ᠬᠤᠲᠤᠭᠲᠤ ᠢᠷᠥᠭᠡᠯ- ᠬᠡᠷᠡᠢᠳ ᠦ᠋ᠨ ᠬᠡᠢᠷᠦᠪ
2026-06-06
ᠣᠩᠱᠢᠭ᠍ᠰᠠᠨ ᠣᠳᠠᠭ᠎ᠠ᠄
ᠢᠷᠦᠭᠡᠯᠴᠢ ᠬᠣᠨᠵᠢᠨ᠄ ᠬᠡᠷᠡᠢᠳ ᠦ᠋ᠨ᠂ ᠬᠡᠢᠷᠥᠪ
ᠤᠸᠮ ᠰᠠᠢᠨ ᠠᠮᠤᠭᠤᠯᠠᠩ ᠲᠠᠨ ᠪᠣᠯᠲᠤᠭᠠᠢ!
ᠡᠩᠬᠡ ᠰᠠᠢᠨ ᠵᠢᠷᠭᠠᠯᠠᠩ ᠲᠠᠨ ᠪᠣᠯᠲᠤᠭᠠᠢ!
ᠪᠠᠷ᠎ᠠ ᠶᠣ ᠶᠡᠬᠡᠲᠦ ᠪᠠᠶᠠᠨ ᠲᠠᠯ᠎ᠠ ᠨᠡᠷᠡᠲᠦ ᠭᠠᠵᠠᠷ ᠳᠡᠭᠡᠷ᠎ᠡ
ᠪᠠᠭᠯᠠᠷᠠᠭᠰᠠᠨ ᠭᠡᠷ ᠬᠣᠲᠠ ᠠᠰᠠᠷ ᠲᠠᠭᠲᠤ
ᠠᠯᠲᠠᠨ ᠭᠣᠯᠣᠮᠲᠠ ᠶᠠᠭᠤ ᠪᠠᠨ ᠪᠠᠢᠭᠤᠯᠤᠭᠠᠳ
ᠪᠢᠯᠢᠭ ᠪᠡᠯᠭᠡ ᠵᠤᠯᠠ ᠶᠤᠭᠠᠨ ᠡᠷᠭᠦᠵᠦ ᠪᠢᠳᠡᠷ ᠡᠷᠳᠡᠨᠢ ᠶ᠋ᠢᠨ ᠭᠡᠷᠡᠯ ᠶᠦ᠍ᠭᠡᠨ ᠰᠠᠴᠤᠷᠠᠭᠤᠯᠤᠨ
ᠠᠭᠤᠤ ᠲᠥᠷᠥ ᠶ᠋ᠢᠨ
ᠠᠯᠲᠠᠨ ᠵᠢᠯᠣᠭᠣ ᠶ᠋ᠢ ᠠᠳᠬᠤᠭᠰᠠᠨ
ᠠᠮᠪᠠᠨ ᠲᠦᠰᠢᠮᠡᠳ ᠠᠪᠠᠬᠠᠢ ᠬᠠᠲᠤᠨ ᠲᠠᠪᠤᠨᠠᠩ
ᠭᠡᠭᠡᠨ ᠬᠤᠲᠤᠭᠲᠠᠨ ᠭᠡᠪᠬᠦᠢ ᠤᠮᠰᠠᠳ ᠱᠠᠪᠷᠤᠩ
ᠠᠭᠠᠷ ᠲᠡᠭᠷᠢ ᠶ᠋ᠢᠨ ᠣᠳᠣ ᠮᠡᠲᠦ ᠲᠦᠭᠡᠭᠡᠭᠰᠡᠨ
ᠥᠷᠭᠡᠨ ᠲᠦᠮᠡᠨ ᠢᠶᠠᠨ ᠤᠷᠢᠨ ᠵᠠᠯᠠᠵᠤ
ᠠᠯᠲᠠᠨ ᠴᠥᠭᠥᠴᠡ( ᠲᠠᠬᠢᠯ) ᠳ᠋ᠤ᠌ ᠪᠠᠨ
ᠠᠯᠲᠠᠨ ᠭᠡᠷᠡᠯᠲᠦ ᠵᠤᠯᠠ ᠶᠤᠭᠠᠨ
ᠠᠪᠤ ᠴᠢᠩᠭᠢᠰ ᠪᠣᠭᠳᠠ ᠳ᠋ᠤ᠌ ᠪᠠᠨ ᠡᠷᠭᠦᠵᠦ
ᠮᠥᠩᠭᠥᠨ ᠴᠥᠭᠥᠴᠡ( ᠲᠠᠬᠢᠯ) ᠳ᠋ᠤ᠌ ᠪᠠᠨ
ᠮᠥᠩᠬᠡ ᠭᠡᠷᠡᠯᠲᠦ ᠵᠤᠯᠠ ᠶᠤᠭᠠᠨ
ᠮᠥᠩᠬᠡ ᠭᠣᠯᠣᠮᠲᠠ ᠶ᠋ᠢᠨ ᠡᠵᠡᠨ
ᠲᠤᠯᠤᠢ ᠡᠵᠡᠨ ᠳ᠋ᠦ᠍ ᠪᠡᠨ ᠡᠷᠭᠦᠵᠦ
ᠮᠥᠩᠬᠡ ᠲᠥᠷᠥ ᠶ᠋ᠢᠨ ᠴᠢᠭᠤᠯᠭᠠᠨ ᠳᠠᠶᠠᠭᠠᠷ ᠢ᠋ᠶ᠋ᠠᠨ
ᠡᠩᠬᠡ ᠠᠮᠤᠭᠤᠯᠠᠩ ᠴᠡᠩᠭᠡᠨ ᠵᠢᠷᠭᠠᠬᠤ ᠶ᠋ᠢᠨ ᠪᠡᠯᠭᠡ ᠲᠡᠢ ᠪᠣᠯᠲᠤᠭᠠᠢ!
ᠲᠡᠷᠡ ᠪᠡᠯᠭᠡ ᠪᠡᠷ ᠪᠣᠯᠲᠤᠭᠠᠢ!
 
ᠦᠰᠦᠭ ᠠᠮᠢᠯᠠᠭᠤᠯᠤᠭᠴᠢ᠄ ᠬᠡᠷᠡᠢᠳ ᠨᠠᠷᠠᠰᠤ
ᠦᠰᠦᠭ ᠬᠠᠳᠠᠭᠴᠢ᠄ ᠬᠡᠷᠡᠢᠳ ᠨᠠᠷᠠᠰᠤ
ᠬᠢᠨᠠᠭᠴᠢ᠄ ᠣᠳᠬᠠᠨᠰᠣ᠎ᠡ
ᠢᠷᠡᠯᠲᠡ᠄

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠢᠮᠧᠯ᠄ soninhuudas@gmail.com