡᠷ᠎ᠡ ᠡᠮ᠎ᠡ ᠠᠮᠠᠷᠠᠭ ᠰᠠᠢᠬᠠᠨ
 
2952 ᠡᠭᠡᠳᠡᠭᠰᠡᠨ ᠬᠣᠢᠨ᠎ᠠ ᠰᠦ ᠪᠣᠯᠬᠤ ᠦᠭᠡᠢ
ᠡᠪᠳᠡᠷᠡᠭᠰᠡᠨ ᠬᠣᠢᠨ᠎ᠠ ᠪᠦᠲᠦᠨ ᠪᠣᠯᠬᠤ ᠦᠭᠡᠢ
 
2953 ᠡᠵᠢ ᠦᠭᠡᠢ ᠥᠬᠢᠨ ᠦ᠌ ᠪᠥᠭᠰᠡ ᠲᠣᠮᠣ
ᠡᠴᠢᠭᠡ ᠦᠭᠡᠢ ᠬᠥᠪᠡᠭᠦᠨ ᠦ᠌ ᠲᠣᠯᠣᠭᠠᠢ ᠲᠣᠮᠣ
 
2954 ᠡᠵᠢ ᠲᠡᠢ ᠬᠥᠮᠦᠨ ᠡᠩ ᠲᠡᠢ ᠲᠣᠷᠭ᠎ᠠ ᠰᠢᠭ᠋
ᠠᠪᠤ ᠲᠠᠢ ᠬᠥᠮᠦᠨ ᠠᠷ ᠲᠠᠢ ᠲᠣᠷᠭ᠎ᠠ ᠰᠢᠭ᠋
 
2955 ᠡᠵᠢ ᠪᠡᠷ ᠢ᠋ᠶ᠋ᠡᠨ ᠵᠢᠭᠠᠯᠭᠠᠬᠤ ᠨᠢ ᠥᠬᠢᠨ ᠦ᠌ ᠶᠣᠰᠣ
ᠡᠴᠢᠭᠡ ᠪᠡᠨ ᠵᠠᠯᠭᠠᠮᠵᠢᠯᠠᠬᠤ ᠨᠢ ᠬᠦᠦ ᠶ᠋ᠢᠨ ᠵᠢᠷᠤᠮ
ᠢᠷᠡᠯᠲᠡ᠄

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠢᠮᠧᠯ᠄ soninhuudas@gmail.com