ᠰᠦᠷ ᠨᠢ ᠪᠠᠳᠠᠷᠠᠭᠰᠠᠨ
ᠰᠦᠷᠦᠭ ᠠᠳᠤᠭᠤ ᠪᠡᠨ ᠦᠷᠡᠵᠢᠭᠦᠯᠦᠭᠡᠳ
ᠰᠦᠷᠦᠭ ᠦ᠋ᠨ ᠳᠡᠭᠡᠵᠢ ᠪᠣᠯᠤᠭᠰᠠᠨ
ᠰᠦᠷᠲᠦ ᠶᠡᠬᠡ ᠭᠡᠭᠦᠦ ᠪᠡᠨ ᠵᠡᠯᠡᠯᠡᠭᠡᠳ
ᠵᠤᠨ ᠨᠠᠮᠤᠷ ᠤ᠋ᠨ ᠵᠢᠷᠭᠠᠯ ᠳ᠋ᠤ᠌ ᠠᠪᠲᠠᠭᠳᠠᠵᠤ
ᠵᠤᠳ ᠭᠠᠩ ᠢ᠋ ᠨᠡᠷ᠎ᠡ ᠶ᠋ᠢᠨ ᠲᠡᠳᠦᠢ ᠮᠠᠷᠲᠠᠵᠤ
ᠵᠤᠭᠠᠴᠠᠨ ᠦᠢᠮᠡᠵᠦ ᠶᠠᠪᠤᠭ᠎ᠠ ᠣᠯᠠᠨ ᠲᠠ ᠪᠦᠭᠦᠳᠡ ᠶ᠋ᠢ
ᠵᠠᠭᠤᠷ᠎ᠠ ᠬᠣᠭᠣᠷᠣᠨᠳᠣ ᠶ᠋ᠢᠨ ᠭᠠᠵᠠᠷ ᠠ᠋ᠴᠠ
ᠲᠣᠭᠣᠰᠣ ᠲᠠᠲᠠᠭᠤᠯᠤᠨ ᠮᠣᠷᠢᠯᠠᠭᠠᠳ ᠢᠷᠡᠬᠦ ᠳ᠋ᠦ᠍ ᠨᠢ
ᠲᠣᠰᠴᠤ ᠭᠠᠷᠤᠨ ᠪᠠᠷᠠᠭᠠᠯᠬᠠᠵᠤ
ᠲᠣᠭᠲᠠᠵᠤ ᠶᠠᠳᠠᠨ ᠪᠠᠶᠠᠷᠯᠠᠵᠤ
ᠳᠣᠪᠣ ᠲᠠᠢ ᠦᠭᠡ ᠬᠡᠯᠡᠯᠴᠡᠵᠦ
ᠵᠦᠭ ᠪᠦᠷᠢ ᠳ᠋ᠦ᠍ ᠨᠢ ᠵᠠᠷᠯᠠᠵᠤ
ᠵᠦᠢᠯ ᠪᠦᠷᠢ ᠶ᠋ᠢᠨ ᠢᠳᠡᠭᠡ ᠪᠡᠯᠡᠳᠬᠡᠵᠦ
ᠰᠢᠷᠡᠭᠡ ᠪᠠᠨᠳᠡᠩ ᠤᠳ ᠢ᠋ ᠵᠠᠰᠠᠵᠤ
ᠰᠢᠮ᠎ᠡ ᠠᠮᠲᠠ ᠲᠠᠢ ᠢᠳᠡᠭᠡᠨ ᠦ᠌ ᠳᠡᠭᠡᠵᠢ ᠶ᠋ᠢ
ᠰᠢᠩᠭᠡᠨ ᠲᠤᠩᠭᠠᠯᠠᠭ ᠢ᠋ᠶ᠋ᠠᠷ ᠥᠷᠢᠵᠦ
ᠰᠢᠷᠦᠭᠦᠨ ᠬᠠᠲᠠᠭᠤ ᠪᠠᠷ ᠠᠯᠪᠠᠳᠠᠯ ᠦᠭᠡᠢ ᠳᠤᠭᠠᠷᠠᠯᠠᠵᠤ
ᠰᠢᠯᠵᠢᠭᠦᠯᠵᠦ ᠠᠯᠭᠠᠰᠠᠯ ᠦᠭᠡᠢ ᠲᠣᠭᠲᠠᠭᠠᠯᠭᠠᠵᠤ
ᠬᠤᠷᠠᠨ ᠴᠢᠭᠤᠯᠤᠭᠰᠠᠨ ᠪᠦᠬᠦᠨ ᠢ᠋ᠶ᠋ᠡᠷ ᠢ᠋ᠶ᠋ᠡᠨ
ᠬᠤᠪᠢ ᠬᠤᠪᠢ ᠳᠠᠭᠠᠨ ᠪᠠᠶᠠᠷᠯᠠᠵᠤ
ᠬᠤᠷᠢᠮᠯᠠᠨ ᠴᠡᠩᠭᠡᠬᠦ ᠠᠢᠷᠠᠭ ᠤ᠋ᠳ ᠢ ᠴᠢᠨᠢ
ᠬᠤᠪᠢᠩ ᠬᠤᠪᠢᠩ ᠢ᠋ᠶ᠋ᠠᠷ ᠰᠥᠩᠨᠡᠵᠦ
ᠬᠤᠪᠠ ᠶ᠋ᠢᠨ ᠥ ᠶ᠋ᠢᠨ ᠥᠯᠵᠡᠢ ᠪᠦᠷᠢᠳᠦᠭᠰᠡᠨ
«ᠬᠤᠭᠤᠷ ᠤ᠋ᠨ ᠮᠠᠩᠨᠠᠢ ᠶ᠋ᠢ» ᠡᠬᠢᠯᠡᠵᠦ
ᠬᠠᠭᠤᠴᠢᠨ «ᠲᠦᠮᠡᠨ ᠦ᠌ ᠡᠬᠢ ᠶ᠋ᠢ» ᠳᠠᠷᠤᠭᠤᠯᠵᠤ
ᠬᠤᠷᠳᠤᠨ ᠮᠣᠷᠢᠳ ᠨᠢ ᠥᠯᠵᠡᠢ ᠲᠡᠢ ᠭᠡᠵᠦ
«ᠬᠣᠯᠠᠴᠢ ᠮᠣᠷᠢ ᠶ᠋ᠢ» ᠳᠠᠭᠤᠯᠠᠵᠠᠭᠠᠵᠤ
ᠠᠳᠤᠭᠤ ᠨᠢ ᠲᠦᠮᠡ ᠬᠦᠷᠴᠦ
ᠠᠢᠷᠠᠭ ᠨᠢ ᠳᠠᠯᠠᠢ ᠪᠣᠯᠵᠤ
ᠥᠨᠢ ᠪᠠᠲᠤ ᠵᠢᠷᠭᠠᠵᠤ
ᠥᠯᠵᠡᠢ ᠬᠤᠲᠤᠭ ᠣᠷᠣᠰᠢᠵᠤ
ᠥᠨᠳᠥᠷ ᠽᠠᠨᠳᠠᠨ ᠰᠥᠩ ᠢ ᠴᠢᠨᠢ
ᠡᠷᠭᠦᠨ ᠪᠠᠷᠢᠵᠤ ᠲᠠᠯᠪᠢᠬᠤ ᠶ᠋ᠢᠨ
ᠪᠡᠯᠭᠡ ᠶ᠋ᠢ ᠠᠢᠯᠠᠳᠬᠠᠶ᠎ᠠ᠃