ᠴᠢᠩᠭᠢᠰ ᠬᠠᠭᠠᠨ ᠤ᠋ ᠮᠠᠭᠲᠠᠭᠠᠯ
2026-06-06
ᠣᠩᠱᠢᠭ᠍ᠰᠠᠨ ᠣᠳᠠᠭ᠎ᠠ᠄

ᠴᠢᠩᠭᠢᠰ ᠬᠠᠭᠠᠨ ᠤ᠋ ᠮᠠᠭᠲᠠᠭᠠᠯ

ᠬᠥᠷᠥᠰᠥ ᠳ᠋ᠦ᠍ ᠡᠬᠡ ᠳᠡᠯᠡᠬᠡᠢ ᠲᠡᠷᠡ ᠦᠶ᠎ᠡ ᠳ᠋ᠦ᠍

ᠬᠥᠷᠪᠡᠨ ᠤᠷᠪᠠᠵᠤ ᠪᠠᠢᠵᠤ ᠭᠡᠨ᠎ᠡ

ᠬᠥᠮᠦᠨ ᠠᠮᠢᠲᠠᠨ ᠲᠡᠷᠡ ᠦᠶ᠎ᠡ ᠳ᠋ᠦ᠍

ᠬᠥᠨᠥᠭᠡᠯᠲᠡᠨ ᠲᠡᠮᠡᠴᠡᠯᠳᠦᠵᠦ ᠪᠠᠢᠵᠤ

ᠣᠯᠠᠨ ᠤᠯᠤᠰ ᠲᠡᠷᠡ ᠦᠶ᠎ᠡ ᠳ᠋ᠦ᠍

ᠣᠯᠵᠠᠯᠠᠨ ᠪᠤᠯᠢᠶᠠᠯᠴᠠᠯᠳᠤᠵᠤ ᠪᠠᠢᠵᠤ ᠭᠡᠨ᠎ᠡ

ᠣᠷᠣᠨ ᠳ᠋ᠤ᠌ ᠪᠠᠨ ᠤᠨᠲᠠᠬᠤ ᠵᠠᠪ ᠦᠭᠡᠢ

ᠣᠷᠣᠯᠢᠯᠳᠤᠨ ᠲᠡᠮᠡᠴᠡᠯᠳᠦᠵᠦ ᠶᠠᠪᠤᠵᠠᠢ

ᠡᠷ᠎ᠡ ᠭᠠᠩᠭᠠᠨ ᠨᠤᠷᠠᠵᠤ

ᠡᠯᠴᠢ ᠳ᠋ᠦ᠍ ᠮᠥᠷᠡᠨ ᠨᠢ ᠬᠠᠯᠢᠵᠤ

ᠡᠩᠲᠦᠭᠡᠬᠦ ᠠᠭᠤᠯᠠᠰ ᠨᠢ ᠨᠤᠷᠠᠭᠰᠠᠨ

ᠲᠡᠷᠲᠡᠭᠡᠬᠢ ᠡᠭᠦᠯᠡᠰ ᠨᠢ ᠨᠡᠭᠦᠭᠰᠡᠨ

ᠡᠢᠮᠦ ᠨᠢᠭᠡᠨ ᠴᠠᠭ ᠲᠤ᠌

ᠶᠡᠬᠡ ᠡᠵᠡᠨ ᠪᠣᠭᠳᠠ

ᠴᠢᠩᠭᠢᠰ ᠬᠠᠭᠠᠨ ᠲᠥᠷᠥᠭᠰᠡᠨ ᠶᠦᠮ ᠭᠡᠳᠡᠭ

ᠳᠡᠯᠭᠡᠷ ᠴᠠᠭᠠᠨ ᠣᠨᠣᠨ ᠎ᠤ ᠪᠠᠨ

ᠳᠡᠯᠢᠭᠦᠨ ᠪᠣᠯᠳᠣᠭ ᠨᠤᠲᠤᠭ ᠲᠤ᠌

ᠬᠠᠷ᠎ᠠ ᠮᠣᠷᠢᠨ ᠵᠢᠯ ᠦ᠋ᠨ ᠢ᠋ᠶ᠋ᠡᠨ

ᠬᠠᠪᠤᠷ ᠤ᠋ᠨ ᠲᠡᠷᠢᠭᠦᠨ ᠰᠠᠷ᠎ᠠ ᠳ᠋ᠤ᠌ ᠨᠢ ᠬᠦ

ᠠᠷᠪᠠᠨ ᠵᠢᠷᠭᠤᠭᠠᠨ ᠬᠡᠮᠡᠬᠦ ᠤᠯᠠᠭᠠᠨ ᠲᠡᠷᠭᠡᠯ ᠡᠳᠦᠷ

ᠡᠳᠦᠷ ᠳᠤᠮᠳᠠ ᠴᠠᠭ ᠲᠤ᠌ ᠯᠠ ᠡᠵᠡᠨ ᠴᠢᠩᠭᠢᠰ ᠬᠠᠭᠠᠨ ᠲᠥᠷᠥᠬᠦ ᠳ᠋ᠦ᠍ ᠪᠡᠨ

ᠱᠠᠭ᠎ᠠ ᠶ᠋ᠢᠨ ᠴᠢᠨᠡᠭᠡᠨ ᠨᠥᠵᠢ ᠶ᠋ᠢ ᠪᠠᠷᠠᠭᠤᠨ ᠭᠠᠷ ᠲᠤ᠌ ᠪᠠᠨ ᠠᠳᠬᠤᠵᠤ

ᠪᠠᠷᠰ ᠤ᠋ᠨ ᠴᠢᠨᠡᠭᠡ ᠪᠠᠷᠬᠢᠷᠠᠯᠲᠠ ᠪᠠᠷ ᠢ᠋ᠶ᠋ᠠᠨ

ᠪᠠᠷᠠᠭᠠᠨ ᠥᠳᠬᠡᠨ ᠳ᠋ᠦ᠍ ᠤᠨᠠᠬᠤ ᠳ᠋ᠤ᠌ ᠪᠠᠨ

ᠰᠢᠷ᠎ᠠ ᠰᠣᠯᠣᠩᠭ᠎ᠠ ᠲᠩᠷᠢ ᠳ᠋ᠦ᠍ ᠪᠡᠨ ᠭᠡᠭᠡ ᠡᠳᠦᠷ ᠢ᠋ᠶ᠋ᠡᠨ ᠲᠠᠲᠠᠭᠤᠯᠵᠤ

ᠰᠢᠷᠭᠠᠯ ᠨᠠᠷᠠᠨ ᠤ᠋ ᠲᠤᠶᠠᠭ᠎ᠠ ᠶ᠋ᠢ ᠭᠡᠷ ᠲᠦ᠍ ᠪᠡᠨ ᠭᠡᠢᠭᠦᠯᠵᠦ ᠪᠠᠢᠵᠠᠢ᠃

ᠳᠣᠯᠣᠭ᠎ᠠ ᠬᠣᠨᠣᠭ ᠤ᠋ᠨ ᠬᠣᠢᠬᠠᠨ᠎ᠠ ᠲᠠᠢ

ᠬᠠᠷᠴᠠᠭ᠎ᠠ ᠰᠢᠪᠠᠭᠤ ᠢᠷᠡᠭᠡᠳ ᠡᠷᠦᠬᠡ ᠨᠢ ᠳᠡᠭᠡᠷ᠎ᠡ ᠨᠢ ᠰᠠᠭᠤᠭᠠᠳ

ᠲᠡᠮᠦᠵᠢᠨ ᠲᠡᠮᠦᠵᠢᠨ ᠭᠡᠵᠦ ᠳᠣᠩᠭᠣᠳᠴᠠᠢ᠃

ᠡᠨᠡ ᠯᠡ ᠪᠡᠯᠭᠡᠲᠦ ᠨᠡᠷ᠎ᠡ ᠪᠡᠷ ᠨᠢ

ᠡᠴᠢᠭᠡ ᠶᠡᠰᠦᠭᠡᠢ ᠪᠡᠯᠭᠡᠳᠡᠵᠦ

ᠡᠷᠬᠡᠲᠦ ᠴᠢᠩᠭᠢᠰ ᠭᠡᠰᠡᠨ ᠢ᠋ᠶ᠋ᠡᠷ ᠨᠢ

ᠡᠨᠡᠬᠡᠨ ᠳᠡᠯᠡᠬᠡᠢ ᠳ᠋ᠦ᠍ ᠠᠯᠳᠠᠷᠰᠢᠵᠠᠢ᠃

ᠳᠡᠭᠡᠳᠦᠰ ᠦ᠋ᠨ ᠣᠶᠤᠨ ᠤᠬᠠᠭᠠᠨ ᠢ᠋ᠶ᠋ᠠᠷ

ᠳᠡᠯᠡᠬᠡᠢ ᠶ᠋ᠢᠨ ᠲᠠᠯ᠎ᠠ ᠶ᠋ᠢ ᠠᠪᠴᠤ ᠭᠡᠨ᠎ᠡ

ᠮᠣᠬᠣᠰᠢ ᠦᠭᠡᠢ ᠣᠶᠤᠨ ᠤᠬᠠᠭᠠᠨ ᠢ᠋ᠶ᠋ᠠᠷ

ᠮᠣᠩᠭᠣᠯ ᠣᠷᠣᠨ ᠢ᠋ᠶ᠋ᠠᠨ ᠮᠠᠨᠳᠤᠭᠤᠯᠵᠤ ᠭᠡᠨ᠎ᠡ

ᠠᠷᠭ᠎ᠠ ᠤᠬᠠᠭᠠᠨ ᠬᠣᠶᠠᠷ ᠢ᠋ᠶ᠋ᠠᠷ ᠢ᠋ᠶ᠋ᠠᠨ

ᠠᠭᠠᠳᠠᠷ ᠪᠣᠷᠣᠭ᠎ᠠ ᠰᠢᠭ᠋ ᠨᠥᠮᠥᠷᠦᠭᠰᠡᠨ

ᠠᠵᠠ ᠬᠡᠢᠮᠣᠷᠢ ᠭᠡᠳᠡᠭ ᠴᠢᠨᠢ

ᠤᠷᠢᠬᠠᠨ ᠰᠠᠯᠬᠢ ᠰᠢᠭ᠋ ᠳᠠᠭᠤᠳᠠᠵᠤ ᠭᠡᠨ᠎ᠡ

ᠬᠠᠩᠭᠠᠯ ᠮᠣᠷᠢᠨ ᠤ᠋ ᠵᠣᠭᠣᠨ ᠳᠡᠭᠡᠷ᠎ᠡ

ᠬᠠᠳᠠᠨ ᠳᠥᠷᠥᠭᠡ ᠮᠤᠯᠲᠤᠯᠤᠭ᠎ᠠ ᠦᠭᠡᠢ

ᠬᠠᠮᠤᠭ ᠮᠣᠩᠭᠣᠯ ᠣᠷᠣᠨ ᠢ᠋ᠶ᠋ᠠᠨ

ᠬᠠᠷᠢ ᠶ᠋ᠢᠨ ᠳᠠᠢᠰᠤᠨ ᠳ᠋ᠤ᠌ ᠠᠯᠳᠠᠭ᠎ᠠ ᠦᠭᠡᠢ ᠠ᠋

ᠲᠥᠭᠡᠷᠭᠡ ᠵᠠᠶᠠᠭ᠎ᠠ ᠲᠡᠭᠰᠢᠷᠡᠵᠦ ᠭᠡᠨ᠎ᠡ

ᠲᠥᠷᠥ ᠤᠯᠤᠰ ᠢ᠋ᠶ᠋ᠠᠨ ᠮᠠᠨᠳᠤᠭᠤᠯᠵᠤ ᠭᠡᠨ᠎ᠡ

ᠲᠡᠦᠬᠡ ᠱᠠᠰᠲᠢᠷ ᠢ᠋ᠶ᠋ᠠᠨ ᠳᠠᠷᠬᠠᠯᠠᠵᠤ ᠭᠡᠨ᠎ᠡ

ᠲᠦᠮᠡᠨ ᠣᠯᠠᠨ ᠢ᠋ᠶ᠋ᠠᠨ ᠵᠢᠷᠭᠠᠭᠤᠯᠵᠤ ᠭᠡᠨ᠎ᠡ ᠳᠡ ᠬᠦ

ᠬᠥᠯᠥᠭ ᠮᠣᠷᠢᠨ ᠤ᠋ ᠵᠣᠭᠣᠨ ᠳᠡᠭᠡᠷ᠎ᠡ

ᠬᠦᠩ ᠳ᠋ᠦ᠍ ᠵᠡᠪᠰᠡᠭ ᠠᠭᠰᠠᠵᠤ

ᠬᠥᠨᠳᠡᠢ ᠳᠠᠯᠠᠢ ᠎ᠶᠢ ᠪᠦᠷᠬᠦᠵᠦ

ᠬᠥᠪᠴᠢ ᠶ᠋ᠢᠨ ᠠᠭᠤᠯᠠ ᠶ᠋ᠢ ᠠᠷᠭᠠᠳᠠᠵᠤ

ᠠᠷᠤ ᠠᠭᠤᠯᠠ ᠰᠢᠭ᠋ ᠨᠥᠮᠥᠷᠢᠯᠡᠭᠰᠡᠨ

ᠪᠠᠭᠠᠲᠤᠷ ᠴᠡᠷᠢᠭ ᠢ᠋ ᠪᠡᠨ ᠭᠠᠷᠳᠠᠵᠤ

ᠮᠠᠩᠨᠠᠢᠳᠠᠵᠤ ᠭᠠᠷᠴᠤ ᠭᠡᠨ᠎ᠡ

ᠮᠠᠩᠯᠠᠢᠯᠠᠨ ᠶᠠᠪᠤᠵᠤ ᠭᠡᠨ᠎ᠡ

ᠬᠣᠲᠠᠨ ᠳᠡᠯᠡᠬᠡᠢ ᠳ᠋ᠦ᠍ ᠴᠠᠷ᠎ᠠ ᠲᠠᠢ

ᠬᠠᠮᠤᠭ ᠮᠣᠩᠭᠣᠯ ᠲᠠ ᠨᠡᠷᠡᠲᠦ ᠪᠡᠨ

ᠬᠠᠭᠠᠨ ᠴᠢᠩᠭᠢᠰ ᠦ᠋ᠨ ᠢ᠋ᠶ᠋ᠡᠨ ᠲᠤᠬᠠᠢ

ᠬᠠᠭᠤᠷᠲᠠᠵᠤ ᠬᠡᠯᠡᠬᠦ ᠦᠭᠡ ᠡᠨᠡ ᠪᠢᠯᠡ

ᠢᠷᠡᠯᠲᠡ᠄

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠢᠮᠧᠯ᠄ soninhuudas@gmail.com