ᠮᠣᠩᠭᠣᠯ ᠰᠣᠶᠣᠯ ᠪᠠ ᠡᠷᠡᠭᠦᠯ ᠮᠡᠨᠳᠦ
ᠣᠲᠠᠴᠢ
ᠦᠨᠳᠦᠰᠦᠲᠡᠨ ᠠᠨᠠᠭᠠᠬᠤ ᠤᠬᠠᠭᠠᠨ ᠭᠡᠵᠦ ᠪᠠᠢᠳᠠᠭ ᠨᠢ ᠤᠴᠢᠷ ᠲᠠᠢ᠃ ᠮᠣᠩᠭᠣᠯ ᠬᠢᠮᠢ᠂ ᠹᠢᠽᠢᠺ ᠭᠡᠵᠦ ᠪᠠᠢᠳᠠᠭ ᠦᠭᠡᠢ ᠮᠣᠩᠭᠣᠯ ᠤᠯᠠᠮᠵᠢᠯᠠᠯᠲᠤ ᠠᠨᠠᠭᠠᠬᠤ ᠤᠬᠠᠭᠠᠨ ᠭᠡᠵᠦ ᠪᠠᠢᠳᠠᠭ᠃ ᠬᠦᠮᠦᠨ ᠡᠷᠡᠭᠦᠯ ᠮᠡᠨᠳᠦ ᠨᠢ ᠰᠡᠳᠬᠢᠯ ᠵᠦᠢ᠂ ᠰᠣᠶᠣᠯ ᠤᠯᠠᠮᠵᠢᠯᠠᠯ᠂ ᠵᠠᠩ ᠳᠠᠳᠬᠠᠯ ᠲᠠᠢ ᠰᠠᠯᠤᠰᠢ ᠦᠭᠡᠢ ᠬᠣᠯᠪᠣᠭ᠎ᠠ ᠲᠠᠢ᠃ ᠲᠡᠭᠡᠪᠡᠯ ᠮᠣᠩᠭᠣᠯ ᠰᠣᠶᠣᠯ ᠨᠢ ᠡᠷᠡᠭᠦᠯ ᠮᠡᠨᠳᠦ ᠶᠠᠮᠠᠷ ᠬᠣᠯᠪᠣᠭᠳᠠᠯ ᠲᠠᠢ ᠪᠣᠢ
1.ᠦᠭᠡ ᠬᠡᠯᠡ᠃ ᠬᠢᠲᠠᠳ ᠮᠣᠩᠭᠣᠯ ᠬᠦᠮᠦᠰ ᠠᠳᠠᠯᠢᠬᠠᠨ ᠠᠽᠢ ᠬᠢᠨ ᠬᠤᠪᠢ᠂ ᠴᠢᠷᠠᠢ ᠲᠥᠷᠬᠦ ᠶᠡᠬᠡ ᠢᠯᠭᠠᠭ᠎ᠠ ᠦᠭᠡᠢ᠃ ᠭᠡᠲᠡᠯ᠎ᠡ ᠬᠢᠲᠠᠳ ᠬᠦᠮᠦᠰ ᠳᠣᠲᠣᠷ᠎ᠠ ᠨᠢᠭᠤᠷ ᠴᠢᠷᠠᠢ ᠨᠢ ᠣᠯᠳᠠᠮᠠᠯ ᠲᠥᠷᠥᠯᠬᠢ ᠪᠤᠰᠤ ᠪᠠᠢᠳᠠᠯ ᠭᠠᠵᠢᠭ ᠣᠷᠣᠭᠰᠠᠨ᠂ ᠲᠤᠬᠠᠢᠯᠠᠪᠠᠯ ᠰᠢᠳᠦ ᠨᠢ ᠳᠣᠷᠰᠣᠢᠭᠰᠠᠨ᠂ ᠡᠷᠲᠡ ᠮᠠᠭᠤᠳᠠᠭᠰᠠᠨ᠂ ᠲᠦᠭᠦᠰᠢ ᠨᠢ ᠡᠪ ᠦᠭᠡᠢ ᠲᠦᠭᠳᠦᠢᠭᠰᠡᠨ᠂ ᠦᠵᠡᠮᠵᠢ ᠲᠠᠭᠠᠷᠠᠤ ᠵᠡᠷᠭᠡ ᠦᠵᠡᠭᠳᠡᠯ ᠠᠵᠢᠭᠯᠠᠭᠳᠠᠳᠠᠭ᠃ ᠡᠨᠡ ᠬᠡᠯᠡ ᠲᠡᠢ ᠨᠢ ᠨᠢᠭᠡ ᠬᠡᠮᠵᠢᠶ᠎ᠡ ᠬᠣᠯᠪᠣᠭ᠎ᠠ ᠲᠠᠢ᠃ ᠬᠢᠲᠠᠳ ᠬᠡᠯᠡᠨ ᠳᠥᠷᠪᠡᠨ ᠡᠷᠭᠦᠯᠲᠡ ᠭᠠᠷᠭᠠᠬᠤ ᠭᠡᠵᠦ ᠬᠦᠴᠦᠯᠡᠭᠰᠡᠨ ᠨᠢᠭᠤᠷ ᠪᠤᠯᠴᠢᠩ ᠨᠢ ᠥᠭᠡᠷ᠎ᠡ ᠬᠡᠯᠡᠲᠡᠨ ᠣᠨᠳᠣᠣ ᠳᠠᠢᠴᠢᠯᠠᠭᠳᠠᠳᠠᠭ ᠪᠣᠯᠵᠤ᠂ ᠴᠢᠷᠠᠢ ᠨᠢᠭᠤᠷ ᠲᠥᠷᠬᠦ ᠥᠭᠡᠷᠡᠴᠢᠯᠡᠳᠡᠭ᠃ ᠮᠣᠩᠭᠣᠯ ᠶᠠᠷᠢᠳᠠᠭ ᠬᠦᠮᠦᠰ ᠰᠢᠳᠦ ᠨᠢ ᠶᠡᠷᠦᠩᠬᠡᠢ ᠲᠡᠭᠰᠢ᠂ ᠴᠠᠭᠠᠨ᠂ ᠪᠥᠬᠡᠯᠢᠭ᠂ ᠨᠢᠭᠤᠷ ᠲᠥᠷᠬᠦ ᠨᠢ ᠠᠮᠤᠷᠯᠢᠩᠭᠤᠢ᠂ ᠠᠷᠠᠢ ᠴᠡᠪᠡᠷᠬᠡᠨ ᠬᠠᠷᠠᠭᠳᠠᠳᠠᠭ᠃ ᠮᠣᠩᠭᠣᠯ ᠬᠡᠯᠡᠨ ᠡᠷᠭᠦᠯᠲᠡ ᠴᠢᠯᠦᠭᠡᠲᠡᠢ᠂ ᠬᠥᠭᠵᠢᠮᠯᠢᠭ ᠶᠠᠷᠢᠬᠤ ᠨᠢ ᠣᠯᠠᠨ᠂ ᠬᠡᠯᠡᠨ ᠦᠵᠦᠭᠦᠷ ᠭᠠᠷᠬᠤ ᠠᠪᠢᠶ᠎ᠠ ᠣᠯᠠᠨ ᠲᠤᠯᠠ ᠰᠢᠳᠦ ᠨᠢ ᠬᠡᠯᠡᠨ ᠪᠠᠢᠩᠭᠤ ᠲᠣᠪᠰᠢᠭᠳᠠᠵᠤ᠂ ᠨᠢᠭᠡ ᠶᠣᠰᠣᠨ ᠳᠠᠰᠬᠠᠯ ᠳᠠᠪᠲᠠᠯᠳᠠ ᠪᠣᠯᠵᠤ ᠰᠢᠳᠦ ᠪᠡᠬᠢᠵᠢᠭᠦᠯᠳᠡᠭ᠃ ᠬᠡᠯᠡ ᠨᠢ ᠰᠢᠳᠦᠨ ᠡᠷᠡᠭᠦᠯ ᠮᠡᠨᠳᠦ᠂ ᠴᠢᠷᠠᠢ ᠨᠢᠭᠤᠷ ᠲᠥᠯᠥᠪᠰᠢᠯ ᠡᠢᠮᠦ ᠬᠣᠯᠪᠣᠭᠳᠠᠯ ᠲᠠᠢ᠃
2.ᠳᠠᠭᠤᠤ ᠬᠥᠭᠵᠢᠮ ᠪᠥᠵᠢᠭ᠃ ᠮᠣᠩᠭᠣᠯ ᠤᠷᠲᠤ ᠳᠠᠭᠤᠤ ᠨᠢ ᠠᠭᠤᠰᠬᠢᠨ ᠠᠵᠢᠯᠯᠠᠭ᠎ᠠ᠂ ᠪᠣᠭᠣᠨᠢ ᠳᠠᠭᠤᠤ ᠨᠢ ᠴᠢᠰᠤᠨ ᠡᠷᠭᠢᠯᠲᠡ ᠰᠠᠢᠨ ᠨᠥᠯᠥᠭᠡᠯᠡᠳᠡᠭ᠂ ᠶᠠᠳᠠᠷᠠᠭ᠎ᠠ ᠴᠢᠯᠡᠭᠡ ᠲᠠᠢᠯᠳᠠᠭ᠃ ᠮᠣᠩᠭᠣᠯ ᠰᠣᠶᠣᠯ ᠬᠢᠵᠠᠭᠠᠷᠯᠠᠵᠤ ᠪᠠᠢᠲᠠᠯ᠎ᠠ ᠭᠤᠳᠤᠮᠵᠢ ᠲᠠᠯᠠᠪᠠᠢ ᠪᠥᠵᠢᠭᠯᠡᠵᠦ ᠳᠠᠭᠤᠯᠠᠳᠠᠭ ᠬᠢᠲᠠᠳ ᠬᠥᠭᠰᠢᠴᠦᠦᠯ ᠮᠣᠩᠭᠣᠯ ᠠᠶ᠎ᠠ ᠳᠠᠭᠤᠤ ᠰᠠᠯᠬᠤ ᠳᠤᠷ᠎ᠠ ᠦᠭᠡᠢ ᠪᠠᠢᠭ᠎ᠠ᠃ ᠮᠣᠩᠭᠣᠯ ᠳᠠᠭᠤᠤ ᠬᠥᠭᠵᠢᠮ ᠬᠢᠲᠠᠳ ᠠᠯᠢ ᠡᠷᠲᠡᠨ ᠠᠴᠢ ᠲᠤᠰᠠ ᠥᠭᠭᠦᠭᠰᠡᠭᠡᠷ ᠢᠷᠡᠭᠰᠡᠨ᠃
3.ᠪᠡᠶ᠎ᠡ ᠲᠠᠮᠢᠷ᠂ ᠰᠫᠣᠷᠲ᠃ ᠡᠷ᠎ᠡ ᠭᠤᠷᠪᠠᠨ ᠨᠠᠭᠠᠳᠤᠮ ᠮᠣᠩᠭᠣᠯ ᠡᠷᠡᠭᠲᠡᠢᠴᠦᠳ ᠴᠢᠭᠢᠷᠠᠭᠵᠢᠵᠤ ᠪᠢᠯᠳᠠᠷᠵᠢᠳᠠᠭ ᠲᠡᠳᠦᠢ ᠦᠭᠡᠢ᠂ ᠡᠷᠡᠭᠲᠡᠢᠴᠦᠳ ᠡᠷᠡᠭᠦᠯ ᠴᠢᠭᠢᠷᠠᠭ ᠪᠠᠢᠳᠠᠯ ᠨᠢ ᠦᠨᠳᠦᠰᠦᠨ ᠡᠷᠡᠭᠦᠯ ᠮᠡᠨᠳᠦ᠂ ᠪᠡᠶ᠎ᠡ ᠪᠢᠯᠳᠠᠷ ᠰᠢᠭᠤᠳ ᠨᠥᠯᠥᠭᠡᠯᠡᠳᠡᠭ᠃ ᠠᠳᠤᠭᠤ ᠮᠠᠯ ᠲᠠᠢ ᠪᠡᠶᠡᠳᠡᠨ ᠬᠠᠷᠢᠯᠴᠠᠬᠤ ᠠᠵᠢᠯ ᠬᠥᠳᠡᠯᠮᠦᠷᠢ ᠨᠢ ᠬᠦᠮᠦᠨ ᠪᠡᠶ᠎ᠡ ᠬᠠᠲᠠᠭᠤᠵᠢᠭᠤᠯᠳᠠᠭ᠃ ᠮᠣᠩᠭᠣᠯ ᠬᠥᠪᠡᠭᠦᠳ ᠬᠠᠷ᠎ᠠ ᠪᠠᠭ᠎ᠠ ᠪᠠᠷᠢᠯᠳᠤᠨ᠎ᠠ᠃ ᠦᠶ᠎ᠡ ᠲᠡᠩ ᠬᠥᠪᠡᠭᠦᠳ ᠪᠠᠷᠢᠯᠳᠤᠵᠤ ᠲᠠᠨᠢᠯᠴᠠᠳᠠᠭ᠃ ᠰᠠᠢᠨ ᠡᠷ᠎ᠡ ᠭᠤᠷᠪᠠ ᠭᠡᠬᠦ ᠮᠡᠲᠦ ᠨᠢᠭᠡᠨ ᠪᠣᠯᠣᠮᠵᠢ ᠣᠯᠭᠣᠵᠤ᠂ ᠪᠢᠳᠡ ᠬᠣᠶᠠᠷ ᠭᠤᠷᠪᠠ ᠬᠠᠷᠢᠭᠤ ᠲᠠᠢ᠂ ᠬᠦᠴᠦ ᠪᠢᠷ᠎ᠠ ᠣᠢᠷᠠᠯᠴᠠᠭ᠎ᠠ᠂ ᠪᠠᠭ᠎ᠠ ᠬᠡᠮᠡᠨ ᠳᠤᠷᠠᠰᠴᠤ ᠨᠥᠬᠥᠷᠯᠡᠳᠡᠭ᠃ ᠮᠣᠩᠭᠣᠯᠴᠤᠳ ᠲᠠᠮᠢᠷᠴᠢᠨ ᠦᠨᠳᠦᠰᠦᠲᠡᠨ ᠣᠨᠴᠠᠯᠢᠭ ᠬᠠᠶᠠᠬᠤ ᠦᠭᠡᠢ ᠪᠠᠢᠬᠤ ᠨᠢ ᠡᠷᠡᠭᠦᠯ ᠮᠡᠨᠳᠦ ᠮᠠᠰᠢ ᠶᠡᠬᠡ ᠠᠰᠢᠭᠲᠠᠢ᠃
4.ᠬᠣᠭᠣᠯᠠ ᠤᠮᠳᠠ᠃ ᠣᠳᠣ ᠮᠣᠩᠭᠣᠯ ᠬᠣᠭᠣᠯᠠ ᠵᠠᠭᠤᠰᠢ ᠲᠥᠷᠥᠯ ᠵᠦᠢᠯ ᠴᠥᠭᠡᠨ᠂ ᠬᠢᠴᠡ ᠨᠢ ᠳᠥᠬᠥᠮ᠂ ᠪᠠᠰᠠ ᠨᠡᠯᠢᠶᠡᠳ ᠨᠢ ᠬᠢᠲᠠᠳ ᠨᠡᠷ᠎ᠡ ᠲᠡᠢ ᠪᠣᠯᠪᠠᠴᠤ᠂ ᠮᠣᠩᠭᠣᠯ ᠬᠣᠭᠣᠯᠠᠨ ᠥᠯ ᠰᠢᠮ᠎ᠡ᠂ ᠲᠡᠵᠢᠭᠡᠯ ᠨᠦᠮᠵᠦᠭ ᠨᠢ ᠮᠣᠩᠭᠣᠯᠴᠤᠳ ᠪᠡᠶ᠎ᠡ ᠬᠠ ᠪᠠᠢᠳᠠᠯ ᠲᠣᠳᠣ ᠬᠠᠷᠠᠭᠳᠠᠨ᠎ᠠ᠃ ᠬᠡᠷᠪᠡ ᠮᠢᠬ᠎ᠠ᠂ ᠰᠦᠨ ᠵᠦᠢᠯ ᠨᠣᠭᠣᠭ᠎ᠠ᠂ ᠵᠢᠮᠢᠰ᠂ ᠤᠰᠤᠨ᠂ ᠪᠤᠷᠴᠠᠭ ᠭᠠᠷᠤᠯ ᠲᠠᠢ ᠭᠡᠬᠦ ᠮᠡᠲᠦ ᠬᠦᠨᠡᠰᠦᠨ ᠮᠠᠲ᠋ᠧᠷᠢᠶᠠᠯ ᠲᠠᠢ ᠤᠶᠠᠯᠳᠤᠭᠤᠯᠤᠨ ᠠᠰᠢᠭᠯᠠᠪᠠᠯ᠂ ᠤᠯᠠᠮ ᠯᠠ ᠲᠡᠭᠦᠰ ᠰᠠᠢᠨ ᠪᠣᠯᠣᠨ᠎ᠠ᠃ ᠮᠣᠩᠭᠣᠯᠴᠤᠳ ᠪᠦᠷ ᠶᠤᠸᠠᠨ ᠭᠦᠷᠦᠨ ᠦᠶ᠎ᠡ ᠶᠢᠨ ᠱᠠᠨ ᠵᠸ᠋ᠩ ᠶᠣᠤ ᠬᠡᠮᠡᠬᠦ ᠬᠣᠭᠣᠯᠠ ᠤᠮᠳᠠ᠂ ᠬᠦᠨᠡᠰᠦ ᠪᠠ ᠡᠮ ᠮᠠᠲ᠋ᠧᠷᠢᠶᠠᠯ ᠠᠴᠢ ᠲᠤᠰᠠ᠂ ᠣᠨᠴᠠᠯᠢᠭ᠂ ᠲᠠᠮᠢᠷᠵᠢᠭᠤᠯᠬᠤ᠂ ᠰᠤᠪᠢᠯᠠᠬᠤ ᠠᠰᠢᠭᠯᠠᠬᠤ ᠲᠤᠬᠠᠢ ᠳᠡᠯᠡᠬᠡᠢ ᠬᠣᠪᠣᠷ ᠰᠤᠳᠤᠷ ᠪᠢᠴᠢᠭᠰᠡᠨ ᠪᠠᠢᠳᠠᠭ᠃ ᠬᠢᠲᠠᠳ ᠪᠢᠴᠢᠭᠳᠡᠵᠦ ᠦᠯᠡᠳᠡᠭᠰᠡᠨ ᠪᠣᠯᠪᠠᠴᠤ᠂ ᠬᠢᠲᠠᠳ ᠡᠷᠳᠡᠮᠲᠡᠳ ᠰᠠᠢᠲᠤᠷ ᠰᠤᠳᠤᠯᠵᠤ ᠲᠠᠢᠯᠪᠤᠷᠢᠯᠠᠵᠤ ᠴᠢᠳᠠᠭ᠎ᠠ ᠦᠭᠡᠢ ᠪᠠᠢᠨ᠎ᠠ᠃ ᠮᠣᠩᠭᠣᠯᠴᠤᠳ ᠠᠩᠬᠠᠷᠤᠯ ᠠᠪᠤᠭᠤᠰᠢᠲᠠᠢ᠃ ᠬᠡᠲᠦ ᠰᠢᠯᠵᠠᠯᠤᠭᠠ ᠦᠭᠡᠢ ᠮᠢᠬ᠎ᠠ᠂ ᠪᠣᠷᠴᠠ᠂ ᠬᠤᠷᠤᠳ ᠠᠭᠠᠷᠤᠤᠯ᠂ ᠬᠠᠭᠤᠷᠤᠭᠰᠠᠨ ᠠᠮᠤ ᠵᠡᠷᠭᠡ ᠵᠠᠵᠢᠯᠤᠭᠤᠷᠢ ᠲᠠᠢ ᠵᠦᠢᠯ ᠢᠯᠡᠭᠦᠦ ᠢᠳᠡᠳᠡᠭ ᠲᠤᠯᠠ ᠰᠢᠳᠦ ᠨᠢ ᠰᠠᠢᠨ ᠪᠥᠬᠡᠰᠢᠳᠡᠭ᠃ ᠬᠡᠲᠦᠷᠬᠡᠢ ᠵᠥᠭᠡᠯᠡᠨ᠂ ᠶᠡᠬᠡ ᠵᠠᠵᠢᠯᠬᠤ ᠱᠠᠭᠠᠷᠳᠠᠯᠭ᠎ᠠ ᠦᠭᠡᠢ ᠬᠣᠭᠣᠯᠠ ᠵᠠᠭᠤᠰᠢ ᠢᠳᠡᠬᠦ ᠨᠢ ᠰᠢᠳᠦᠨ ᠬᠥᠭᠵᠢᠯ ᠮᠠᠭᠤ᠃
5.ᠠᠭᠤᠵᠢᠭᠤ ᠲᠠᠢᠪᠤᠭᠤ ᠵᠠᠩ᠃ ᠮᠣᠩᠭᠣᠯᠴᠤᠳ ᠳᠡᠯᠡᠬᠡᠢ ᠬᠠᠷᠠᠵᠤ᠂ ᠶᠡᠬᠡ ᠲᠥᠷᠥ ᠰᠡᠳᠬᠢᠳᠡᠭ᠂ ᠨᠡᠢᠭᠡᠮ ᠠᠰᠠᠭᠤᠳᠠᠯ ᠰᠠᠨᠠᠭ᠎ᠠ ᠲᠠᠯᠪᠢᠳᠠᠭ᠂ ᠰᠢᠳᠤᠷᠭᠤ ᠶᠣᠰᠣ ᠡᠷᠬᠢᠮᠯᠡᠳᠡᠭ᠂ ᠤᠯᠤᠰ ᠲᠥᠷᠥᠴᠢ ᠲᠠᠯ᠎ᠠ ᠲᠠᠢ ᠦᠨᠳᠦᠰᠦᠲᠡᠨ᠃ ᠲᠡᠢᠮᠦ ᠰᠡᠳᠦᠪ ᠠᠮᠠᠨ ᠵᠤᠭ᠎ᠠ ᠭᠠᠷᠭᠠᠵᠤ᠂ ᠬᠣᠪ ᠵᠢᠪ ᠪᠠᠵᠠᠵᠤ ᠂ ᠲᠤᠯᠭ᠎ᠠ ᠲᠣᠭᠣᠷᠢᠭᠰᠠᠨ ᠵᠦᠢᠯ ᠬᠡᠷᠡᠭᠦᠯ ᠬᠢᠵᠦ᠂ ᠡᠰ ᠡᠨᠧᠷᠭᠢ ᠪᠠᠷᠠᠵᠤ᠂ ᠪᠡᠶ᠎ᠡ ᠵᠣᠪᠠᠭᠠᠬᠤ ᠰᠣᠨᠢᠷᠬᠠᠯ ᠪᠠᠭᠠᠲᠠᠢ᠃ ᠡᠷ᠎ᠡ ᠬᠦᠮᠦᠨ ᠴᠡᠭᠡᠵᠢᠨ ᠡᠮᠡᠭᠡᠯ ᠬᠠᠵᠠᠭᠠᠷᠲᠤ ᠮᠣᠷᠢ ᠭᠡᠳᠡᠭ ᠨᠢ ᠲᠡᠢᠮᠦ ᠤᠴᠢᠷ ᠲᠠᠢ᠃
6.ᠪᠠᠢᠭᠠᠯᠢ ᠳᠡᠯᠡᠬᠡᠢ᠂ ᠨᠤᠲᠤᠭ ᠤᠰᠤᠨ ᠬᠠᠢᠷᠠᠲᠠᠢ᠃ ᠬᠡᠭᠡᠷ᠎ᠡ ᠲᠠᠯ᠎ᠠ ᠴᠡᠭᠡᠵᠢ ᠣᠩᠭᠣᠢᠲᠠᠯ᠎ᠠ ᠠᠮᠢᠰᠬᠤᠯᠯᠠᠬᠤ᠂ ᠲᠡᠷᠲᠡᠭᠡ ᠬᠣᠯᠠ ᠪᠠᠷᠠᠯᠠᠵᠤ ᠨᠢᠳᠦᠨ ᠴᠢᠯᠡᠭᠡ ᠭᠠᠷᠭᠠᠬᠤ᠂ ᠡᠪᠡᠰᠦ ᠨᠣᠭᠣᠭ᠎ᠠ ᠲᠠᠢ ᠣᠷᠴᠢᠨ᠂ ᠴᠡᠪᠡᠷ ᠠᠭᠠᠷ ᠤᠰᠤᠨ ᠲᠠᠭᠠᠰᠢᠶᠠᠯ ᠠᠪᠬᠤ ᠨᠢ ᠰᠠᠢᠨ ᠠᠮᠠᠷᠠᠯᠲᠠ᠂ ᠰᠤᠪᠢᠯᠠᠯᠭ᠎ᠠ ᠪᠣᠯᠳᠠᠭ᠃
7.ᠵᠠᠩ ᠳᠠᠳᠬᠠᠯ᠂ ᠠᠷᠠᠨᠰᠢᠨ᠃ ᠮᠣᠩᠭᠣᠯᠴᠤᠳ ᠬᠦᠮᠦᠨ ᠴᠠᠢᠯᠭᠠᠨ ᠰᠡᠳᠭᠢᠯ ᠬᠠᠨᠳᠤᠳᠠᠭ᠂ ᠲᠤᠰᠠᠴᠢ ᠥᠭᠭᠢᠶᠡᠮᠦᠷᠴᠢ᠂ ᠶᠡᠷᠦᠩᠬᠡᠢ ᠪᠤᠷᠬᠠᠨ ᠦᠭᠡᠢ ᠦᠵᠡᠯ ᠲᠡᠢ ᠪᠢᠰᠢ᠂ ᠪᠤᠶᠠᠨ ᠨᠢᠭᠦᠯ᠂ ᠡᠨᠡᠷᠢᠯ ᠠᠭᠤᠴᠢᠯᠠᠯ᠂ ᠪᠠᠢᠭᠠᠯᠢ ᠲᠡᠭᠷᠢ ᠰᠦᠷᠳᠡᠨ ᠡᠮᠢᠶᠡᠬᠦ ᠤᠬᠠᠮᠰᠠᠷ ᠨᠡᠢᠳᠡᠮ ᠪᠠᠢᠳᠠᠭ᠃ ᠡᠨᠡ ᠨᠢ ᠬᠦᠮᠦᠨ ᠰᠡᠳᠬᠢᠯ ᠰᠠᠨᠠᠭ᠎ᠠ ᠲᠠᠢᠪᠤᠩ᠂ ᠣᠷᠴᠢᠨ ᠲᠣᠭᠣᠷᠢᠨ ᠡᠶᠡᠷᠭᠦ ᠪᠠᠢᠯᠭᠠᠬᠤ ᠨᠥᠬᠥᠴᠡᠯ ᠪᠣᠯᠵᠤ ᠥᠭᠳᠡᠭ᠃
8.ᠬᠣᠯᠠ ᠮᠥᠭᠡᠷᠡᠯᠳᠦᠵᠦ᠂ ᠣᠢᠷ᠎ᠠ ᠮᠥᠷᠭᠥᠯᠳᠦᠳᠡᠭ ᠭᠡᠳᠡᠭ ᠂ ᠠᠯᠤᠰ ᠪᠦᠬᠦᠢ ᠤᠳᠤᠮ ᠭᠠᠷᠤᠯ ᠣᠯᠵᠤ ᠠᠪᠬᠤ ᠳᠤᠷᠠᠲᠠᠢ᠂ ᠲᠠᠨᠢᠯᠴᠠᠵᠤ ᠤᠴᠠᠷᠠᠯᠳᠤᠬᠤ ᠲᠣᠬᠢᠶᠠᠯᠳᠤᠯ᠂ ᠪᠠᠶᠠᠷ ᠬᠥᠷ ᠪᠣᠯᠵᠤ ᠬᠥᠭᠵᠢᠯᠳᠦᠳᠡᠭ᠃ ᠮᠣᠩᠭᠣᠯᠴᠤᠳ ᠨᠠᠢᠷ ᠨᠢ ᠵᠥᠪ ᠵᠣᠬᠢᠴᠠᠭᠤᠯᠵᠤ ᠴᠢᠳᠠᠳᠠᠭ ᠯᠠ ᠪᠣᠯ᠂ ᠪᠠᠶᠠᠰᠤᠩᠭᠤᠢ ᠥᠭᠡᠳᠡᠷᠬᠡᠭ ᠠᠭᠤᠷ ᠠᠮᠢᠰᠬᠤᠯ ᠪᠤᠢ ᠡᠷᠡᠭᠦᠯ ᠮᠡᠨᠳᠦ ᠠᠮᠢᠳᠤᠷᠠᠯ᠂ ᠨᠠᠢᠷᠰᠠᠭ ᠬᠠᠷᠢᠯᠴᠠᠭ᠎ᠠ᠂ ᠰᠣᠶᠣᠯ ᠠᠪᠴᠤ ᠶᠠᠪᠤᠬᠤ ᠳᠤᠲᠠᠵᠤ ᠪᠣᠯᠣᠰᠢ ᠦᠭᠡᠢ ᠶᠤᠮ᠃
ᠡᠢᠮᠦ ᠷᠠᠰᠢᠶᠠᠨ ᠳᠤᠰᠤᠯ᠂ ᠰᠢᠳᠢᠲᠦ ᠷᠢᠯᠦ ᠮᠡᠲᠦ ᠰᠣᠶᠣᠯ ᠲᠠᠢ ᠪᠠᠢᠭᠠᠳ᠂ ᠶᠠᠭᠠᠬᠢᠭᠠᠳ ᠵᠠᠭᠤ ᠵᠠᠭᠤᠨ ᠨᠠᠰᠤᠯᠠᠳᠠᠭ ᠦᠭᠡᠢ ᠶᠤᠮ ᠪᠤᠢ ᠭᠡᠵᠦ ᠱᠠᠭᠯᠠᠬᠤ ᠨᠢ ᠪᠤᠢ᠃ ᠤᠷᠲᠤ ᠨᠠᠰᠤᠯᠠᠵᠤ᠂ ᠤᠳᠠᠭᠠᠨ ᠠᠮᠢᠳᠤᠷᠠᠬᠤ ᠴᠢᠬᠤᠯᠠ ᠬᠣᠯᠪᠣᠭᠳᠠᠯ ᠲᠠᠢ ᠰᠣᠶᠣᠯ ᠣᠷᠬᠢᠭᠠᠳ ᠶᠠᠪᠤᠵᠤ ᠪᠠᠢᠭ᠎ᠠ ᠨᠢ ᠭᠣᠣᠯ ᠤᠷᠰᠢᠭ᠃ ᠳᠡᠭᠡᠷ᠎ᠡ ᠨᠢ ᠠᠷᠢᠬᠢᠨ ᠵᠣᠬᠢᠰ ᠦᠭᠡᠢ ᠬᠡᠷᠡᠭᠯᠡᠭᠡ ᠪᠣᠯᠵᠤ ᠪᠡᠶ᠎ᠡ ᠮᠠᠬᠠᠪᠤᠳ ᠰᠦᠢᠷᠡᠭᠦᠯᠵᠦ᠂ ᠨᠠᠰᠤ ᠬᠤᠲᠤᠭ ᠬᠣᠷᠣᠭᠠᠵᠤ ᠪᠠᠢᠳᠠᠭ ᠥᠭᠡᠷᠡᠴᠢᠯᠡᠶ᠎ᠡ᠃
ᠮᠣᠩᠭᠣᠯ ᠰᠣᠶᠣᠯ ᠠᠳᠠᠯᠠᠵᠤ᠂ ᠬᠣᠷᠢᠭᠯᠠᠵᠤ ᠪᠣᠭᠣᠵᠤ ᠪᠠᠢᠭ᠎ᠠ ᠨᠢ ᠬᠦᠮᠦᠨ ᠲᠥᠷᠥᠯᠬᠢᠲᠡᠨ ᠡᠷᠡᠭᠦᠯ ᠮᠠᠨᠳᠤ ᠬᠣᠣᠷ ᠬᠥᠨᠥᠭᠡᠯ ᠲᠡᠢ ᠶᠠᠪᠤᠳᠠᠯ ᠰᠢᠦ ᠳ᠋ᠡ᠃ ᠨᠥᠭᠥᠭᠡ ᠲᠠᠯ᠎ᠠ᠂ ᠥᠪᠥᠷ ᠮᠣᠩᠭᠣᠯ᠂ ᠣᠯᠠᠨ ᠨᠡᠢᠲᠡ ᠣᠷᠴᠢᠨ ᠮᠣᠩᠭᠣᠯ ᠬᠡᠯᠡ ᠶᠠᠷᠢᠯᠴᠠᠬᠤ ᠨᠢ ᠴᠢᠯᠦᠭᠡᠲᠡᠢ ᠪᠢᠰᠢ ᠪᠣᠯᠣᠭᠰᠠᠨ᠂ ᠮᠣᠩᠭᠣᠯᠴᠤᠳ ᠪᠦᠷ ᠢᠯᠡᠭᠦᠦ ᠤᠬᠠᠭᠠᠯᠢᠭ᠂ ᠠᠪᠰᠠᠷ ᠣᠢᠯᠠᠭᠠᠮᠵᠢᠲᠠᠢ᠂ ᠰᠡᠷᠡᠮᠵᠢᠲᠡᠢ ᠬᠡᠯᠡ ᠬᠡᠷᠡᠭᠯᠡᠬᠦ ᠨᠢ ᠶᠠᠷᠰᠢᠭ ᠵᠣᠪᠠᠭᠤᠷᠢ ᠲᠠᠢ ᠂ ᠲᠠᠷᠢᠬᠢᠨ ᠠᠵᠢᠯᠯᠠᠭ᠎ᠠ ᠢᠳᠡᠪᠬᠢᠵᠢᠭᠦᠯᠵᠦ᠂ ᠤᠯᠠᠮ ᠰᠡᠷᠭᠦᠯᠡᠩ ᠠᠪᠬᠠᠯᠵᠢ ᠲᠠᠢ ᠪᠣᠯᠭᠠᠨ᠎ᠠ ᠭᠡᠳ ᠪᠣᠳᠣᠬᠤ ᠪᠠᠰᠠ ᠯᠠ ᠡᠷᠡᠭᠦᠯ ᠮᠡᠨᠳᠦ ᠲᠤᠰᠠᠲᠠᠢ᠃
ᠮᠣᠩᠭᠣᠯ ᠰᠣᠶᠣᠯ ᠪᠠ ᠡᠷᠡᠭᠦᠯ ᠮᠡᠨᠳᠦ ᠭᠡᠳᠡᠭ ᠨᠢ ᠠᠨᠠᠭᠠᠬᠤ ᠤᠬᠠᠭᠠᠨ ᠲᠣᠮᠣ ᠰᠡᠳᠦᠪ᠃ ᠭᠦᠨᠵᠡᠭᠡᠢᠷᠡᠭᠦᠯᠦᠨ ᠰᠤᠳᠤᠯᠵᠤ ᠴᠢᠳᠠᠬᠤ ᠶᠤᠮ ᠪᠣᠯ ᠱᠠᠩᠨᠠᠯ ᠬᠦᠷᠴᠦ ᠮᠡᠳᠡᠨ᠎ᠡ᠃
2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0000-0000000
ᠢᠮᠧᠯ᠄ soninhuudas@gmail.com