2020 ᠣᠨ
2026-01-11
ᠣᠩᠱᠢᠭ᠍ᠰᠠᠨ ᠣᠳᠠᠭ᠎ᠠ᠄

          2020 ᠣᠨ

                                    ᠪ᠂ ᠲᠦᠮᠡᠨ᠋ᠥ᠌ᠯᠵᠡᠢ

 

2020 ᠣᠨ ᠠᠴᠠ ᠡᠮᠤᠨ᠎ᠡ᠂ ᠮᠠᠤ ᠠᠴᠠ ᠬᠡᠦ ᠬᠦᠷᠲᠡᠯ᠎ᠡ ᠮᠣᠩᠭᠣᠯᠴᠤᠳ ᠲᠤ ᠬᠠᠨᠳᠤᠵᠤ᠄ ᠲᠠ ᠨᠠᠷ ᠬᠡᠯᠡ ᠰᠣᠶᠣᠯ ᠢᠶᠠᠨ ᠬᠠᠮᠠᠭᠠᠯᠠᠬᠤ ᠬᠥᠭᠵᠢᠭᠦᠯᠬᠦ ᠡᠷᠬᠡ ᠲᠠᠢ ᠭᠡᠵᠤ ᠭᠣᠶᠣ ᠦᠭᠡ ᠬᠡᠯᠡᠭᠡᠳ ᠪᠣᠳᠣᠯᠭ᠎ᠠ ᠲᠣᠭᠲᠠᠭᠠᠭᠴᠢᠳ ᠲᠠᠭᠠᠨ ᠬᠠᠨᠳᠤᠵᠤ᠄ ᠶᠠᠭᠠᠬᠢᠪᠠᠯ ᠪᠢᠳᠡ ᠮᠣᠩᠭᠣᠯᠴᠤᠳ ᠢ ᠠᠯᠢ ᠲᠥᠷᠭᠡᠨ ᠪᠠᠰᠠ ᠨᠠᠮ ᠲᠠᠢᠪᠤᠩ ᠳᠤᠮᠳᠠ ᠤᠰᠠᠳᠬᠠᠵᠤ ᠴᠢᠳᠠᠬᠤ ᠪᠣᠢᠭᠡᠬᠦ ᠠᠰᠠᠭᠤᠯᠲᠠ᠂ ᠱᠠᠭᠠᠷᠳᠠᠯᠭ᠎ᠠ ᠶᠢ ᠲᠠᠯᠪᠢᠳᠠᠭ ᠪᠠᠢᠵᠠᠢ᠃ ᠪᠢᠳᠡ ᠨᠠᠮ ᠲᠠᠢᠪᠤᠩ ᠤᠨ ᠳᠤᠮᠳᠠ ᠠᠭᠤᠰᠬᠠᠭᠳᠠᠵᠤ ᠪᠠᠢᠭᠰᠠᠨ ᠨᠢ ᠡᠭᠦᠨ ᠢ ᠭᠡᠷᠡᠴᠢᠯᠡᠨ᠎ᠡ᠃ ᠬᠠᠷᠢᠨ 2020 ᠣᠨ ᠳᠤ ᠰᠢ ᠵᠢᠨ ᠫᠢᠩ ᠮᠣᠩᠭᠣᠯᠴᠤᠳ ᠲᠤ ᠬᠠᠨᠳᠤᠵᠤ᠄ ᠪᠢᠳᠡᠨ ᠦ ᠪᠣᠳᠣᠯᠭ᠎ᠠ ᠪᠣᠯ ᠲᠠ ᠨᠠᠷ ᠢ ᠤᠰᠠᠳᠬᠠᠬᠤ ᠶᠠᠪᠤᠳᠠᠯ ᠶᠤᠮᠭᠡᠵᠤ ᠦᠨᠡᠨ ᠢᠶᠡᠨ ᠬᠡᠯᠡᠵᠤ ᠥᠭᠴᠡᠢ᠃

ᠡᠨᠡ ᠪᠣᠯ 2020 ᠣᠨ᠃

2020 ᠣᠨ ᠳᠤ ᠥᠪᠥᠷ ᠮᠣᠩᠭᠣᠯᠴᠤᠳ ᠡᠬᠡ ᠬᠡᠯᠡ ᠥᠰᠦᠭ ᠪᠢᠴᠢᠭ ᠢᠶᠡᠨ ᠬᠠᠮᠠᠭᠠᠯᠠᠬᠤ ᠶᠢᠨ ᠲᠦᠯᠦᠭᠡ ᠵᠢᠭᠰᠠᠵᠤ᠂ ᠰᠠᠭᠠᠲᠠᠭᠤᠯᠤᠭᠳᠠᠵᠤ᠂ ᠶᠠᠯ᠎ᠠ ᠠᠪᠴᠤ᠂ ᠠᠮᠢ ᠪᠠᠨ ᠶᠡᠭᠦᠳᠬᠡᠵᠦ ᠪᠠᠢᠬᠤ ᠶᠢ ᠮᠣᠩᠭᠣᠯ ᠤᠯᠤᠰ ᠤᠨ ᠢᠷᠭᠡᠳ ᠬᠠᠷᠠᠭᠠᠳ ᠡᠳᠡ ᠴᠢᠨᠢ ᠬᠤᠵᠠ ᠪᠢᠰᠢ᠂ ᠡᠷᠯᠢᠰᠡ ᠬᠤᠷᠯᠢᠰᠠ ᠪᠢᠰᠢ᠂ ᠪᠢᠳᠡᠨ ᠲᠠᠢ ᠠᠳᠠᠯᠢᠬᠠᠨ ᠮᠣᠩᠭᠣᠯ ᠭᠡᠰᠡᠨ ᠰᠡᠳᠬᠢᠯ ᠲᠠᠢ ᠮᠣᠩᠭᠣᠯ ᠬᠦᠮᠤᠰ ᠶᠤᠮ ᠪᠠᠢᠨ᠎ᠠ ᠭᠡᠵᠤ ᠣᠢᠯᠠᠭᠠᠵᠠᠢ ᠂ ᠪᠢᠰᠢᠷᠡᠵᠡᠢ᠃

ᠡᠨᠡ ᠪᠠᠰᠠ 2020 ᠣᠨ᠃

ᠥᠪᠥᠷ ᠮᠣᠩᠭᠣᠯᠴᠤᠳ ᠬᠢᠲᠠᠳ ᠢᠶᠠᠷ ᠰᠠᠢᠨ ᠶᠠᠷᠢᠳᠠᠭ᠂ ᠬᠢᠲᠠᠳ ᠬᠣᠭᠣᠯᠠ ᠢᠳᠡᠳᠡᠭ᠂ ᠵᠢᠰᠦ ᠴᠢᠷᠠᠢ ᠨᠢ ᠴᠤ ᠪᠢᠳᠡᠨ ᠢ ᠪᠣᠳᠣᠪᠠᠯ ᠬᠢᠲᠠᠳ ᠲᠠᠢ ᠢᠯᠡᠭᠦᠤ ᠲᠥᠰᠲᠡᠢ᠃ ᠲᠡᠳᠡ ᠠᠯᠢ ᠬᠡᠵᠢᠶᠡᠨᠡᠢ ᠳᠤᠷᠠᠳᠠᠶ᠎ᠠ ᠠᠭᠤᠰᠴᠤ ᠳᠠᠭᠤᠰᠤᠭᠰᠠᠨ ᠭᠡᠵᠤ ᠥᠪᠥᠷ ᠮᠣᠩᠭᠣᠯᠴᠤᠳ ᠢ ᠦᠯᠦ ᠲᠣᠭᠣᠮᠰᠠᠷᠯᠠᠳᠠᠭ ᠣᠢᠭᠣᠷ ᠲᠥᠪᠡᠳ ᠦᠳ  ᠥᠪᠥᠷ ᠮᠣᠩᠭᠣᠯᠴᠤᠳ ᠤᠨ ᠡᠰᠡᠷᠭᠦᠴᠡᠯ ᠦᠨ ᠴᠤᠭᠯᠠᠭᠠᠨ᠂ ᠬᠠᠰᠬᠢᠷᠬᠤ ᠳᠠᠭᠤᠨ ᠬᠠᠯᠠᠭᠤᠨ ᠨᠢᠯᠪᠤᠰᠤ ᠢ ᠬᠠᠷᠠᠭᠠᠳ ᠬᠦᠢ᠂ ᠡᠳᠡᠨ ᠢ ᠴᠢᠨᠢ ᠳᠠᠭᠤᠰᠤᠭᠰᠠᠨ ᠭᠡᠵᠤ ᠪᠣᠳᠣᠵᠤ ᠪᠠᠢᠭᠰᠠᠨ ᠴᠢᠨᠢ ᠠᠷᠠᠢ ᠪᠣᠯᠣᠭ᠎ᠠ ᠦᠭᠡᠢ ᠶᠤᠮ ᠪᠠᠢᠨ᠎ᠠ᠂ ᠮᠠᠨ ᠲᠠᠢ ᠠᠳᠠᠯᠢᠬᠠᠨ ᠯᠡ ᠬᠢᠲᠠᠳ᠂ ᠬᠢᠲᠠᠳ ᠰᠣᠶᠣᠯ ᠢ ᠣᠭᠲᠣ ᠬᠦᠯᠢᠶᠡᠵᠤ ᠠᠪᠤᠭ᠎ᠠ ᠦᠭᠡᠢ ᠶᠤᠮ ᠪᠠᠢᠨ᠎ᠠ ᠭᠡᠵᠤ ᠭᠠᠢᠬᠠᠰᠢᠷᠠᠵᠠᠢ᠃

ᠡᠨᠡ ᠠᠬᠢᠭᠠᠳ 2020 ᠣᠨ᠃

ᠬᠢᠲᠠᠳ ᠢ ᠵᠢᠭᠰᠢᠳᠡᠭ᠂ ᠬᠢᠲᠠᠳ ᠥᠪᠥᠷ ᠮᠣᠩᠭᠣᠯ ᠳᠤ ᠪᠠᠢᠬᠤ ᠶᠣᠰᠣ ᠦᠭᠡᠢ ᠭᠡᠵᠤ ᠦᠵᠡᠳᠡᠭ ᠪᠠᠷᠢᠮᠲᠠᠯᠠᠳᠠᠭ ᠮᠣᠩᠭᠣᠯᠴᠤᠳ ᠢᠶᠠᠨ ᠰᠣᠯᠢᠶ᠎ᠠ ᠡᠯᠢᠶ᠎ᠡ ᠲᠠᠢ᠂ ᠶᠠᠷᠰᠢᠭ ᠲᠠᠲᠠᠭᠴᠢᠳ ᠭᠡᠵᠤ ᠠᠳᠠᠯᠠᠳᠠᠭ᠂ ᠦᠵᠡᠨ ᠶᠠᠳᠠᠳᠠᠭ ᠥᠪᠥᠷ ᠮᠣᠩᠭᠤᠯᠴᠤᠳ᠂ ᠮᠦᠨ ᠬᠢᠲᠠᠳ ᠪᠣᠯ ᠣᠯᠠᠨ ᠦᠨᠳᠦᠰᠦᠲᠡᠨ ᠲᠠᠢ ᠤᠯᠤᠰ᠂ ᠦᠨᠳᠦᠰᠦᠲᠡᠨ ᠪᠣᠯᠭᠠᠨ ᠡᠷᠬᠡ ᠲᠡᠭᠰᠢ᠂ ᠥᠪᠡᠷ ᠥᠪᠡᠷ ᠦᠨ ᠬᠡᠯᠡ ᠰᠣᠶᠣᠯ ᠢᠶᠠᠨ ᠬᠠᠳᠠᠭᠠᠯᠠᠬᠤ ᠬᠥᠭᠵᠢᠭᠦᠯᠬᠦ ᠲᠡᠭᠰᠢ ᠡᠷᠬᠡ ᠲᠠᠢ᠂ ᠥᠨᠳᠤᠰᠤᠲᠡᠨ ᠪᠣᠯᠭᠠᠨ ᠠᠳᠠᠯᠢᠬᠠᠨ ᠬᠥᠭᠵᠢᠵᠦ ᠪᠠᠢᠨ᠎ᠠ ᠭᠡᠵᠤ ᠦᠵᠡᠳᠡᠭ ᠢᠲᠡᠭᠡᠳᠡᠭ ᠥᠪᠥᠷ ᠮᠣᠩᠭᠣᠯᠴᠤᠳ ᠭᠡᠨᠡᠳᠲᠡ ᠨᠣᠢᠷ ᠠᠴᠠ ᠪᠠᠨ ᠰᠡᠷᠡᠬᠦ ᠰᠢᠭ ᠪᠣᠯᠵᠠᠢ᠂ ᠰᠣᠱᠶᠢ‍ᠯ ᠶᠢᠷᠲᠢᠨᠴᠤ ᠳᠤ 10/1 7/1 8/1  ᠢ ᠪᠠᠶᠠᠷ ᠪᠣᠯᠭᠠᠨ ᠲᠡᠮᠳᠡᠭᠯᠡᠬᠦ ᠨᠢ ᠪᠠᠭᠠᠰᠴᠠᠢ᠂ ᠪᠣᠯᠢᠵᠠᠢ᠃

ᠡᠨᠡ ᠵᠢᠩᠬᠢᠨᠢ 2020 ᠣᠨ᠃

                            2026.1.11 Smyrna, DE, USA

ᠢᠷᠡᠯᠲᠡ᠄

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠢᠮᠧᠯ᠄ soninhuudas@gmail.com