ᠮᠣᠩᠭᠣᠯ ᠵᠦᠢᠷ ᠰᠡᠴᠡᠨ ᠦᠭᠡ ᠶ᠋ᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠶᠦ᠋ ᠶ᠋ᠢᠨ ᠠᠢᠮᠠᠭ >
2026-06-06
ᠣᠩᠱᠢᠭ᠍ᠰᠠᠨ ᠣᠳᠠᠭ᠎ᠠ᠄
- ᠶᠦ᠋‍ (Ю) -
 
2956 ᠶᠠᠭᠤᠮ᠎ᠠ ᠰᠤᠷᠬᠤ ᠬᠡᠴᠡᠭᠦᠦ
ᠮᠠᠷᠲᠠᠬᠤ ᠠᠮᠠᠷᠬᠠᠨ
 
2957 ᠶᠠᠭᠤᠮ᠎ᠠ ᠦᠵᠡᠵᠦ
ᠨᠢᠳᠦ ᠲᠠᠢᠯᠬᠤ
 
2958 ᠶᠠᠭᠤᠮᠠᠨ ᠳ᠋ᠤ᠌ ᠤᠴᠢᠷ
ᠮᠣᠳᠣᠨ ᠳ᠋ᠤ᠌ ᠮᠥᠴᠢᠷ
 
2959 ᠶᠠᠭᠤᠮᠠᠨ ᠳ᠋ᠤ᠌ ᠤᠴᠢᠷ
ᠰᠤᠮᠤᠨ ᠳ᠋ᠤ᠌ ᠭᠠᠴᠢᠷ
 
2960 ᠶᠠᠭᠤᠮ᠎ᠠ ᠶ᠋ᠢ ᠨᠢ ᠬᠠᠷᠠᠬᠤ ᠪᠠᠷ
ᠬᠥᠮᠦᠨ ᠢ᠋ ᠨᠢ ᠬᠠᠷᠠ
 
2961 ᠶᠠᠭᠤᠮ᠎ᠠ ᠶ᠋ᠢ ᠬᠤᠷᠢᠶᠠᠪᠠᠯ ᠬᠥᠷᠥᠩᠭᠡ ᠪᠣᠯᠳᠠᠭ
ᠶᠠᠭᠤᠮ᠎ᠠ ᠶ᠋ᠢ ᠰᠣᠨᠣᠰᠪᠠᠯ ᠬᠡᠷᠡᠭ ᠪᠣᠯᠳᠠᠭ
ᠢᠷᠡᠯᠲᠡ᠄

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠢᠮᠧᠯ᠄ soninhuudas@gmail.com